ᠨᠡᠪᠲᠡᠷᠡᠨ ᠤᠷᠤᠬᠤ
ᠰᠤᠶᠤᠯ ᠤᠨ ᠭᠦᠷᠢᠶ᠎ᠡ ᠴᠠᠷ᠎ᠠ ᠪᠠ ᠳᠡᠭᠦᠨ ᠤ ᠳᠤᠬᠠᠢ

ᠰᠤᠶᠤᠯ ᠭᠡᠭ᠍ᠴᠢ ᠭᠦᠮᠤᠨ ᠳᠦᠷᠤᠯᠭᠢᠳᠠᠨ ᠤ ᠳᠡᠦᠭᠡᠨ ᠳᠤ ᠡᠭᠢᠯᠡᠭ᠍ᠰᠡᠨ ᠡᠴᠡ ᠨᠠᠰᠢ ᠭᠦᠮᠤᠨ ᠠᠮᠢᠳᠠᠨ ᠬᠤᠶᠠᠷ ᠢ ᠬᠠᠷᠢᠴᠠᠩᠭ᠋ᠤᠢ ᠪᠠᠷ ᠢᠯᠭᠠᠨ ᠰᠠᠯᠭᠠᠵᠤ ᠣᠶᠤᠨ ᠣᠬᠠᠭᠠᠨ ᠪᠠ ᠭᠦᠳᠡᠯᠮᠦᠷᠢ ᠪᠠᠷ ᠪᠣᠷᠢᠨ ᠪᠦᠳᠤᠨ ᠨᠡᠢ᠌ᠭᠡᠮ ᠤᠨ ᠪᠠᠢ᠌ᠭᠤᠯᠤᠯ ᠢ ᠪᠣᠢ ᠪᠣᠯᠭᠠᠭᠰᠠᠨ ᠶᠤᠮ᠃ ᠳᠠᠢ᠌ᠮᠤ ᠡᠴᠡ ᠰᠤᠶᠤᠯ ᠤᠨ ᠳᠤᠬᠠᠢ ᠣᠯᠠᠨ ᠠᠷᠪᠢᠨ ᠰᠤᠳᠤᠯᠭᠠᠨ ᠭᠢᠭ᠍ᠰᠡᠨ ᠪᠣᠯᠪᠠᠴᠤ ᠲᠤᠢ᠌ᠯᠪᠣᠷᠢᠳᠠᠢ ᠶᠠᠷᠢᠭᠰᠠᠨ ᠣᠨᠤᠯ ᠨᠤᠳᠠᠯᠠᠯ ᠪᠠᠰᠠ ᠪᠦᠷᠢᠨ ᠪᠣᠰᠤ ᠪᠠᠢ᠌ᠭ᠎ᠠ ᠶᠤᠮ᠃ ᠡᠢ᠌ᠮᠤ ᠡᠴᠡ ᠳᠤᠤᠷ᠎ᠠ ᠪᠢ ᠰᠤᠶᠤᠯ ᠤᠨ ᠳᠤᠬᠠᠢ ᠪᠠ ᠳᠡᠭᠦᠨ ᠤ ᠭᠦᠷᠢᠶ᠎ᠡ ᠴᠠᠷ᠎ᠠ ᠶᠢ ᠦᠪᠡᠷ ᠤᠨ ᠮᠦᠴᠢᠳ ᠪᠣᠳᠤᠯᠭᠢᠯᠠᠯ ᠶᠢᠡᠷ ᠶᠢᠡᠨ ᠳᠡᠯᠭᠡᠨ ᠶᠠᠷᠢᠶ᠎ᠠ᠃

ᠨᠢᠭᠡ᠂ ᠰᠤᠶᠤᠯ ᠭᠡᠳᠡᠭ᠌ ᠣᠬᠠᠭᠳᠠᠭᠤᠨ ᠤ ᠳᠤᠬᠠᠢ

ᠣᠯᠠᠨ ᠨᠠᠢ᠌ᠳᠠ ᠶᠢᠨ ᠮᠡᠳᠡᠭᠡᠵᠢ ᠪᠠᠷ ᠰᠤᠶᠤᠯ ᠭᠡᠳᠡᠭ᠌ ᠪᠣᠯ ᠪᠣᠳᠠᠰ ᠤᠨ ᠪᠠ ᠣᠶᠤᠨ ᠤ ᠡᠭᠢ ᠪᠠᠶᠠᠯᠢᠭ ᠤᠨ ᠶᠠᠷᠤᠩᠭᠡᠢ᠌ᠯᠠᠯ ᠮᠦᠨ᠃ ᠡᠨᠡᠭᠦ ᠣᠬᠠᠭᠳᠠᠬᠤᠨ ᠤ ᠳᠠᠯ᠎ᠠ ᠪᠠᠷ ᠰᠤᠶᠤᠯ ᠢ ᠳᠤᠤᠷ᠎ᠠ ᠦᠶᠡᠴᠢᠯᠠᠶ᠎ᠠ᠃ ᠡᠭᠦᠨ ᠳᠤ ᠶᠠᠭᠤᠨ ᠤ ᠡᠮᠦᠨ᠎ᠡ ᠪᠣᠳᠠᠰ ᠤᠨ ᠪᠣᠯᠪᠠᠰᠤᠨ ᠣᠷᠢᠳᠠᠪᠠᠷ ᠪᠣᠢ ᠪᠣᠯᠤᠭᠰᠠᠨ ᠶᠤᠮ ᠦᠦ︖ ᠣᠶᠤᠨ ᠤ ᠪᠣᠯᠪᠠᠰᠤᠨ ᠣᠷᠢᠳᠠᠪᠠᠷ ᠪᠣᠢ ᠪᠣᠯᠤᠭᠰᠠᠨ ᠶᠤᠮ ᠦᠦ︖ ᠭᠡᠳᠡᠭ᠌ ᠠᠰᠠᠭᠤᠯᠳᠠ ᠭᠠᠷᠴᠤ ᠢᠷᠠᠨ᠎ᠠ᠃ ᠡᠨᠡ ᠳᠤᠬᠠᠢ ᠨᠢᠭᠡ ᠵᠢᠱᠢᠶ᠎ᠠ ᠦᠵᠡᠶ᠎ᠠ᠃ ᠪᠠᠯᠠᠷ ᠡᠷᠳᠡᠨ ᠤ ᠭᠦᠮᠦᠰ ᠶᠠᠭᠤᠨ ᠳᠤ ᠰᠦᠷᠦᠭᠯᠡᠨ ᠠᠮᠢᠳᠤᠷᠠᠭᠠᠤᠨ᠂ ᠶᠠᠭᠤᠨ ᠳᠤ ᠠᠭᠤᠯᠠᠨ ᠠᠭᠤᠢ ᠪᠣᠶᠤ ᠬᠠᠯᠬ᠎ᠠ ᠲᠡᠶ ᠭᠠᠵᠠᠷ ᠲᠤ ᠠᠮᠢᠳᠤᠷᠠᠵᠤ ᠪᠠᠢ᠌ᠭᠰᠠᠨ ᠪᠣᠢ︖ ᠭᠡᠳᠡᠭ᠌ ᠢ ᠪᠣᠳᠤᠯᠭᠢᠯᠠᠬᠤ ᠴᠢᠬᠤᠯᠳᠠᠢ᠃ ᠳᠤᠬᠠᠢ ᠶᠢᠨ ᠴᠠᠭ ᠦᠶ᠎ᠡ ᠶᠢᠨ ᠱᠠᠭᠠᠷᠳᠠᠯᠭ᠎ᠠ ᠪᠠ ᠪᠠᠢ᠌ᠭᠠᠯᠢ ᠶᠢ ᠭᠦᠮᠦᠰ ᠡᠷᠭᠡᠰᠢᠶᠡᠵᠤ ᠳᠡᠢ᠌ᠯᠭᠦ ᠦᠭᠡᠶ ᠪᠠᠢ᠌ᠭᠰᠠᠨ᠂ ᠨᠥᠭᠦᠴᠡᠯ ᠪᠤᠯᠤᠯᠴᠠᠭ᠎ᠠ ᠡᠴᠡ ᠪᠣᠯᠵᠤ ᠭᠦᠮᠦᠰ ᠰᠦᠷᠦᠭᠯᠡᠨ ᠠᠭᠤᠯᠠᠨ ᠠᠭᠤᠢ ᠳᠤ ᠠᠮᠢᠳᠤᠷᠠᠵᠤ ᠪᠠᠢ᠌ᠭ᠎ᠠ ᠨᠢ ᠢᠯᠡᠭᠡᠨ᠃ ᠭᠡᠳᠡᠯ᠎ᠡ ᠵᠠᠷᠢᠮ ᠡᠷᠳᠡᠮᠳᠡᠨ ᠡᠭᠦᠨ ᠢ 《ᠠᠶᠠᠠᠳᠠᠭᠠᠨ ᠪᠣᠢ ᠪᠣᠯᠤᠭᠰᠠᠨ》 ᠭᠡᠳᠡᠭ᠌᠂ 《ᠠᠶᠠᠠᠳᠠᠭᠠᠨ ᠪᠣᠢ ᠪᠣᠯᠤᠭᠰᠠᠨ》 ᠭᠡᠳᠡᠭ᠌ ᠢ ᠵᠠᠳᠠᠯᠪᠠᠯ ᠪᠠᠯᠠᠷ ᠡᠷᠳᠡᠨ ᠤ ᠭᠦᠮᠦᠰ ᠰᠠᠷᠮᠠᠭᠴᠢᠨ ᠡᠴᠡ ᠪᠣᠢ ᠪᠣᠯᠬᠤ ᠳᠡᠭᠡᠨ ᠳᠠᠳᠠᠨᠤᠰ ᠣᠤᠯ ᠳᠠᠭᠠᠨ ᠰᠦᠷᠦᠭᠯᠡᠨ ᠡᠡᠮᠢᠳᠦᠷᠡᠳᠡᠭ᠌ ᠨᠢ ᠦᠨᠡᠨ᠃ ᠭᠡᠪᠠᠴᠤ ᠠᠭᠤᠢ ᠳᠤ ᠡᠡᠮᠢᠳᠦᠷᠡᠳᠡᠭ᠌ ᠨᠢ ᠴᠥᠭᠡᠨ ᠶᠤᠮ᠂ ᠶᠠᠷᠤ ᠳᠡᠭᠡᠨ ᠠᠭᠤᠯᠠᠨ ᠤ ᠬᠤᠷᠮᠤᠢ ᠪᠣᠶᠤ ᠮᠤᠳᠤᠨ ᠤ ᠰᠠᠯᠠᠭ᠎ᠠ ᠮᠠᠳᠤ ᠶᠢᠨ ᠭᠠᠵᠠᠷ ᠲᠤ ᠡᠡᠮᠢᠳᠦᠷᠡᠳᠡᠭ᠌ ᠨᠢ ᠣᠳᠤ ᠴᠤ ᠢᠯᠡᠭᠡᠨ᠃ ᠳᠡᠭᠡᠪᠠᠯ ᠡᠳᠡᠨᠡᠷ ᠶᠠᠭᠠᠭᠢᠬᠤ ᠳᠠᠭᠠᠨ ᠠᠭᠤᠯᠠᠨ ᠤ ᠠᠭᠤᠢ ᠳᠤ ᠠᠮᠢᠳᠤᠷᠠᠬᠤ ᠪᠣᠯᠤᠭᠰᠠᠨ ᠪᠣᠢ ︖ ᠭᠡᠪᠠᠯ ᠠᠯᠢ ᠣᠯᠠᠨ ᠪᠠᠢ᠌ᠭᠠᠯᠢ ᠶᠢᠨ ᠭᠠᠢ ᠭᠠᠮᠰᠢᠭ᠂ ᠠᠷᠢᠶᠠᠳᠠᠨ ᠠᠮᠢᠳᠠᠨ ᠤ ᠭᠦᠨᠦᠭᠡᠯ ᠡᠴᠡ ᠵᠠᠢ᠌ᠯᠠᠬᠤ ᠶᠢᠨ ᠲᠦᠯᠦᠭᠡ ᠨᠢ ᠯᠠᠪᠳᠠᠭᠤᠨ᠂ ᠡᠭᠦᠨ ᠳᠤ ᠨᠢᠭᠡ᠂ ᠠᠷᠢᠶᠠᠳᠠᠨ ᠠᠮᠢᠳᠠᠨ ᠤ ᠭᠦᠨᠦᠭᠡᠯ ᠡᠴᠡ ᠵᠠᠢ᠌ᠯᠠᠬᠤ᠂ ᠬᠤᠶᠠᠷ ᠪᠠᠢ᠌ᠭᠠᠯᠢ ᠶᠢᠨ ᠭᠠᠢ ᠭᠠᠮᠰᠢᠭ ᠡᠴᠡ ᠵᠠᠢ᠌ᠯᠠᠬᠤ ᠭᠡᠵᠤ ᠭᠠᠷᠴᠤ ᠢᠷᠠᠨ᠎ᠠ᠃ ᠡᠳᠡᠭᠡᠷ ᠡᠴᠡ ᠵᠠᠢ᠌ᠯᠠᠬᠤ ᠶᠢᠨ ᠲᠦᠯᠦᠭᠡ ᠪᠠᠯᠠᠷ ᠡᠷᠳᠡᠨ ᠤ ᠭᠦᠮᠦᠰ ᠣᠶᠤᠨ ᠳᠠᠷᠢᠭᠢ ᠪᠠᠨ ᠭᠡᠷᠡᠭᠯᠡᠨ ᠬᠠᠮᠤᠭ ᠤᠨ ᠳᠦᠷᠦᠭᠦᠤ ᠣᠶᠤᠨ ᠶᠢᠡᠷ ᠳᠠᠮᠵᠢᠨ ᠳᠤᠳᠠᠭᠠᠨ ᠵᠠᠢ᠌ᠯᠠᠬᠤ ᠶᠢ ᠪᠣᠳᠤᠵᠤ ᠣᠯᠤᠨ᠎ᠠ᠂ ᠭᠡᠪᠠᠴᠤ ᠵᠠᠷᠢᠮ ᠡᠷᠳᠡᠮᠳᠡᠨ ᠡᠭᠦᠨ ᠢ ᠳᠦᠷᠤᠯᠭᠢ ᠴᠢᠳᠠᠪᠣᠷᠢ᠂ ᠠᠮᠢᠳᠠᠨ ᠪᠦᠭᠦᠨ ᠤ ᠳᠤᠰ ᠪᠠᠶ᠎ᠠ ᠳᠤ ᠪᠠᠢ᠌ᠬᠤ ᠳᠦᠷᠤᠯᠭᠢ ᠴᠢᠳᠠᠪᠣᠷᠢ ᠭᠡᠵᠤ ᠨᠤᠳᠠᠯᠠᠵᠤ ᠪᠠᠢ᠌ᠨ᠎ᠠ᠂ ᠭᠡᠪᠠᠴᠤ ᠮᠢᠨᠤ ᠥᠵᠡᠭᠦ ᠪᠠᠷ ᠡᠨᠡ ᠭᠡᠳᠥᠢᠪᠠᠷ ᠳᠦᠷᠤᠯᠭᠢ ᠴᠢᠳᠠᠪᠣᠷᠢ ᠪᠣᠯᠤᠭᠰᠠᠨ ᠴᠤ ᠶᠠᠭᠤᠨ ᠤ ᠳᠡᠷᠢᠭᠦᠨ ᠳᠤ ᠣᠶᠤᠨ ᠶᠢᠡᠷ ᠳᠠᠮᠵᠢᠨ ᠰᠠ‍‌ᠶᠢ ᠣᠯᠵᠤ ᠮᠠᠳᠠᠪᠠ᠃ ᠡᠭᠦᠨ ᠡᠴᠡ ᠣᠠᠳᠤᠤ ᠪᠠᠯᠠᠷ ᠡᠷᠳᠡᠨ ᠤ ᠭᠦᠮᠦᠰ ᠢᠳᠠᠰᠢ ᠣᠯᠬᠤ ᠶᠢᠨ ᠲᠦᠯᠦᠭᠡ ᠰᠦᠷᠦᠭᠯᠡᠨ ᠠᠩᠨᠠᠬᠤ ᠪᠣᠶᠤ ᠴᠢᠯᠠᠭᠤ ᠪᠠᠷ ᠪᠠᠭᠠᠵᠢ ᠵᠡᠪᠰᠡᠭ᠌ ᠵᠤᠬᠢᠶᠠᠨ ᠠᠷᠢᠶᠠᠳᠠᠨ ᠠᠩᠨᠠᠬᠤ ᠶᠢᠡᠷ ᠵᠢᠱᠢᠶᠡᠯᠡᠭ᠍ᠰᠡᠨ ᠴᠤ ᠳᠠᠳᠠ ᠣᠷᠢᠳᠠᠪᠠᠷ ᠣᠶᠤᠨ ᠶᠢᠡᠷ ᠳᠠᠮᠵᠢᠨ ᠪᠠᠭᠠᠵᠢ ᠵᠡᠪᠰᠡᠭ᠌ ᠵᠤᠬᠢᠶᠠᠬᠤ ᠪᠣᠶᠤ ᠣᠯᠠᠨ ᠶᠢᠡᠷ ᠨᠢᠭᠡ ᠶᠢ ᠢᠯᠠᠬᠤ ᠶᠢ ᠪᠣᠳᠤᠵᠤ ᠣᠯᠳᠠᠭ᠃ ᠭᠡᠪᠠᠴᠤ ᠪᠠᠰᠠ ᠵᠠᠷᠢᠮ ᠡᠷᠳᠡᠮᠳᠡᠨ ᠡᠨᠡ ᠪᠣᠯ ᠭᠦᠳᠡᠯᠮᠦᠷᠢ ᠪᠡᠷ ᠳᠠᠮᠵᠢᠨ ᠮᠡᠳᠡᠭ᠍ᠰᠡᠨ ᠭᠡᠳᠡᠭ᠌᠂ ᠡᠨᠡ ᠭᠦᠳᠡᠯᠮᠦᠷᠢ ᠶᠢᠡᠷ ᠳᠠᠮᠵᠢᠭᠰᠠᠨ ᠨᠢ ᠦᠨᠡᠠᠳᠠᠢ᠂ ᠭᠡᠪᠠᠴᠤ ᠬᠠᠮᠤᠭ ᠤᠨ ᠳᠦᠷᠦᠭᠦᠤ ᠣᠶᠤᠨ ᠶᠢᠡᠷ ᠳᠠᠮᠵᠢᠨ ᠪᠣᠳᠤᠵᠤ ᠰᠠᠳᠭᠢᠨ ᠣᠯᠵᠤ᠂ ᠭᠦᠳᠡᠯᠮᠦᠷᠢ ᠶᠢᠡᠷ ᠪᠣᠳᠠᠳᠠᠢ᠌ᠵᠢᠭᠤᠯᠤᠭᠰᠠᠨ ᠶᠤᠮ᠃

ᠡᠢ᠌ᠮᠤ ᠡᠴᠡ ᠶᠠᠭᠤᠨ ᠤ ᠣᠷᠢᠳᠠ ᠣᠶᠤᠨ ᠤ ᠪᠣᠯᠪᠠᠰᠤᠨ ᠪᠣᠢ ᠪᠣᠯᠤᠭᠰᠠᠨ ᠭᠡᠳᠡᠭ᠌ ᠢ ᠳᠤᠩᠬᠠᠭᠯᠠᠶ᠎ᠠ᠂ ᠣᠶᠤᠨ ᠤ ᠪᠠ ᠪᠣᠳᠠᠰ ᠤᠨ ᠪᠣᠯᠪᠠᠰᠤᠨ ᠵᠡᠷᠭᠡᠳᠡ ᠪᠠᠨ ᠪᠣᠢ ᠪᠣᠯᠤᠭᠰᠠᠨ ᠦᠭᠡᠶ᠂ ᠬᠠᠷᠢᠨ ᠣᠶᠤᠨ ᠤ ᠪᠣᠯᠪᠠᠰᠤᠨ ᠣᠷᠢᠳᠠᠪᠠᠷ ᠪᠣᠢ ᠪᠣᠯᠤᠭᠰᠠᠨ ᠶᠤᠮ᠃

1᠄ ᠣᠶᠤᠨ ᠤ ᠪᠣᠯᠪᠠᠰᠤᠨ

ᠣᠶᠤᠨ ᠤ ᠪᠣᠯᠪᠠᠰᠤᠨ ᠭᠡᠳᠡᠭ᠌ ᠪᠣᠯ ᠭᠦᠮᠤᠨ ᠳᠦᠷᠤᠯᠭᠢᠳᠠᠨ ᠤ ᠣᠶᠤᠨ ᠣᠬᠠᠭᠠᠨ ᠶᠢᠡᠷ ᠳᠠᠮᠵᠢᠨ ᠪᠣᠢ ᠪᠣᠯᠤᠭᠰᠠᠨ᠂ ᠳᠤᠬᠠᠢ ᠶᠢᠨ ᠴᠠᠭ ᠦᠶ᠎ᠡ ᠶᠢᠨ ᠪᠣᠯᠪᠠᠰᠤᠨ ᠰᠤᠶᠤᠯ ᠢ ᠭᠡᠯᠡᠨ᠎ᠡ᠃

ᠭᠦᠮᠤᠨ ᠳᠦᠷᠤᠯᠭᠢᠳᠠᠨ ᠨᠢᠭᠡ ᠵᠣᠢ᠌ᠯ ᠤᠨ ᠶᠠᠭᠤᠮ᠎ᠠ ᠶᠢ ᠶᠠᠭᠤᠨ ᠤ ᠳᠦᠷᠦᠭᠦᠨ ᠳᠤ ᠣᠷᠢᠳᠠᠪᠠᠷ ᠪᠣᠳᠤᠵᠤ ᠰᠠᠳᠭᠢᠨ ᠵᠤᠬᠢᠶᠠᠭᠠᠤᠨ ᠭᠡᠷᠡᠭᠯᠡᠭ᠍ᠰᠡᠨ ᠪᠣᠶᠤ ᠰᠤᠷᠭᠠᠮᠵᠢ ᠣᠯᠤᠭᠰᠠᠨ ᠰᠤᠶᠤᠯ ᠴᠦᠮ ᠳᠡᠭᠡᠨ ᠪᠠᠭᠳᠠᠨ᠎ᠠ᠃ ᠵᠢᠱᠢᠶᠠᠯᠪᠠᠯ᠄ ᠡᠷᠳᠡᠨ ᠤ ᠳᠤᠲ᠋ᠸᠮ ᠱᠢᠳᠦᠯᠭᠡ᠂ ᠡᠨᠡ ᠪᠣᠯ ᠭᠦᠮᠤᠨ ᠳᠦᠷᠤᠯᠭᠢᠳᠠᠨ ᠪᠠᠢ᠌ᠭᠠᠯᠢ ᠶᠢ ᠡᠷᠭᠡᠰᠢᠶᠡᠭᠦ ᠶᠢᠨ ᠲᠦᠯᠦᠭᠡ᠂ ᠭᠠᠢ ᠵᠤᠪᠠᠯᠠᠩ ᠢ ᠠᠷᠢᠯᠭᠠᠬᠤ ᠶᠢᠨ ᠲᠦᠯᠦᠭᠡ ᠦᠪᠡᠷ ᠤᠨ ᠣᠶᠤᠨ ᠣᠬᠠᠭᠠᠨ ᠶᠢᠡᠷ ᠶᠢᠡᠨ ᠰᠠᠳᠭᠢᠨ ᠵᠤᠬᠢᠶᠠᠮᠵᠢᠯᠠᠭᠰᠠᠨ ᠳᠤᠬᠠᠢ ᠶᠢᠨ ᠴᠠᠭ ᠦᠶ᠎ᠡ ᠶᠢᠨ ᠪᠣᠯᠪᠠᠰᠤᠨ ᠰᠤᠶᠤᠯ᠃ ᠪᠦᠭᠡ ᠰᠢᠳᠦᠭᠡᠨ ᠴᠤ ᠠᠳᠠᠯᠢᠬᠠᠨ᠂ ᠳᠤᠬᠠᠢ ᠶᠢᠨ ᠴᠠᠭ ᠤᠨ ᠳᠡᠷᠡᠭᠦ ᠭᠠᠢ ᠵᠤᠪᠠᠯᠠᠩ ᠢ ᠬᠠᠰᠢᠷᠠᠳᠠᠯ᠎ᠠ ᠡᠳ᠋ᠯᠡᠭᠡᠳ ᠵᠠᠢ᠌ᠯᠠᠭᠠᠤᠨ ᠵᠠᠢ᠌ᠯᠠᠵᠤ ᠳᠡᠢ᠌ᠯᠭᠦ ᠦᠭᠡᠶ᠂ ᠠᠷᠢᠯᠭᠠᠭᠠᠤᠨ ᠠᠷᠢᠯᠵᠤ ᠦᠭ‍ᠭᠦ ᠦᠭᠡᠶ ᠪᠣᠯᠤᠭᠰᠠᠨ ᠨᠥᠭᠦᠴᠡᠯ ᠳᠤᠤᠷ᠎ᠠ ᠭᠦᠮᠦᠰ ᠤᠨ ᠣᠶᠤᠨ ᠣᠬᠠᠭᠠᠨ ᠶᠢᠡᠷ ᠲᠦᠷ ᠴᠠᠭ ᠤᠨ ᠠᠮᠤᠷ ᠵᠢᠷᠭᠠᠯ ᠢ ᠡᠳ᠋ᠯᠡᠭᠦᠯᠭᠦ ᠪᠣᠶᠤ ᠰᠠᠨᠠᠭ᠎ᠠ ᠰᠡᠳᠭᠢᠯ ᠢ ᠳᠠᠢ᠌ᠪᠣᠷᠰᠢᠭᠤᠯᠬᠤ ᠵᠣᠢ᠌ᠯ ᠢ ᠡᠭᠦᠳᠡᠨ ᠪᠦᠳᠦᠭᠡᠵᠤ ᠳᠡᠭᠦᠨ ᠢ ᠰᠢᠳᠤᠨ ᠪᠢᠰᠢᠷᠠᠵᠤ ᠪᠠᠢ᠌ᠭᠰᠠᠨ ᠪᠠᠯᠠᠷᠯᠢᠭ ᠦᠶ᠎ᠡ ᠶᠢᠨ ᠪᠣᠯᠪᠠᠰᠤᠨ ᠰᠤᠶᠤᠯ ᠪᠣᠯᠬᠤ ᠶᠤᠮ᠃

ᠰᠤᠶᠤᠯ ᠳᠤᠳᠤᠷ᠎ᠠ ᠣᠶᠤᠨ ᠤ ᠰᠤᠶᠤᠯ ᠪᠣᠯ ᠵᠤᠩᠭᠢᠯᠠᠬᠤ ᠪᠠᠢ᠌ᠷᠢ ᠶᠢ ᠡᠵᠡᠯᠡᠵᠤ ᠪᠠᠢ᠌ᠬᠤ ᠶᠤᠮ᠃ ᠣᠴᠢᠷ ᠨᠢ ᠣᠶᠤᠨ ᠤ ᠰᠤᠶᠤᠯ ᠪᠣᠢ ᠪᠣᠯᠤᠭᠰᠠᠨ ᠤ ᠳᠠᠷᠠᠭ᠎ᠠ ᠰᠠ‍‌ᠶᠢ ᠪᠣᠳᠠᠰ ᠤᠨ ᠰᠤᠶᠤᠯ ᠪᠣᠢ ᠪᠣᠯᠤᠭᠰᠠᠨ ᠪᠣᠯᠬᠤᠷ ᠶᠡᠭᠡ ᠬᠠᠭᠠᠰ ᠰᠤᠶᠤᠯ ᠪᠦᠷ ᠯᠠ ᠣᠶᠤᠨ ᠤ ᠰᠤᠶᠤᠯ ᠳᠤ ᠠᠭᠤᠰᠠᠯᠴᠠᠬᠤ ᠪᠦᠭᠡᠳ ᠣᠶᠤᠨ ᠤ ᠰᠤᠶᠤᠯ ᠶᠢᠡᠷ ᠳᠠᠮᠵᠢᠨ ᠪᠣᠳᠠᠰ ᠤᠨ ᠰᠤᠶᠤᠯ ᠳᠤ ᠠᠭᠤᠰᠤᠭᠰᠠᠨ ᠪᠠᠢ᠌ᠳᠠᠭ᠃ ᠭᠡᠪᠠᠴᠤ ᠡᠨᠡ ᠳᠤᠬᠠᠢ ᠪᠣᠳᠠᠳᠠᠢ ᠳᠤᠭ᠎ᠠ ᠪᠠᠷᠢᠮᠳᠠ ᠪᠣᠶᠤ ᠰᠤᠶᠤᠯ ᠪᠦᠭᠦᠨ ᠣᠶᠤᠨ ᠶᠢᠡᠷ ᠳᠠᠮᠵᠢᠨ ᠭᠦᠭ᠍ᠵᠢᠨ ᠪᠣᠯᠪᠠᠰᠤᠷᠠᠵᠢᠵᠤ ᠪᠠᠢ᠌ᠬᠤ ᠶᠤᠮ ᠭᠡᠳᠡᠭ᠌ ᠵᠠᠷᠢᠮ ᠭᠡᠢ᠌ᠰᠪᠦᠷᠢ ᠣᠬᠠᠭᠳᠠᠬᠤᠨ᠂ ᠥᠭᠦᠯᠡᠯ ᠨᠤᠳᠠᠯᠠᠯ ᠢ ᠶ‍ᠭᠤᠨ ᠤ ᠣᠷᠢᠳᠠ ᠥᠭᠡᠢ᠌ᠰᠭᠡᠭᠦ ᠶᠢ ᠵᠠᠷᠯᠠᠶ᠎ᠠ︕

2᠄ ᠪᠣᠳᠠᠰ ᠤᠨ ᠪᠣᠯᠪᠠᠰᠤᠨ

ᠪᠣᠳᠠᠰ ᠤᠨ ᠪᠣᠯᠪᠠᠰᠤᠨ ᠭᠡᠳᠡᠭ᠌ ᠪᠣᠯ ᠭᠦᠮᠤᠨ ᠳᠦᠷᠤᠯᠭᠢᠳᠠᠨ ᠪᠣᠳᠠᠰ ᠤᠨ ᠭᠦᠳᠡᠯᠮᠦᠷᠢ ᠶᠢᠡᠷ ᠭᠢᠭ᠍ᠰᠡᠨ ᠪᠣᠶᠤ ᠰᠢᠭᠤᠳ ᠪᠣᠳᠠᠰ ᠤᠨ ᠳᠤᠰ ᠪᠠᠶ᠎ᠠ ᠡᠴᠡ ᠭᠦᠷᠳᠡᠭ᠍ᠰᠡᠨ ᠳᠤᠬᠠᠢ ᠶᠢᠨ ᠴᠠᠭ ᠦᠶ᠎ᠡ ᠶᠢᠨ ᠪᠣᠯᠪᠠᠰᠤᠨ ᠰᠤᠶᠤᠯ ᠢ ᠵᠢᠭᠠᠨ᠎ᠠ᠃ ᠡᠨᠡ ᠳᠤᠬᠠᠢ ᠵᠠᠷᠢᠮ ᠰᠤᠶᠤᠯ ᠢ ᠳᠤᠳᠤᠳᠬᠠᠬᠤ ᠳᠤ ᠪᠠᠷᠭᠡ᠃ ᠣᠴᠢᠷ ᠨᠢ ᠵᠠᠷᠢᠮ ᠰᠤᠶᠤᠯ ᠢ ᠣᠶᠤᠨ ᠤ ᠰᠤᠶᠤᠯ ᠳᠤ ᠪᠠᠭᠳᠠᠭᠠᠨ ᠪᠠᠰᠠ ᠪᠣᠳᠠᠰ ᠤᠨ ᠰᠤᠶᠤᠯ ᠳᠤ ᠴᠤ ᠪᠠᠭᠳᠠᠭᠠᠨ ᠥᠵᠡᠳᠡᠭ᠌᠃ ᠵᠢᠰᠢᠶᠠᠯᠪᠠᠯ᠄ ᠪᠠᠯᠠᠷ ᠡᠷᠳᠡᠨ ᠤ ᠭᠦᠮᠦᠰ ᠤᠨ ᠭᠡᠷᠡᠭᠯᠡᠵᠤ ᠪᠠᠢ᠌ᠭᠰᠠᠨ ᠬᠠᠭᠤᠴᠢᠨ ᠴᠢᠯᠠᠭᠤᠨ ᠵᠡᠪᠰᠡᠭ᠌᠃ ᠡᠭᠦᠨ ᠢ ᠵᠠᠷᠢᠮ ᠡᠷᠳᠡᠮᠳᠡᠨ ᠣᠶᠤᠨ ᠤ ᠰᠤᠶᠤᠯ ᠭᠡᠵᠤ ᠵᠠᠷᠢᠮ ᠡᠷᠳᠡᠮᠳᠡᠨ ᠪᠣᠳᠠᠰ ᠤᠨ ᠰᠤᠶᠤᠯ ᠭᠡᠳᠡᠭ᠌᠃

ᠴᠢᠯᠠᠭᠤᠨ ᠵᠡᠪᠰᠡᠭ᠌ ᠢ ᠬᠠᠮᠤᠭ ᠳᠦᠷᠦᠭᠦᠤ ᠪᠠᠯᠠᠷ ᠡᠷᠳᠡᠨ ᠤ ᠭᠦᠮᠦᠰ ᠴᠤᠬᠤᠮ ᠳᠠᠭᠠᠨ ᠴᠢᠯᠠᠭᠤ ᠪᠠᠷ ᠠᠷᠢᠶᠠᠳᠠᠨ ᠠᠮᠢᠳᠠᠨ ᠢ ᠠᠯᠠᠵᠤ ᠪᠠᠢ᠌ᠭᠰᠠᠨ ᠡᠴᠡ ᠪᠢᠰᠢ ᠵᠡᠪᠰᠡᠭ᠌ ᠰᠢᠭ᠌ ᠵᠤᠬᠢᠶᠠᠵᠤ ᠪᠠᠢ᠌ᠭᠰᠠᠨ ᠪᠢᠰᠢ᠂ ᠬᠠᠷᠢᠨ ᠴᠢᠯᠠᠭᠤ ᠪᠠᠷ ᠠᠷᠢᠶᠠᠳᠠᠨ ᠠᠮᠢᠳᠠᠨ ᠢ ᠠᠯᠠᠵᠤ ᠪᠠᠢ᠌ᠬᠤ ᠬᠤᠭᠤᠴᠠᠭᠠᠨ ᠳᠠᠭᠠᠨ ᠵᠡᠪᠰᠢᠭ᠌ ᠰᠢᠭ᠌ ᠢᠷ ᠮᠠᠰᠠ ᠲᠡᠶ ᠴᠢᠯᠠᠭᠤ ᠪᠠᠷ ᠠᠯᠠᠪᠠᠯ ᠳᠦᠭᠦᠮ ᠭᠡᠳᠡᠭ᠌ ᠢ ᠳᠤᠷᠰᠢᠯᠭ᠎ᠠ ᠡᠴᠡ ᠪᠠᠨ ᠮᠠᠳᠠᠨ᠂ ᠴᠢᠯᠠᠭᠤᠨ ᠵᠡᠪᠰᠡᠭ᠌ ᠢ ᠣᠢ᠌ᠯᠡᠳᠴᠤ ᠪᠠᠢ᠌ᠭᠰᠠᠨ ᠶᠤᠮ᠃ ᠡᠢ᠌ᠮᠤ ᠡᠴᠡ ᠡᠨᠡ ᠪᠣᠯ ᠪᠣᠳᠠᠰ ᠶᠢᠡᠷ ᠳᠠᠮᠵᠢᠨ ᠣᠯᠤᠭᠰᠠᠨ ᠪᠣᠳᠠᠰ ᠤᠨ ᠪᠣᠯᠪᠠᠰᠤᠨ ᠪᠣᠯᠬᠤ ᠶᠤᠮ᠃ ᠡᠭᠦᠨ ᠡᠴᠡ ᠣᠠᠳᠤᠤ ᠵᠢᠱᠢᠶᠠᠯᠪᠠᠯ᠄ 《ᠠᠯᠤᠩᠭᠤᠸ᠎ᠠ ᠡᠭᠡ ᠳᠠᠪᠤᠨ ᠮᠦᠰᠤ ᠪᠠᠷ ᠬᠡᠦᠬᠡᠳ ᠶᠢᠡᠨ ᠰᠤᠷᠭᠠᠭᠰᠠᠨ》 ᠳᠤᠮᠤᠭ ᠡᠴᠡ ᠭᠠᠭᠴᠠ ᠮᠦᠰᠤ ᠴᠤᠭᠢᠯᠳᠠ ᠶᠢ ᠳᠠᠭᠠᠭᠠᠬᠤ ᠦᠭᠡᠶ᠂ ᠣᠯᠠᠨ ᠮᠦᠰᠤ ᠰᠠ‍‌ᠶᠢ ᠪᠣᠰᠤᠳ ᠤᠨ ᠴᠤᠭᠢᠯᠳᠠ ᠶᠢ ᠳᠠᠭᠠᠭᠠᠨ᠎ᠠ ᠭᠡᠳᠡᠭ᠌ ᠬᠤᠪᠢ ᠭᠦᠮᠤᠨ ᠤ ᠣᠷᠤᠯᠳᠤᠯᠭ᠎ᠠ ᠪᠠ ᠳᠤᠷᠰᠢᠯᠭ᠎ᠠ ᠡᠴᠡ ᠮᠠᠳᠠᠵᠤ ᠣᠯᠤᠭᠰᠠᠨ ᠪᠣᠳᠠᠰ ᠤᠨ ᠰᠤᠶᠤᠯ ᠪᠣᠯᠬᠤ ᠶᠤᠮ᠃ ᠡᠢ᠌ᠮᠤ ᠡᠴᠡ ᠪᠣᠳᠠᠰ ᠤᠨ ᠰᠤᠶᠤᠯ ᠪᠠ ᠣᠶᠤᠨ ᠤ ᠰᠤᠶᠤᠯ ᠤᠨ ᠢᠯᠭᠠᠭ᠎ᠠ ᠨᠢ ᠪᠣᠳᠠᠰ ᠶᠢᠡᠷ ᠳᠠᠮᠵᠢᠭᠰᠠᠨ ᠡᠰᠡᠭᠦ ᠪᠣᠯᠬᠤ ᠶᠤᠮ᠃ ᠪᠣᠳᠠᠰ ᠶᠢᠡᠷ ᠳᠠᠮᠵᠢᠭᠰᠠᠨ ᠪᠣᠯ ᠪᠣᠳᠠᠰ ᠤᠨ ᠰᠤᠶᠤᠯ ᠳᠤ ᠪᠠᠭᠳᠠᠨ ᠪᠣᠳᠠᠰ ᠶᠢᠡᠷ ᠳᠠᠮᠵᠢᠭᠰᠠᠨ ᠦᠭᠡᠶ ᠪᠣᠯ ᠣᠶᠤᠨ ᠤ ᠰᠤᠶᠤᠯ ᠳᠤ ᠪᠠᠭᠳᠠᠨ᠎ᠠ ᠭᠡᠳᠡᠭ᠌ ᠪᠦᠳᠦᠭᠦᠪᠴᠢ ᠣᠬᠠᠭᠳᠠᠭᠤᠨ ᠭᠠᠷᠴᠤ ᠢᠷᠡᠭ᠍ᠰᠡᠨ ᠪᠠᠢ᠌ᠨ᠎ᠠ᠃

ᠡᠭᠦᠨ ᠡᠴᠡ ᠭᠠᠳᠠᠨ᠎ᠠ ᠢᠯᠭᠠᠬᠤ ᠳᠤ ᠪᠠᠷᠭᠡ ᠪᠣᠯᠪᠠᠰᠤᠨ ᠴᠤ ᠪᠠᠢ᠌ᠳᠠᠭ᠂ ᠡᠨᠡ ᠳᠤᠬᠠᠢ ᠡᠰᠢᠯᠡᠪᠠᠯ᠂ ᠬᠠᠮᠤᠭ ᠳᠦᠷᠦᠭᠦᠤ ᠤ ᠪᠠᠷᠢᠯᠭ᠎ᠠ ᠶᠢᠨ ᠰᠤᠶᠤᠯ᠂ ᠡᠨᠡ ᠪᠣᠯ ᠥᠨᠡ᠊ᠨᠳᠡᠭᠡᠨ ᠪᠠᠯᠠᠷ ᠡᠷᠳᠡᠨ ᠤ ᠭᠦᠮᠦᠰ ᠤᠨ ᠳᠦᠷᠤᠯᠭᠢ ᠴᠢᠳᠠᠪᠣᠷᠢᠳᠠᠢ ᠬᠤᠯᠪᠣᠭᠳᠠᠬᠤ ᠶᠤᠮ᠃ ᠣᠢ ᠰᠢᠭᠤᠢ ᠳᠤ ᠪᠠᠢ᠌ᠭᠰᠠᠨ ᠡᠴᠡ ᠠᠭᠤᠯᠠᠨ ᠠᠭᠤᠢ ᠳᠤ ᠰᠢᠯᠵᠢᠨ᠂ ᠠᠭᠤᠢ ᠡᠴᠡ ᠪᠠᠨ ᠣᠪᠣᠬᠠᠢ ᠳᠤ ᠰᠢᠯᠵᠢᠨ᠂ ᠣᠪᠣᠬᠠᠢ ᠡᠴᠡ ᠪᠠᠨ ᠮᠤᠳᠤᠨ ᠭᠡᠷ ᠲᠤ ᠰᠢᠯᠵᠢᠨ᠁ ᠬᠠᠮᠤᠭ ᠳᠦᠷᠦᠭᠦᠨ ᠤ ᠳᠦᠷᠤᠯᠭᠢ ᠴᠢᠳᠠᠪᠣᠷᠢ ᠡᠴᠡ ᠪᠠᠨ ᠣᠶᠤᠨ ᠤ ᠪᠣᠯᠪᠠᠰᠤᠨ ᠣᠷᠤᠭᠤ ᠭᠦᠭ᠍ᠵᠢᠨ᠂ ᠭᠦᠳᠡᠯᠮᠦᠷᠢ ᠪᠠᠷ ᠳᠠᠮᠵᠢᠨ ᠳᠠᠭᠢᠨ ᠪᠣᠳᠠᠰ ᠤᠨ ᠪᠣᠯᠪᠠᠰᠤᠨ ᠳᠤ ᠳᠠᠪᠰᠢᠨ ᠣᠷᠤᠭᠰᠠᠨ ᠨᠢ ᠢᠯᠡᠭᠡᠨ᠃ ᠡᠢ᠌ᠮᠤ ᠡᠴᠡ ᠡᠭᠦᠨ ᠢ ᠣᠶᠤᠨ ᠤ ᠪᠣᠯᠪᠠᠰᠤᠨ ᠭᠡᠰᠡᠨ ᠴᠤ ᠪᠣᠯᠤᠨ᠎ᠠ᠂ ᠪᠣᠳᠠᠰ ᠤᠨ ᠰᠤᠶᠤᠯ ᠭᠡᠰᠡᠨ ᠴᠤ ᠪᠣᠯᠤᠨ᠎ᠠ᠂ ᠡᠨᠡ ᠮᠠ‍‌ᠶᠢᠭ ᠤᠨ ᠰᠤᠶᠤᠯ ᠡᠯᠪᠠᠭ᠌ ᠪᠠᠢ᠌ᠬᠤ ᠶᠤᠮ᠃ ᠡᠭᠦᠨ ᠡᠴᠡ ᠣᠶᠤᠨ ᠤ ᠪᠠ ᠪᠣᠳᠠᠰ ᠤᠨ ᠰᠢᠭᠤᠳ ᠪᠠ ᠰᠠᠯᠵᠤ ᠪᠣᠯᠤᠰᠢ ᠦᠭᠡᠶ ᠨᠢᠭᠳᠠ ᠬᠠᠷᠢᠴᠠᠭ᠎ᠠ ᠶᠢ ᠣᠯᠵᠤ ᠮᠡᠳᠡᠭᠦ ᠶᠤᠮ᠃ ᠡᠢ᠌ᠮᠤ ᠡᠴᠡ ᠡᠨᠡ ᠬᠤᠶᠠᠷ ᠢ ᠳᠤᠰᠠᠭᠠᠷᠯᠠᠬᠤ ᠪᠣᠶᠤ ᠨᠢᠭᠡᠳᠭᠡᠭᠦ ᠪᠣᠯ ᠨᠢᠭᠡ ᠠᠯᠳᠠᠭ᠎ᠠ ᠪᠣᠯᠬᠤ ᠶᠤᠮ᠃ ᠭᠡᠷᠪᠡ ᠡᠰᠡᠷᠭᠦ ᠪᠠᠷ ᠨᠢᠭᠡᠳᠭᠡᠭᠦ ᠪᠣᠶᠤ ᠳᠤᠰᠠᠭᠠᠷᠯᠠᠪᠠᠯ ᠬᠠᠷᠢᠯᠴᠠᠨ ᠨᠥᠭᠦᠪᠦᠷᠢᠯᠡᠭᠦ ᠪᠠ ᠲᠦᠯᠭᠢᠯᠴᠡᠭᠦ ᠭᠦᠴᠤᠨ ᠶᠢᠡᠨ ᠠᠯᠳᠠᠨ ᠳᠠᠩ ᠴᠤᠯᠭᠤᠢ ᠬᠤᠴᠤᠷᠤᠩᠭ᠋ᠤᠢ ᠰᠤᠶᠤᠯ ᠪᠣᠶᠤ ᠰᠤᠶᠤᠯ ᠢ ᠡᠭᠦᠰᠭᠡᠵᠤ ᠳᠡᠢ᠌ᠯᠭᠦ ᠦᠭᠡᠶ ᠪᠣᠯᠳᠠᠭ ᠶᠤᠮ᠃ ᠡᠢ᠌ᠮᠤ ᠡᠴᠡ ᠣᠶᠤᠨ ᠤ ᠪᠠ ᠪᠣᠳᠠᠰ ᠤᠨ ᠰᠤᠶᠤᠯ ᠪᠣᠯ ᠬᠠᠷᠢᠯᠴᠢᠨ ᠨᠢᠭᠳᠠ ᠣᠶᠠᠯᠳᠤᠵᠤ ᠪᠠᠢ᠌ᠭ᠎ᠠ ᠬᠤᠶᠠᠷ ᠧᠯᠮᠸᠨ᠋ᠲ᠋ ᠭᠡᠳᠡᠭ᠌ ᠢ ᠮᠠᠳᠠᠵᠤ ᠪᠣᠯᠤᠨ᠎ᠠ᠃

ᠬᠤᠷᠢᠶᠠᠩᠭ᠋ᠣᠢ᠌ᠯᠠᠪᠠᠯ᠄ ᠰᠤᠶᠤᠯ ᠢ ᠣᠬᠠᠭᠳᠠᠬᠤᠨ ᠤ ᠠᠭᠤᠯᠤᠭᠳᠠᠬᠤᠨ ᠶᠢᠡᠷ ᠡᠭᠢᠯᠡᠵᠤ ᠦᠵᠡᠪᠠᠯ ᠪᠣᠳᠠᠰ ᠤᠨ ᠪᠠ ᠣᠶᠤᠨ ᠤ ᠭᠡᠭᠦ ᠬᠤᠶᠠᠷ ᠳᠦᠷᠤᠯ ᠬᠤᠪᠢᠶᠠᠵᠤ ᠪᠣᠯᠤᠨ᠎ᠠ᠃ ᠣᠶᠤᠨ ᠤ ᠪᠣᠯᠪᠠᠰᠤᠨ ᠪᠣᠢ ᠪᠣᠯᠤᠭᠰᠠᠨ ᠤ ᠳᠠᠷᠠᠭ᠎ᠠ ᠪᠣᠳᠠᠰ ᠤᠨ ᠪᠣᠯᠪᠠᠰᠤᠨ ᠪᠣᠢ ᠪᠣᠯᠤᠭᠠᠤᠨ ᠬᠤᠶᠠᠭᠤᠯᠠ ᠪᠠᠨ ᠬᠠᠷᠢᠯᠴᠠᠨ ᠨᠥᠯᠦᠭᠡᠯᠡᠵᠤ᠂ ᠬᠠᠷᠢᠯᠴᠠᠨ ᠠᠭᠤᠰᠤᠯᠴᠠᠨ ᠰᠤᠶᠤᠯ ᠭᠡᠳᠡᠭ᠌ ᠢ ᠪᠣᠢ ᠪᠣᠯᠭᠠᠵᠢ᠃

ᠡᠢ᠌ᠮᠤ ᠡᠴᠡ ᠡᠳᠡᠭᠡᠷ ᠡᠴᠡ ᠦᠵᠡᠵᠤ ᠭᠠᠷᠬᠤ ᠭᠤᠤᠯ ᠠᠰᠠᠭᠤᠳᠠᠯ ᠪᠣᠯ ᠶᠠᠭᠤ ᠪᠦᠭᠦᠨ ᠪᠦᠷ ᠴᠦᠮ ᠳᠡᠭᠡᠨ ᠭᠡᠯᠭᠢᠶ᠎ᠠ ᠬᠤᠯᠪᠣᠭ᠎ᠠ ᠲᠡᠶ ᠪᠦᠭᠡᠳ ᠬᠠᠷᠢᠯᠴᠠᠨ ᠨᠥᠯᠦᠭᠡᠯᠡᠵᠤ ᠬᠠᠷᠢᠯᠴᠠᠨ ᠲᠦᠯᠭᠢᠵᠤ ᠳᠠᠳᠠᠬᠤ ᠠᠯᠬᠤᠮ ᠳᠠᠷᠠᠭ᠎ᠠ ᠲᠡᠶ ᠶᠢ ᠮᠠᠳᠠᠵᠤ ᠪᠣᠯᠬᠤ ᠶᠤᠮ᠃

ᠬᠤᠶᠠᠷ᠂ ᠰᠤᠶᠤᠯ ᠤᠨ ᠴᠠᠷ᠎ᠠ ᠭᠦᠷᠢᠶ᠎ᠡ ᠶᠢᠨ ᠳᠤᠬᠠᠢ

ᠰᠤᠶᠤᠯ ᠤᠨ ᠴᠠᠷ᠎ᠠ ᠭᠦᠷᠢᠶ᠎ᠡ ᠡᠴᠡ ᠰᠢᠵᠢᠪᠠᠯ᠄

① ᠦᠨᠳᠦᠰᠦᠳᠠᠨ ᠤ ᠰᠤᠶᠤᠯ

ᠦᠨᠳᠦᠰᠦᠳᠠᠨ ᠤ ᠰᠤᠶᠤᠯ ᠭᠡᠵᠤ ᠨᠢᠭᠡ ᠦᠨᠳᠦᠰᠦᠳᠠᠨ ᠶᠠᠰᠤᠳᠠᠨ ᠤ ᠳᠤᠰ ᠪᠠᠶ᠎ᠠ ᠳ᠋ᠤᠨᠢ ᠪᠠᠢ᠌ᠬᠤ ᠪᠣᠢ ᠪᠦᠭᠦᠢ ᠰᠤᠶᠤᠯ ᠢ ᠬᠤᠷᠢᠶᠠᠩᠭ᠋ᠣᠢ᠌ᠯᠠᠨ ᠦᠨᠳᠦᠰᠦᠳᠠᠨ ᠤ ᠰᠤᠶᠤᠯ ᠭᠡᠨ᠎ᠡ᠃ ᠡᠨᠡ ᠳᠤᠬᠠᠢ ᠳᠤᠷᠠᠳᠪᠠᠯ ᠨᠢᠭᠡ ᠦᠨᠳᠦᠰᠦᠳᠠᠨ ᠶᠠᠰᠤᠳᠠᠨ ᠤ ᠵᠠᠩ ᠣᠢ᠌ᠯᠠ᠂ ᠳᠡᠦᠭᠡ᠂ ᠰᠤᠷᠭᠠᠨ ᠭᠦᠮᠦᠵᠢᠯ᠂ ᠭᠠᠵᠠᠷ ᠵᠦᠢ᠌᠂ ᠣᠳᠤᠨ ᠣᠷᠤᠨ᠁ ᠭᠡᠭᠦ ᠮᠠᠳᠤᠴᠢᠯᠠᠨ ᠪᠦᠭᠦᠨ ᠢ ᠬᠠᠮᠢᠶᠠᠳᠠᠭᠤᠯᠤᠨ ᠦᠨᠳᠦᠰᠦᠳᠠᠨ ᠤ ᠰᠤᠶᠤᠯ ᠭᠡᠳᠡᠭ᠌᠃ ᠳᠡᠭᠡᠪᠠᠯ ᠶᠠᠭᠤᠨ ᠳᠤ ᠦᠨᠳᠦᠰᠦᠳᠠᠨ ᠤ ᠰᠤᠶᠤᠯ ᠭᠡᠵᠤ ᠠᠩᠭᠢᠯᠠᠪᠠ︖ ᠭᠡᠪᠠᠯ ᠳᠡᠯᠡᠭᠡᠢ ᠳᠡᠭᠡᠷᠡᠭᠢ ᠪᠣᠢ ᠪᠦᠭᠦᠢ ᠦᠨᠳᠦᠰᠦᠳᠠᠨ ᠤ ᠰᠤᠶᠤᠯ ᠪᠦᠷ ᠯᠠ ᠬᠤᠪᠢ ᠬᠤᠪᠢᠨ ᠤ ᠳᠤᠰᠬᠠᠢ ᠣᠠᠴᠠᠯᠢᠭ ᠲᠡᠶ ᠮᠦᠷᠳᠡᠭᠡᠨ ᠦᠪᠡᠷᠮᠢᠴᠠ ᠢᠯᠭᠠᠭ᠎ᠠ ᠲᠡᠶ ᠪᠠᠢ᠌ᠳᠠᠭ ᠪᠦᠭᠡᠳ ᠨᠢᠭᠡ ᠦᠨᠳᠦᠰᠦᠳᠠᠨ ᠤ ᠰᠤᠶᠤᠯ ᠤᠨ ᠭᠢᠷᠢ ᠲᠦᠪᠰᠢᠨ᠂ ᠨᠢᠭᠡ ᠦᠨᠳᠦᠰᠦᠳᠠᠨ ᠤ ᠮᠠᠠᠳᠤᠵᠤ ᠪᠠᠭᠤᠷᠠᠭᠰᠠᠨ ᠢ ᠥᠵᠡᠭᠦ ᠳᠤ ᠪᠦᠷ ᠯᠠ ᠳᠤᠰ ᠦᠨᠳᠦᠰᠦᠳᠠᠨ ᠤ ᠳᠤᠰ ᠪᠠᠶ᠎ᠠ ᠡᠴᠡ ᠨᠢ ᠵᠠᠳᠠᠯᠤᠨ ᠰᠢᠡᠵᠢᠯᠡᠳᠡᠭ᠌ ᠪᠣᠯᠬᠤᠷ ᠶᠠᠭᠤᠨ ᠤ ᠤᠷᠢᠳ 《ᠦᠨᠳᠦᠰᠦᠳᠠᠨ ᠤ》 ᠭᠡᠳᠡᠭ᠌ ᠢ ᠴᠠᠷ᠎ᠠ ᠭᠦᠷᠢᠶ᠎ᠡ ᠳᠤ ᠠᠩᠭᠢᠯᠠᠬᠤ ᠴᠢᠬᠤᠯᠠᠳᠠᠢ᠃

② ᠬᠠᠷᠢ ᠶᠢᠨ ᠰᠤᠶᠤᠯ

ᠬᠠᠷᠢ ᠶᠢᠨ ᠰᠤᠶᠤᠯ ᠭᠡᠳᠡᠭ᠌ ᠪᠣᠯ ᠶᠠᠭ ᠡᠰᠡᠷᠭᠦ ᠪᠠᠷ ᠳᠠᠷᠠ ᠦᠨᠳᠦᠰᠦᠳᠠᠨ ᠤ ᠰᠤᠶᠤᠯ ᠡᠴᠡ ᠣᠠᠳᠤᠤ ᠪᠣᠰᠤᠳ ᠦᠨᠳᠦᠰᠦᠳᠠᠨ ᠶᠠᠰᠤᠳᠠᠨ ᠤ ᠪᠣᠢ ᠪᠦᠭᠦᠢ ᠰᠤᠶᠤᠯ ᠢ ᠬᠠᠷᠢ ᠶᠢᠨ ᠰᠤᠶᠤᠯ ᠭᠡᠳᠡᠭ᠌᠃ ᠬᠠᠷᠢ ᠶᠢᠨ ᠰᠤᠶᠤᠯ ᠪᠣᠯ ᠵᠠᠷᠢᠮ ᠨᠥᠭᠦᠴᠡᠯ ᠪᠣᠯᠤᠯᠴᠠᠭ᠎ᠠ ᠨᠢ ᠳᠤᠭᠢᠷᠠᠭᠰᠠᠨ ᠪᠠᠢ᠌ᠳᠠᠯ ᠳᠤᠤᠷ᠎ᠠ ᠳᠤᠰ ᠦᠨᠳᠦᠰᠦᠳᠠᠨ ᠤ ᠰᠤᠶᠤᠯ ᠢ ᠣᠷᠤᠯᠠᠵᠤ ᠳᠡᠢ᠌ᠯᠳᠡᠭ᠌᠃ ᠵᠢᠱᠢᠶᠠᠯᠠᠪᠠᠯ᠄ ᠣᠳᠤ ᠶᠢᠨ ᠮᠠᠠᠵᠤ ᠦᠨᠳᠦᠰᠦᠳᠠᠨ ᠤ ᠬᠤᠪᠢ ᠶᠢᠨ ᠰᠤᠶᠤᠯ ᠢ ᠭᠢᠳᠠᠤᠨ ᠶᠢᠡᠷ ᠣᠷᠤᠯᠠᠭᠰᠠᠨ ᠪᠣᠯ ᠬᠠᠮᠤᠭ ᠤᠨ ᠨᠢᠳᠤᠨ ᠡᠮᠦᠨᠡᠭᠢ ᠵᠢᠱᠢᠶ᠎ᠠ᠃ ᠡᠭᠦᠨ ᠡᠴᠡ ᠭᠠᠳᠠᠨ᠎ᠠ ᠡᠰᠢᠯᠡᠪᠠᠯ ᠬᠠᠷᠢ ᠦᠨᠳᠦᠰᠦᠳᠠᠨ ᠲᠡᠶ ᠬᠤᠯᠢᠯᠳᠤᠨ ᠰᠠᠭᠤᠭ᠎ᠠ ᠦᠨᠳᠦᠰᠦᠳᠠᠨ ᠶᠠᠰᠤᠳᠠᠨ᠂ ᠬᠠᠷᠢ ᠦᠨᠳᠦᠰᠦᠳᠠᠨ ᠤ ᠵᠠᠷᠢᠮ ᠥᠭᠡ ᠭᠡᠯᠡ ᠪᠣᠶᠤ ᠨᠠᠷ᠎ᠠ ᠥᠭᠡ᠂ ᠣᠠᠴᠠᠭᠠᠢ᠌ᠯᠠᠨ ᠠᠮᠠᠨ ᠠᠶᠠᠯᠠᠭᠤᠨ ᠢ ᠵᠢᠭᠡᠯᠡᠨ ᠦᠪᠡᠷ ᠤᠨ ᠦᠨᠳᠦᠰᠦᠳᠠᠨ ᠳᠡᠭᠡᠨ ᠠᠪᠴᠤ ᠭᠡᠷᠡᠭᠯᠡᠭᠦ ᠶᠠᠪᠣᠳᠠᠯ ᠪᠣᠯᠤᠨ᠎ᠠ᠃ ᠵᠢᠱᠢᠶᠠᠯᠠᠪᠠᠯ᠄ ᠠᠯᠢ ᠣᠯᠠᠨ ᠨᠠᠷ᠎ᠠ ᠥᠭᠡ᠂ ᠮᠤᠲ᠋ᠤᠷ᠂ ᠧᠯᠧᠺᠲ᠋ᠷᠤᠨ᠂ ᠮᠠᠰᠢᠨ᠂ ᠳ᠋ᠸᠩ᠁ ᠭᠡᠭᠦ ᠮᠠᠳᠤᠴᠢᠯᠠᠨ ᠮᠠᠰᠢ ᠣᠯᠠᠨ ᠪᠠᠢ᠌ᠳᠠᠭ᠃ ᠡᠨᠡ ᠪᠣᠯ ᠰᠢᠭᠤᠳ ᠬᠠᠷᠢ ᠶᠢᠨ ᠰᠤᠶᠤᠯ ᠢ ᠭᠦᠷᠳᠡᠭ᠍ᠰᠡᠨ ᠤ ᠢᠯᠡᠷᠭᠡᠢ ᠵᠢᠱᠢᠶ᠎ᠠ ᠪᠣᠯᠤᠨ᠎ᠠ᠃

③ ᠱᠠᠰᠢᠨ ᠤ ᠰᠤᠶᠤᠯ

ᠱᠠᠰᠢᠨ ᠤ ᠰᠤᠶᠤᠯ ᠭᠡᠪᠠᠯ ᠳᠤᠰᠬᠠᠢ ᠪᠠᠶ᠎ᠠ ᠪᠠᠨ ᠳᠠᠭᠠᠭᠠᠭᠰᠠᠨ ᠨᠢᠭᠡ ᠵᠣᠢ᠌ᠯ ᠤᠨ ᠰᠤᠶᠤᠯ ᠪᠣᠯᠬᠤ ᠶᠤᠮ᠃ ᠬᠠᠷᠢᠨ ᠶᠠᠮᠠᠷ ᠦᠨᠳᠦᠰᠦᠳᠠᠨ ᠶᠠᠰᠤᠳᠠᠨ ᠭᠡᠵᠤ ᠢᠯᠭᠠᠭ᠎ᠠ ᠦᠭᠡᠶ ᠪᠦᠭᠡᠳ ᠳᠤᠰ ᠱᠠᠰᠢᠨ ᠢ ᠰᠢᠳᠤᠨ ᠪᠢᠰᠢᠷᠳᠡᠭ᠌ ᠭᠦᠮᠦᠰ ᠪᠦᠭᠦᠨ ᠢ ᠪᠠᠭᠳᠠᠭᠠᠭᠰᠠᠨ ᠪᠣᠯᠬᠤᠷ ᠱᠠᠰᠢᠨ ᠤ ᠰᠤᠶᠤᠯ ᠪᠣᠯ ᠳᠤᠰᠬᠠᠢ ᠨᠢᠭᠡ ᠪᠦᠭᠦᠯᠢ ᠴᠤᠭᠴᠠ ᠪᠣᠯᠬᠤ ᠶᠤᠮ᠃ ᠱᠠᠱᠢᠨ ᠤ ᠰᠤᠶᠤᠯ ᠭᠡᠳᠡᠭ᠌ ᠪᠣᠯ ᠪᠦᠭᠦ ᠱᠠᠱᠢᠨ ᠤ ᠰᠤᠶᠤᠯ ᠢ ᠵᠢᠭᠠᠳᠠᠭ᠃ ᠣᠳᠤ ᠳᠡᠯᠡᠭᠡᠢ ᠶᠢᠨ ᠭᠤᠷᠪᠠᠨ ᠶᠡᠭᠡ ᠱᠠᠰᠢᠨ᠂ ᠪᠣᠷᠬᠠᠨ ᠤ ᠱᠠᠰᠢᠨ᠂ ᠢᠰᠯᠠᠮ ᠤᠨ ᠱᠠᠰᠢᠨ᠂ ᠾᠧᠷᠢᠰᠲ᠋ᠤᠰ ᠤᠨ ᠱᠠᠰᠢᠨ᠂᠂᠂᠂ ᠵᠡᠷᠭᠡ ᠢ ᠪᠦᠭᠦᠨ ᠢ ᠪᠠᠭᠳᠠᠭᠠᠨ ᠬᠠᠮᠤᠷᠤᠭᠰᠠᠨ ᠶᠤᠮ᠃ ᠱᠠᠰᠢᠨ ᠤ ᠰᠤᠶᠤᠯ ᠳᠤ ᠪᠠᠶ᠎ᠠ ᠪᠠᠨ ᠳᠠᠭᠠᠭᠠᠭᠰᠠᠨ ᠡᠮ ᠡᠮᠨᠡᠡᠯᠭᠡ᠂ ᠭᠠᠵᠠᠷ ᠵᠦᠢ᠌᠂ ᠳᠡᠦᠭᠡ᠂ ᠵᠢᠷᠤᠬᠠᠢ᠁ ᠮᠠᠳᠤᠴᠢᠯᠠᠨ ᠪᠦᠷ ᠯᠠ ᠳᠤᠰᠬᠠᠢ ᠰᠠᠯᠪᠣᠷᠢ ᠲᠡᠶ ᠶᠤᠮ᠃ ᠡᠢ᠌ᠮᠤ ᠡᠴᠡ ᠡᠨᠡ ᠳᠤᠬᠠᠢ ᠳᠤᠰᠬᠠᠢ ᠰᠤᠶᠤᠯ ᠪᠣᠯᠭᠠᠨ ᠵᠠᠳᠠᠯᠠᠬᠤ ᠨᠢ ᠬᠠᠮᠤᠭ ᠡᠴᠡ ᠣᠨᠤᠪᠴᠢᠳᠠᠢ᠃

④ᠡᠰᠨᠢᠯ ᠤᠨ ᠰᠤᠶᠤᠯ

ᠡᠰᠨᠢᠯ ᠤᠨ ᠰᠤᠶᠤᠯ ᠭᠡᠵᠤ ᠭᠡᠵᠢᠶᠡᠳᠡ ᠠᠷᠢᠯᠤᠰᠢ ᠦᠭᠡᠶ ᠪᠠᠢ᠌ᠳᠠᠭ ᠨᠢᠭᠡ ᠵᠣᠢ᠌ᠯ ᠤᠨ ᠰᠤᠶᠤᠯ ᠢ ᠵᠢᠭᠠᠨ᠎ᠠ᠃ ᠡᠰᠨᠢᠯ ᠤᠨ ᠰᠤᠶᠤᠯ ᠤᠨ ᠳᠤᠬᠠᠢ ᠵᠢᠱᠶᠠᠯᠠᠪᠠᠯ᠄ ᠨᠢᠭᠡ ᠦᠨᠳᠦᠰᠦᠳᠠᠨ ᠣᠰᠠᠳᠴᠤ ᠬᠠᠢ᠌ᠯᠤᠭᠰᠠᠨ ᠴᠤ ᠳᠤᠰ ᠦᠨᠳᠦᠰᠦᠳᠠᠨ ᠤ ᠨᠢᠭᠡ ᠵᠣᠢ᠌ᠯ ᠤᠨ ᠰᠤᠶᠤᠯ ᠨᠢ ᠭᠡᠵᠢᠶᠡᠳᠡ ᠠᠭᠤᠰᠴᠤ ᠪᠠᠯᠠᠷᠬᠤ ᠦᠭᠡᠶ ᠳᠠᠭᠠᠯᠳᠤᠨ ᠣᠷᠤᠰᠢᠵᠤ ᠪᠦᠭᠦᠢ ᠰᠤᠶᠤᠯ ᠪᠣᠯᠤᠨ᠎ᠠ᠃ ᠡᠨᠡ ᠳᠤᠬᠠᠢ ᠵᠢᠱᠢᠶᠠᠯᠠᠪᠠᠯ᠄ ᠮᠠᠠᠵᠤ ᠦᠨᠳᠦᠰᠦᠳᠠᠨ᠂ ᠬᠤᠳᠤᠩ ᠦᠨᠳᠦᠰᠦᠳᠠᠨ ᠤ ᠦᠪᠡᠷ ᠤᠨ ᠥᠭᠡ ᠭᠡᠯᠡ᠂ ᠥᠰᠦᠭ᠌ ᠪᠢᠴᠢᠭ᠌ ᠨᠢ ᠦᠭᠡᠶ ᠴᠤ ᠳᠡᠭᠦᠨ ᠤ ᠬᠤᠪᠢᠨ ᠤ ᠭᠡᠰᠡᠨ᠂ ᠦᠨᠳᠦᠰᠦᠳᠠᠨ ᠤ ᠭᠡᠰᠡᠨ ᠵᠠᠩ ᠳᠠᠳᠬᠠᠯ ᠪᠣᠶᠤ ᠵᠠᠷᠢᠮ ᠳᠡᠦᠭᠡ ᠰᠤᠶᠤᠯ ᠨᠢ ᠠᠷᠢᠯᠤᠰᠢ ᠦᠭᠡᠶ ᠥᠯᠡᠳᠡᠭ᠍ᠰᠡᠨ ᠪᠠᠢ᠌ᠳᠠᠭ᠃ ᠶᠠᠭ ᠡᠨᠡ ᠮᠠᠳᠤ ᠶᠢᠨ ᠰᠤᠶᠤᠯ ᠢ ᠵᠢᠭᠠᠳᠠᠭ ᠶᠤᠮ᠃ ᠡᠰᠨᠢᠯ ᠤᠨ ᠰᠤᠶᠤᠯ ᠭᠤᠤᠯᠳᠠᠭᠤ ᠠᠭᠤᠰᠴᠤ ᠣᠰᠠᠳᠤᠭᠰᠠᠨ ᠦᠨᠳᠦᠰᠦᠳᠠᠨ (ᠣᠯᠤᠰ ᠣᠷᠤᠨ) ᠶᠠᠰᠤᠳᠠᠨ ᠳᠤ ᠣᠷᠤᠰᠢᠵᠤ ᠨᠠᠷ᠎ᠠ ᠶᠢᠨ ᠳᠠᠳᠤᠢ ᠥᠯᠡᠳᠡᠭ᠍ᠰᠡᠨ ᠤ ᠳᠠᠷᠠᠭ᠎ᠠ ᠬᠤᠴᠤᠷᠠᠵᠤ ᠥᠯᠡᠳᠡᠳᠡᠭ᠌ ᠶᠤᠮ᠃

ᠣᠳᠤ ᠶᠢᠨ ᠴᠠᠭ ᠳᠦᠷᠤ᠂ ᠨᠡᠢ᠌ᠭᠡᠮ ᠤᠨ ᠱᠠᠭᠠᠷᠳᠠᠯᠭ᠎ᠠ ᠡᠴᠡ ᠪᠣᠯᠵᠤ ᠠᠯᠢ ᠣᠯᠠᠨ ᠦᠨᠳᠦᠰᠦᠳᠠᠨ ᠶᠠᠰᠤᠳᠠᠨ ᠤ ᠰᠤᠶᠤᠯ ᠢᠵᠢᠯᠰᠢᠭᠦ ᠪᠣᠶᠤ ᠨᠥᠭᠦᠪᠦᠷᠢᠯᠡᠯ ᠤᠨ ᠣᠢ᠌ᠯᠠᠳᠤᠯ ᠥᠵᠡᠭᠦᠯᠦᠭᠰᠡᠨ ᠡᠴᠡ ᠵᠠᠷᠢᠮ ᠦᠨᠳᠦᠰᠦᠳᠠᠨ ᠶᠠᠰᠤᠳᠠᠨ ᠤ ᠰᠤᠶᠤᠯ ᠠᠮᠠᠷᠬᠠᠨ ᠬᠠᠢ᠌ᠯᠠᠨ ᠣᠰᠠᠳᠬᠤ ᠪᠣᠶᠤ ᠠᠮᠠᠷᠬᠠᠨ ᠪᠣᠰᠤᠳ ᠦᠨᠳᠦᠰᠦᠳᠠᠨ ᠶᠠᠰᠤᠳᠠᠨ ᠤ ᠰᠤᠶᠤᠯ ᠶᠢᠡᠷ ᠲᠦᠯᠦᠭᠡᠯᠡᠨ ᠢᠯᠡᠳᠭᠡᠭᠦ ᠪᠣᠯᠤᠭᠰᠠᠨ ᠶᠤᠮ᠃ ᠭᠡᠪᠠᠴᠤ ᠡᠨᠡ ᠳᠤᠬᠠᠢ ᠶᠢ ᠡᠰᠡᠨᠢᠯ ᠤᠨ ᠰᠤᠶᠤᠯ ᠭᠡᠪᠠᠯ ᠪᠣᠷᠤᠭᠤ ᠶᠤᠮ᠃ ᠣᠳᠤ ᠶᠢᠨ ᠪᠣᠳᠠᠳᠠᠢ ᠪᠠᠢ᠌ᠳᠠᠯ ᠡᠴᠡ ᠠᠪᠴᠤ ᠭᠡᠯᠡᠪᠠᠯ ᠮᠠᠨ ᠤ ᠣᠯᠤᠰ ᠤᠨ ᠡᠮᠦᠨ᠎ᠡ ᠭᠠᠵᠠᠷ ᠣᠷᠤᠨ ᠤ ᠴᠥᠭᠡᠨ ᠳᠤᠭᠠᠳᠤ ᠦᠨᠳᠦᠰᠦᠳᠠᠨ ᠤ ᠥᠭᠡ ᠭᠡᠯᠡ ᠪᠠᠢ᠌ᠪᠠᠴᠤ ᠥᠰᠦᠭ᠌ ᠪᠢᠴᠢᠭ᠌ ᠪᠠᠢ᠌ᠬᠤ ᠦᠭᠡᠶ᠂ ᠪᠦᠷ ᠯᠠ ᠭᠢᠳᠠᠤᠨ ᠤᠨ ᠥᠰᠦᠭ᠌ ᠪᠢᠴᠢᠭ᠌ ᠢ ᠭᠡᠷᠡᠭᠯᠡᠵᠤ ᠪᠠᠢ᠌ᠭ᠎ᠠ ᠶᠠᠪᠣᠳᠠᠯ᠃ ᠡᠭᠦᠨ ᠡᠴᠡ ᠭᠠᠳᠠᠨ᠎ᠠ ᠮᠤᠩᠭ᠋ᠤᠯ᠂ ᠳᠠᠩᠭ᠋ᠤᠳ᠂ ᠣᠢ᠌ᠭᠤᠷ ᠦᠨᠳᠦᠰᠦᠳᠠᠨ ᠭᠢᠳᠠᠤᠨ ᠤᠨ ᠵᠠᠷᠢᠮ ᠨᠠᠷ᠎ᠠ ᠥᠭᠡ ᠶᠢ ᠵᠢᠭᠡᠯᠡᠨ ᠭᠡᠷᠡᠭᠯᠡᠵᠤ ᠪᠠᠢ᠌ᠭ᠎ᠠ ᠴᠦᠮ ᠳᠡᠭᠡᠨ ᠬᠠᠷᠢ ᠶᠢᠨ ᠰᠤᠶᠤᠯ ᠳᠤ ᠪᠠᠭᠳᠠᠨ᠎ᠠ᠃ ᠡᠳᠡᠭᠡᠷ ᠢ ᠡᠰᠨᠢᠯ ᠤᠨ ᠰᠤᠶᠤᠯ ᠳᠤ ᠪᠠᠭᠳᠠᠭᠠᠵᠤ ᠪᠣᠯᠬᠤ ᠦᠭᠡᠶ᠃ ᠡᠰᠡᠨᠢᠯ ᠤᠨ ᠰᠤᠶᠤᠯ ᠪᠠ ᠬᠠᠷᠢ ᠶᠢᠨ ᠰᠤᠶᠤᠯ ᠤᠨ ᠢᠯᠭᠠᠭ᠎ᠠ ᠪᠣᠯ ᠣᠰᠠᠳᠴᠤ ᠬᠠᠢ᠌ᠯᠤᠭᠰᠠᠨ ᠦᠨᠳᠦᠰᠦᠳᠠᠨ ᠶᠠᠰᠤᠳᠠᠨ ᠤ ᠰᠤᠶᠤᠯ ᠤᠨ ᠣᠯᠠ ᠮᠦᠷ ᠤᠨ ᠥᠯᠡᠳᠡᠭ᠍ᠳᠡᠯ ᠪᠠ ᠵᠢᠭᠡᠯᠡᠨ ᠭᠡᠷᠡᠭᠯᠡᠵᠤ ᠪᠠᠢ᠌ᠭ᠎ᠠ ᠶᠠᠪᠣᠳᠠᠯ ᠪᠣᠯᠬᠤ ᠶᠤᠮ᠃

⑤ᠥᠭᠦᠮᠡᠯ ᠰᠤᠶᠤᠯ

ᠥᠭᠦᠮᠡᠯ ᠰᠤᠶᠤᠯ ᠭᠡᠳᠡᠭ᠌ ᠪᠣᠯ ᠨᠢᠭᠡᠨᠲᠡ ᠣᠷᠤ ᠳᠠᠰᠤ ᠠᠭᠤᠰᠴᠤ ᠰᠢᠩᠭᠡᠷᠡᠭ᠍ᠰᠡᠨ ᠪᠣᠶᠤ ᠡᠳᠦᠢ ᠳᠳᠤᠢ ᠥᠯᠡᠳᠡᠭ᠍ᠳᠡᠯ ᠤᠨ ᠰᠤᠶᠤᠯ ᠢ ᠵᠢᠭᠠᠨ᠎ᠠ᠃ ᠥᠭᠦᠮᠡᠯ ᠰᠤᠶᠤᠯ ᠭᠤᠤᠯᠳᠠᠭᠤ ᠨᠡᠢ᠌ᠭᠡᠮ ᠱᠠᠳᠤ ᠦᠶ᠎ᠡ ᠶᠢᠨ ᠱᠠᠭᠠᠷᠳᠠᠯᠭ᠎ᠠ ᠲᠡᠶ ᠨᠡᠢ᠌ᠴᠡᠭᠦ ᠦᠭᠡᠶ ᠪᠣᠶᠤ ᠵᠠᠷᠢᠮ ᠭᠠᠳᠠᠭᠠᠳᠤ ᠨᠥᠭᠦᠴᠡᠯ ᠤᠨ ᠳᠠᠷᠤᠯᠳᠠ ᠭᠢᠭᠡᠳ ᠰᠢᠭᠤᠳ ᠣᠰᠠᠳᠬᠠᠯ ᠡᠴᠡ ᠪᠣᠯᠵᠤ ᠬᠠᠢ᠌ᠯᠤᠨ ᠣᠯᠠ ᠮᠦᠷ ᠨᠢ ᠣᠷᠤᠨ ᠳᠠᠳᠤᠢ ᠥᠯᠡᠳᠡᠭ᠍ᠰᠡᠨ ᠰᠤᠶᠤᠯ ᠤᠳ ᠢ ᠪᠠᠭᠳᠠᠭᠠᠨ᠎ᠠ᠃

ᠥᠭᠦᠮᠡᠯ ᠰᠤᠶᠤᠯ ᠪᠣᠢ ᠪᠣᠯᠬᠤ ᠶᠠᠪᠣᠴᠠ ᠨᠢ ᠭᠤᠤᠯᠳᠠᠭᠤ ᠨᠢᠭᠡ ᠦᠨᠳᠦᠰᠦᠳᠠᠨ ᠶᠠᠰᠤᠳᠠᠨ ᠤ ᠰᠤᠶᠤᠯ ᠭᠡᠰᠡᠭ᠌ ᠬᠤᠭᠤᠴᠠᠭ᠎ᠠ ᠳᠠᠪᠰᠢᠭᠰᠠᠨ ᠰᠤᠶᠤᠯ ᠪᠠᠢ᠌ᠭᠰᠠᠨ ᠪᠣᠶᠤ ᠡᠰᠡᠭᠦᠯ᠎ᠡ ᠰᠢᠭᠤᠳ ᠰᠢᠨ᠎ᠠ ᠰᠤᠶᠤᠯ ᠪᠣᠢ ᠪᠣᠯᠤᠭᠠᠤᠨ ᠳᠠᠮᠠᠢ ᠣᠳᠠᠭᠰᠠᠨ ᠦᠭᠡᠶ ᠪᠠᠷ ᠠᠭᠤᠰᠴᠤ ᠰᠢᠩᠭᠡᠷᠡᠭᠦ᠂ ᠡᠰᠡᠭᠦᠯ᠎ᠡ ᠳᠠᠪᠰᠢᠭᠰᠠᠨ ᠰᠤᠶᠤᠯ ᠡᠴᠡ ᠪᠠᠨ ᠬᠤᠴᠤᠷᠠᠩᠭ᠋ᠤᠢ ᠰᠤᠶᠤᠯ ᠪᠣᠯᠤᠭᠠᠤᠨ ᠡᠴᠦᠰ ᠲᠡᠭᠡᠨ ᠠᠭᠤᠰᠴᠤ ᠰᠢᠩᠭᠡᠭ᠍ᠳᠡᠭᠡᠳ ᠬᠠᠭᠠᠰ ᠳᠤᠳᠠᠭᠤ ᠣᠢ᠌ᠯᠠᠳᠤᠯ ᠲᠡᠶ ᠪᠣᠯᠵᠤ ᠬᠤᠴᠤᠷᠠᠬᠤ ᠪᠣᠶᠤ ᠣᠷᠤᠨ ᠳᠠᠳᠤᠢ ᠥᠯᠡᠳᠡᠭ᠍ᠰᠡᠨ ᠰᠤᠶᠤᠯ ᠤᠳ ᠪᠣᠯᠬᠤ ᠶᠤᠮ᠃

ᠡᠨᠡ ᠳᠤᠬᠠᠢ ᠡᠰᠢᠯᠡᠪᠠᠯ᠄ ᠶ‍ᠸᠵᠢᠫᠲ᠋ ᠶᠢᠨ ᠫᠢᠷᠮᠢᠳ᠋ ᠰᠤᠪᠣᠷᠭ᠎ᠠ᠂ ᠡᠨᠡ ᠰᠤᠪᠣᠷᠭ᠎ᠠ ᠶᠢᠨ ᠴᠢᠯᠠᠭᠤ ᠶᠢ ᠳᠤᠬᠠᠢ ᠶᠢᠨ ᠴᠠᠭ ᠦᠶ᠎ᠡ ᠭᠦᠭ᠍ᠵᠢᠯᠳᠡ ᠪᠡᠷ ᠪᠣᠶᠤ ᠡᠰᠡᠭᠦᠯ᠎ᠡ ᠣᠳᠤ ᠶᠢᠨ ᠭᠦᠭ᠍ᠵᠢᠯᠳᠡ ᠪᠡᠷ ᠪᠣᠳᠤᠭᠰᠠᠨ ᠴᠤ ᠭᠡᠳᠤᠨ ᠮᠢᠩᠭ᠋ᠠᠨ ᠭᠦᠮᠤᠨ ᠡᠷᠭᠦᠵᠤ ᠦᠯᠦ ᠳᠡᠢ᠌ᠯᠭᠦ ᠴᠢᠯᠠᠭᠤ ᠪᠠᠷ᠂ ᠳᠠᠳᠤᠢ ᠦᠨᠳᠦᠷ ᠰᠤᠪᠣᠷᠭ᠎ᠠ ᠶᠢ ᠪᠠᠢ᠌ᠭᠤᠯᠬᠤ ᠭᠡᠳᠡᠭ᠌ ᠢ ᠰᠠᠳᠭᠢᠵᠤ ᠳᠡᠢ᠌ᠯᠭᠦ ᠦᠭᠡᠶ ᠶᠤᠮ᠃ ᠡᠨᠡ ᠶᠠᠭᠤᠨ ᠪᠣᠢ︖ ᠭᠡᠪᠠᠯ ᠶ‍ᠸᠵᠢᠫᠲ᠋ ᠪᠣᠯ ᠡᠷᠳᠡᠨ ᠤ ᠳᠡᠯᠡᠭᠡᠢ ᠳᠡᠭᠡᠷᠭᠢ ᠳᠦᠷᠪᠠᠨ ᠪᠣᠯᠪᠠᠰᠤᠨ ᠣᠯᠤᠰ ᠤᠨ ᠨᠢᠭᠡ ᠨᠢ ᠪᠣᠯᠬᠤᠷ ᠴᠡᠴᠡᠭᠯᠡᠨ ᠭᠦᠭ᠍ᠵᠢᠭ᠍ᠰᠡᠨ ᠶ‍ᠸᠵᠢᠫᠲ᠋ ᠶᠢᠨ ᠪᠣᠯᠪᠠᠰᠤᠨ ᠰᠤᠶᠤᠯ ᠭᠡᠴᠢᠨᠡᠨ ᠤᠨ ᠵᠢᠯ ᠤᠨ ᠰᠢᠯᠢᠯᠳᠠ ᠪᠠ ᠭᠠᠳᠠᠭᠠᠳᠤ ᠨᠥᠭᠦᠴᠡᠯ ᠤᠨ ᠳᠠᠷᠤᠯᠳᠠ ᠡᠴᠡ ᠪᠣᠯᠵᠤ ᠠᠭᠤᠰᠴᠤ ᠰᠢᠩᠭᠡᠷᠡᠭᠦ ᠪᠣᠶᠤ ᠣᠰᠠᠳᠴᠤ ᠬᠠᠢ᠌ᠯᠤᠭᠰᠠᠨ ᠤ ᠦᠨᠡᠨ ᠳᠦᠷᠢ ᠪᠠᠢ᠌ᠭ᠎ᠠ᠃ ᠡᠢ᠌ᠮᠤ ᠡᠴᠡ ᠡᠨᠡ ᠮᠠ‍‌ᠶᠢᠭ ᠤᠨ ᠥᠭᠦᠮᠡᠯ ᠰᠤᠶᠤᠯ ᠠᠷᠪᠢᠨ ᠪᠠᠢ᠌ᠬᠤ ᠶᠤᠮ᠃ ᠶᠤᠰᠤᠳᠠᠢ ᠣᠳᠤ ᠶᠢᠨ ᠰᠢᠡᠵᠢᠯᠡᠭᠦ ᠣᠬᠠᠭᠠᠨ ᠶᠢᠡᠷ ᠳᠠᠢ᠌ᠯᠪᠣᠷᠢᠯᠠᠵᠤ ᠦᠯᠦ ᠳᠡᠢ᠌ᠯᠭᠦ ᠶᠠᠪᠣᠳᠠᠯ ᠢ ᠳᠠᠷᠠ ᠦᠶ᠎ᠡ ᠳᠤ ᠨᠢᠭᠡᠨᠲᠡ ᠡᠭᠦᠳᠤᠨ ᠭᠠᠷᠭᠠᠵᠤ ᠭᠢᠭ᠍ᠰᠡᠨ ᠵᠣᠢ᠌ᠯ ᠮᠠᠰᠢ ᠣᠯᠠᠨ ᠪᠠᠢ᠌ᠭ᠎ᠠ᠃ ᠳᠡᠭᠡᠪᠠᠯ ᠣᠳᠤ ᠪᠣᠯᠬᠤ ᠳᠤ ᠶᠠᠭᠠᠭᠢᠭᠠᠤᠨ ᠡᠨᠡ ᠨᠢ ᠪᠠᠢ᠌ᠬᠤ ᠦᠭᠡᠶ ᠪᠣᠯ ᠳᠠᠷᠠ ᠨᠢ ᠣᠷᠤ ᠳᠠᠰᠤ ᠠᠷᠢᠯᠤᠭᠰᠠᠨ ᠪᠣᠢ︖ ᠭᠡᠪᠠᠯ ᠭᠤᠤᠯᠳᠠᠭᠤ ᠣᠳᠤ ᠶᠢᠨ ᠴᠠᠭ ᠦᠶ᠎ᠡ ᠡᠴᠡ ᠡᠮᠦᠨᠡᠭᠢ ᠱᠠᠳᠤ ᠦᠶ᠎ᠡ ᠳᠤ ᠪᠣᠢ ᠪᠣᠯᠤᠭᠰᠠᠨ ᠡᠴᠡ ᠡᠭᠦᠰᠦᠯᠳᠡᠢ᠃ ᠢᠵᠢᠯ ᠨᠢᠭᠡ ᠴᠠᠭ ᠦᠶ᠎ᠡ ᠳᠤ ᠠᠯᠢ ᠰᠤᠶᠤᠯ ᠨᠢ ᠥᠭᠦᠮᠡᠯ ᠰᠤᠶᠤᠯ ᠪᠣᠯᠬᠤ ᠶᠢ ᠭᠡᠨ ᠴᠤ ᠳᠤᠭᠳᠠᠭᠠᠵᠤ ᠴᠢᠳᠠᠬᠤ ᠦᠭᠡᠶ᠂ ᠬᠠᠷᠢᠨ ᠭᠡᠰᠡᠭ᠌ ᠬᠤᠭᠤᠴᠠᠭᠠᠨ ᠤ ᠰᠢᠯᠢᠯᠳᠠ ᠪᠠ ᠭᠠᠳᠠᠭᠠᠳᠤ ᠳᠠᠷᠤᠯᠳᠠ ᠡᠴᠡ ᠪᠣᠯᠵᠤ ᠰᠠ‍‌ᠶᠢ ᠥᠭᠦᠮᠡᠯ ᠰᠤᠶᠤᠯ ᠢ ᠳᠤᠭᠳᠠᠭᠠᠳᠠᠭ ᠶᠤᠮ᠃

ᠰᠤᠶᠤᠯ ᠤᠨ ᠴᠠᠷ᠎ᠠ ᠭᠦᠷᠢᠶ᠎ᠡ ᠶᠢᠨ ᠪᠠᠢ᠌ᠳᠠᠯ ᠡᠴᠡ ᠡᠳᠡᠭᠡᠷ ᠳᠠᠪᠤᠨ ᠳᠦᠷᠤᠯ ᠳᠤ ᠬᠤᠪᠢᠶᠠᠨ ᠪᠦᠭᠦ ᠰᠤᠶᠤᠯ ᠢ ᠳᠣᠢ᠌ᠮᠤᠴᠢᠯᠠᠬᠤ ᠳᠠᠳᠤᠢ ᠡᠴᠡ ᠪᠢᠰᠢ ᠴᠤᠬᠤᠮ ᠰᠢᠰᠲ᠋ᠸᠮ ᠲᠡᠶ ᠳᠠᠢ᠌ᠯᠪᠣᠷᠢᠯᠠᠵᠤ ᠳᠡᠢ᠌ᠯᠭᠦ ᠦᠭᠡᠶ ᠶᠤᠮ᠃ ᠣᠴᠢᠷ ᠨᠢ ᠰᠤᠶᠤᠯ ᠪᠣᠯ ᠶᠠᠪᠣᠬᠤ ᠳᠤᠳᠤᠮ ᠣᠯᠠᠮ ᠪᠣᠯᠪᠠᠰᠤᠷᠠᠵᠢᠬᠤ ᠡᠴᠡ ᠪᠢᠰᠢ ᠳᠤᠭᠳᠠᠭᠰᠠᠨ ᠭᠡᠪ ᠲᠡᠶ ᠪᠢᠰᠢ ᠶᠤᠮ᠃

ᠭᠤᠷᠪᠠ᠂ ᠰᠤᠶᠤᠯ ᠤᠨ ᠪᠦᠷᠢᠯᠳᠦᠯ ᠪᠠ ᠭᠦᠭ᠍ᠵᠢᠯ ᠶᠠᠪᠣᠴᠠ ᠶᠢᠨ ᠳᠤᠬᠠᠢ ᠳᠣᠢ᠌ᠮᠤᠴᠢᠯᠠᠯ

ᠰᠤᠶᠤᠯ ᠤᠨ ᠪᠦᠷᠢᠯᠳᠦᠯ ᠪᠠ ᠭᠦᠭ᠍ᠵᠢᠯ ᠶᠠᠪᠣᠴᠠ ᠶᠢᠨ ᠳᠤᠬᠠᠢ ᠳᠣᠢ᠌ᠮᠤᠴᠢᠯᠠᠪᠠᠯ ᠶᠠᠷᠤᠩᠭᠡᠢ ᠳ᠋ᠤᠨᠢ ᠬᠠᠷᠢᠴᠠᠩᠭ᠋ᠤᠢ ᠰᠤᠶᠤᠯ ᠪᠠ ᠬᠠᠷᠢᠴᠡᠯᠠᠰᠢᠭᠦᠢ ᠰᠤᠶᠤᠯ ᠭᠡᠭᠦ ᠬᠤᠶᠠᠷ ᠳᠦᠷᠤᠯ ᠳᠤ ᠬᠤᠪᠢᠶᠠᠵᠤ ᠪᠣᠯᠤᠨ᠎ᠠ᠃

① ᠬᠠᠷᠢᠴᠡᠯᠡᠰᠢᠭᠦᠢ ᠰᠤᠶᠤᠯ

ᠬᠠᠷᠢᠴᠡᠯᠡᠰᠢᠭᠦᠢ ᠰᠤᠶᠤᠯ ᠭᠡᠵᠤ ᠬᠠᠷᠢᠴᠠᠭᠤᠯᠵᠤ ᠳᠡᠢ᠌ᠯᠭᠦ ᠦᠭᠡᠶ ᠪᠣᠶᠤ ᠬᠠᠷᠢᠴᠠᠭᠤᠯᠵᠤ ᠪᠣᠯᠤᠰᠢ ᠦᠭᠡᠶ ᠰᠤᠶᠤᠯ ᠢ ᠵᠢᠭᠠᠨ᠎ᠠ᠃ ᠡᠨᠡ ᠳᠤᠬᠠᠢ ᠳᠤᠳᠠᠳᠬᠠᠪᠠᠯ ᠭᠢᠳᠠᠤᠨ ᠤᠨ ᠺᠦᠩᠽᠢ ᠮᠸᠩᠽᠢ ᠶᠢᠨ ᠰᠤᠷᠭᠠᠯ᠂ ᠱᠢ ᠶᠢ ᠱᠠᠰᠳᠢᠷ᠂ ᠮᠠᠷᠺᠰ ᠯᠸᠨᠢᠨ ᠤ ᠣᠨᠤᠯ᠁ ᠭᠡᠭᠦ ᠮᠠᠳᠤ᠃ ᠬᠠᠷᠢᠴᠡᠯᠡᠰᠢᠭᠦᠢ ᠰᠤᠶᠤᠯ ᠭᠡᠵᠤ ᠭᠤᠤᠯᠳᠠᠭᠤ ᠬᠠᠮᠤᠭ ᠣᠷᠢᠳᠠᠪᠠᠷ ᠪᠦᠳᠦᠭᠡᠭ᠍ᠰᠡᠨ ᠡᠰᠡᠭᠦᠯ᠎ᠡ ᠬᠠᠮᠤᠭ ᠠᠩᠬᠠᠨ ᠤ ᠰᠢᠨ᠎ᠠ ᠰᠤᠶᠤᠯ ᠢ ᠶᠡᠷᠦᠩᠭᠡᠢ᠌ᠯᠡᠨ ᠵᠢᠭᠠᠨ᠎ᠠ᠃ ᠭᠦᠡᠵᠡᠭᠡᠢ ᠶᠠᠷᠢᠪᠠᠯ᠄ ᠮᠠᠷᠺᠰ ᠯᠸᠨᠢᠨ ᠤ ᠣᠨᠤᠯ ᠪᠣᠯ ᠥᠭᠡᠢ᠌ᠭᠦᠤ ᠠᠩᠭᠢ ᠶᠢᠨ ᠬᠠᠷᠭᠤᠢ ᠵᠠᠮ ᠢ ᠵᠢᠭᠠᠭᠰᠠᠨ ᠬᠠᠮᠤᠭ ᠠᠩᠬᠠᠨ ᠤ ᠭᠦᠨ ᠣᠬᠠᠭᠠᠨ ᠤ ᠣᠨᠤᠯ ᠪᠣᠯᠬᠤ ᠶᠤᠮ᠃ ᠮᠦᠨ ᠱᠠᠰᠢᠨ ᠤ ᠰᠤᠶᠤᠯ ᠪᠣᠯ ᠨᠢᠭᠡ ᠵᠣᠢ᠌ᠯ ᠤᠨ ᠭᠦᠨ ᠣᠬᠠᠭᠠᠨ ᠤ ᠬᠠᠷᠢᠴᠡᠯᠡᠰᠢᠭᠦᠢ ᠰᠤᠶᠤᠯ ᠪᠣᠯᠬᠤ ᠶᠤᠮ᠃ ᠡᠭᠦᠨ ᠡᠴᠡ ᠭᠠᠳᠠᠨ᠎ᠠ ᠮᠤᠩᠭ᠋ᠤᠯ ᠤᠨ ᠵᠢᠩᠭ᠋ᠠᠷ᠂ ᠲᠦᠪᠡᠳ ᠤᠨ ᠭᠡᠰᠡᠷ᠂ ᠭᠢᠷᠺᠢᠰ ᠤᠨ ᠮᠠᠨᠠᠰ ᠵᠡᠷᠭᠡ ᠪᠣᠯ ᠳᠠᠷᠠ ᠪᠦᠭᠦᠨ ᠶᠢᠡᠷ ᠶᠢᠡᠨ ᠬᠠᠷᠢᠴᠡᠯᠡᠰᠢᠭᠦᠢ ᠰᠤᠶᠤᠯ ᠪᠣᠯᠬᠤ ᠶᠤᠮ᠃ ᠡᠳᠡᠭᠡᠷ ᠰᠤᠶᠤᠯ ᠢ ᠶᠠᠮᠠᠷ ᠴᠤ ᠰᠤᠶᠤᠯ ᠲᠡᠶ ᠬᠠᠷᠢᠴᠠᠭᠤᠯᠵᠤ ᠠᠳᠠᠯᠢᠳᠬᠠᠵᠤ ᠪᠣᠯᠬᠤ ᠦᠭᠡᠶ ᠮᠦᠷᠳᠡᠭᠡᠨ ᠬᠠᠷᠢᠴᠠᠭᠤᠯᠬᠤ ᠶᠢᠨ ᠠᠷᠭ᠎ᠠ ᠦᠭᠡᠶ ᠦᠨᠡᠳᠤ ᠦᠪ ᠰᠤᠶᠤᠯ ᠪᠣᠯᠬᠤ ᠶᠤᠮ᠃

② ᠬᠠᠷᠢᠴᠠᠩᠭ᠋ᠤᠢ ᠰᠤᠶᠤᠯ

ᠬᠠᠷᠢᠴᠠᠩᠭ᠋ᠤᠢ ᠰᠤᠶᠤᠯ ᠭᠡᠵᠤ ᠣᠤᠯ ᠤᠨ ᠬᠠᠷᠢᠴᠡᠯᠡᠰᠢᠭᠦᠢ ᠰᠤᠶᠤᠯ ᠤᠨ ᠰᠠᠭᠤᠷᠢᠨ ᠳᠡᠭᠡᠷ᠎ᠡ ᠪᠣᠢ ᠪᠣᠯᠤᠭᠰᠠᠨ ᠰᠤᠶᠤᠯ ᠢ ᠶᠡᠷᠦᠩᠭᠡᠢ᠌ᠯᠡᠨ ᠵᠢᠭᠠᠨ᠎ᠠ᠃ ᠡᠨᠡ ᠳᠤᠬᠠᠢ ᠳᠤᠳᠠᠳᠬᠠᠪᠠᠯ ᠭᠦᠮᠦᠰ ᠣᠤᠯ ᠳᠠᠭᠠᠨ ᠷᠠᠳᠢᠤ᠋ ᠰᠤᠨᠤᠰᠴᠤ ᠪᠠᠢ᠌ᠭᠰᠠᠨ ᠶᠢᠡᠨ ᠳᠠᠭᠤᠤ ᠰᠢᠩᠭᠡᠭᠡᠭᠦ ᠮᠠᠰᠢᠨ ᠢ ᠰᠤᠨᠤᠰᠴᠤ᠂ ᠳᠠᠭᠢᠨ ᠳᠸᠯᠸᠢᠰ ᠦᠵᠡᠨ ᠪᠠᠰᠠ ᠰᠤᠨᠤᠰᠬᠤ ᠪᠣᠯᠵᠤ ᠳᠠᠭᠢᠨ DVD ᠮᠠᠰᠢᠨ ᠶᠢᠡᠷ ᠰᠡᠭᠦᠳᠡᠷᠯᠡᠨ ᠠᠪᠣᠭᠰᠠᠨ ᠳᠠᠭᠤᠤ ᠭᠦᠭ᠍ᠵᠢᠮ ᠤᠳ ᠢ ᠦᠵᠡᠵᠤ ᠰᠤᠨᠢᠷᠬᠠᠬᠤ ᠪᠣᠯᠤᠭᠰᠠᠨ ᠵᠡᠷᠭᠡ ᠪᠣᠯ ᠰᠢᠭᠤᠳ ᠬᠠᠷᠢᠴᠠᠩᠭ᠋ᠤᠢ ᠰᠤᠶᠤᠯ ᠢ ᠢᠯᠡᠷᠡᠭᠦᠯᠭᠦ ᠶᠤᠮ᠃

ᠳᠡᠭᠡᠪᠠᠯ ᠬᠠᠷᠢᠴᠠᠩᠭ᠋ᠤᠢ ᠰᠤᠶᠤᠯ ᠤᠨ ᠶᠡᠷᠦᠩᠭᠡᠢ ᠪᠠᠢ᠌ᠳᠠᠯ ᠨᠢ ᠭᠤᠤᠯᠳᠠᠭᠤ ᠣᠤᠯ ᠤᠨ ᠪᠠᠢ᠌ᠭᠰᠠᠨ ᠶᠠᠭᠤᠮ᠎ᠠ ᠶᠢ ᠪᠠᠨ ᠠᠳᠠᠯᠢᠳᠬᠠᠨ ᠪᠢᠴᠢᠵᠤ᠂ ᠳᠠᠭᠢᠨ ᠳᠡᠭᠦᠨ ᠡᠴᠡ ᠰᠠᠢ᠌ᠨ ᠶᠠᠭᠤᠮ᠎ᠠ ᠶᠢ ᠡᠭᠦᠳᠤᠨ ᠪᠦᠳᠦᠭᠡᠭ᠍ᠰᠡᠨ ᠳᠠᠪᠰᠢᠭᠰᠠᠨ ᠰᠤᠶᠤᠯ ᠢ ᠭᠡᠯᠡᠳᠡᠭ᠌ ᠶᠤᠮ᠃ ᠬᠠᠷᠢᠴᠠᠩᠭ᠋ᠤᠢ ᠰᠤᠶᠤᠯ ᠪᠠ ᠬᠠᠷᠢᠴᠡᠯᠡᠰᠢᠭᠦᠢ ᠰᠤᠶᠤᠯ ᠤᠨ ᠢᠯᠭᠠᠭ᠎ᠠ ᠭᠡᠪᠠᠯ ᠬᠠᠷᠢᠴᠡᠯᠡᠰᠢᠭᠦᠢ ᠰᠤᠶᠤᠯ ᠡᠴᠡ ᠬᠠᠷᠢᠴᠠᠩᠭ᠋ᠤᠢ ᠰᠤᠶᠤᠯ ᠪᠣᠢ ᠪᠣᠯᠤᠭᠰᠠᠨ ᠪᠦᠭᠡᠳ ᠬᠠᠷᠢᠴᠠᠩᠭ᠋ᠤᠢ ᠰᠤᠶᠤᠯ ᠪᠣᠯ ᠬᠠᠷᠢᠴᠡᠯᠡᠰᠢᠭᠦᠢ ᠰᠤᠶᠤᠯ ᠤᠨ ᠳᠡᠯᠭᠡᠷᠡᠩᠭᠦᠢ ᠪᠣᠯᠪᠠᠰᠤᠨ ᠰᠤᠶᠤᠯ ᠪᠣᠯᠬᠤ ᠶᠤᠮ᠃

ᠣᠶᠤᠨ ᠤ ᠪᠠ ᠪᠣᠳᠠᠰ ᠤᠨ ᠰᠤᠶᠤᠯ ᠢ ᠴᠤ ᠳᠤᠳᠤᠷ᠎ᠠ ᠨᠢ ᠬᠠᠷᠢᠴᠡᠯᠡᠰᠢᠭᠦᠢ ᠰᠤᠶᠤᠯ ᠪᠠ ᠬᠠᠷᠢᠴᠠᠩᠭ᠋ᠤᠢ ᠰᠤᠶᠤᠯ ᠭᠡᠵᠤ ᠠᠩᠭᠢᠯᠠᠨ ᠰᠠᠯᠭᠠᠵᠤ ᠪᠣᠯᠤᠨ᠎ᠠ᠃ ᠣᠴᠢᠷ ᠨᠢ ᠣᠶᠤᠨ ᠤ ᠪᠠ ᠪᠣᠳᠠᠰ ᠤᠨ ᠰᠤᠶᠤᠯ ᠤᠨ ᠪᠦᠳᠦᠴᠡ ᠶᠢᠨ ᠳᠠᠯ᠎ᠠ ᠪᠠᠷ ᠳᠤᠰ ᠳᠤᠰ ᠬᠠᠷᠢᠴᠡᠯᠡᠰᠢᠭᠦᠢ ᠪᠠ ᠬᠠᠷᠢᠴᠠᠩᠭ᠋ᠤᠢ ᠭᠡᠵᠤ ᠵᠠᠳᠠᠯᠤᠨ ᠰᠢᠠᠵᠢᠯᠠᠵᠤ ᠪᠣᠯᠤᠨ᠎ᠠ᠃

ᠳᠦᠷᠪᠠ᠂ ᠰᠤᠶᠤᠯ ᠤᠨ ᠣᠷᠤᠰᠢᠵᠤ ᠪᠦᠭᠦᠢ ᠴᠢᠭᠯᠡᠯ ᠤᠨ ᠳᠤᠬᠠᠢ ᠳᠣᠢ᠌ᠮᠤᠴᠢᠯᠠᠯ

ᠰᠤᠶᠤᠯ ᠤᠨ ᠣᠷᠤᠰᠢᠵᠤ ᠪᠦᠭᠦᠢ ᠴᠢᠭᠯᠡᠯ ᠤᠨ ᠳᠤᠬᠠᠢ ᠳᠣᠢ᠌ᠮᠤᠴᠢᠯᠠᠪᠠᠯ ᠠᠩᠬᠠᠨ ᠤ ᠰᠤᠶᠤᠯ᠂ ᠳᠡᠷᠢᠭᠦᠨ ᠤ ᠰᠤᠶᠤᠯ᠂ ᠰᠢᠨ᠎ᠠ ᠰᠤᠶᠤᠯ ᠭᠡᠵᠤ ᠭᠤᠷᠪᠠ ᠠᠩᠭᠢᠯᠠᠨ᠎ᠠ᠃

① ᠠᠩᠬᠠᠨ ᠤ ᠰᠤᠶᠤᠯ

ᠠᠩᠬᠠᠨ ᠤ ᠰᠤᠶᠤᠯ ᠭᠡᠳᠡᠭ᠌ ᠪᠣᠯ ᠬᠠᠭᠤᠴᠢᠨ ᠴᠢᠯᠭᠤᠨ ᠵᠡᠪᠰᠡᠭ᠌ ᠡᠴᠡ ᠡᠮᠦᠨᠡᠭᠢ ᠴᠠᠭ ᠦᠶ᠎ᠡ ᠶᠢᠨ ᠰᠤᠶᠤᠯ ᠪᠣᠶᠤ ᠪᠣᠢ ᠪᠦᠭᠦᠢ ᠭᠦᠮᠤᠨ ᠳᠦᠷᠤᠯᠭᠢᠳᠠᠨ ᠳᠤ ᠪᠠᠢ᠌ᠳᠠᠭ ᠳᠦᠷᠤᠯᠭᠢ ᠴᠢᠳᠠᠪᠣᠷᠢ ᠶᠢ ᠶᠡᠷᠦᠩᠭᠡᠢ᠌ᠯᠡᠨ ᠠᠩᠬᠠᠨ ᠤ ᠰᠤᠶᠤᠯ ᠭᠡᠳᠡᠭ᠌᠃ ᠵᠢᠱᠢᠶᠠᠯᠠᠪᠠᠯ᠄ ᠪᠠᠯᠠᠷ ᠡᠷᠳᠡᠨ ᠤ ᠭᠦᠮᠦᠰ ᠤᠨ ᠬᠠᠮᠤᠭ ᠳᠡᠷᠢᠭᠦᠨ ᠤ ᠴᠢᠯᠠᠭᠤᠨ ᠵᠡᠪᠰᠡᠭ᠌᠂ ᠡᠰᠡᠭᠦᠯ᠎ᠡ ᠬᠠᠮᠤᠭ ᠳᠡᠷᠢᠭᠦᠨ ᠤ ᠥᠭᠡ ᠭᠡᠯᠡ ᠬᠠᠮᠤᠭ ᠳᠦᠷᠦᠭᠦᠨ ᠤ ᠰᠤᠯᠢᠯᠴᠠᠭ᠎ᠠ ᠮᠠᠢ᠌ᠮᠠᠢ ᠭᠡᠭᠦ ᠮᠠᠳᠤᠴᠢᠯᠠᠨ ᠮᠠᠰᠢ ᠣᠯᠠᠨ ᠪᠠᠢ᠌ᠳᠠᠭ᠃

② ᠳᠡᠷᠢᠭᠦᠨ ᠤ ᠰᠤᠶᠤᠯ

ᠳᠡᠷᠢᠭᠦᠨ ᠤ ᠰᠤᠶᠤᠯ ᠭᠡᠵᠤ ᠣᠤᠯ ᠤᠨ ᠠᠩᠬᠠᠨ ᠤ ᠰᠤᠶᠤᠯ ᠪᠠᠨ ᠪᠣᠳᠤᠪᠠᠯ ᠳᠠᠪᠰᠢᠭᠰᠠᠨ ᠰᠤᠶᠤᠯ ᠪᠦᠭᠦᠨ ᠢ ᠶᠡᠷᠦᠩᠭᠡᠢ᠌ᠯᠡᠨ ᠵᠢᠭᠠᠨ᠎ᠠ᠃ ᠶᠠᠷᠤ ᠶᠢᠨ ᠪᠠᠢ᠌ᠳᠠᠯ ᠳᠤᠤᠷ᠎ᠠ ᠳᠡᠷᠢᠭᠦᠨ ᠤ ᠰᠤᠶᠤᠯ ᠢ ᠳᠠᠪᠰᠢᠭᠰᠠᠨ ᠰᠤᠶᠤᠯ ᠪᠠ ᠬᠤᠴᠤᠷᠤᠩᠭ᠋ᠤᠢ ᠰᠤᠶᠤᠯ ᠭᠡᠵᠤ ᠬᠤᠶᠠᠷ ᠳᠦᠷᠤᠯ ᠳᠤ ᠠᠩᠭᠢᠯᠠᠨ᠎ᠠ᠃ ᠳᠠᠪᠰᠢᠭᠰᠠᠨ ᠰᠤᠶᠤᠯ ᠭᠡᠵᠤ ᠨᠡᠢ᠌ᠭᠡᠮ ᠤᠨ ᠱᠠᠭᠠᠷᠳᠠᠯᠭ᠎ᠠ ᠲᠡᠶ ᠨᠠᠢ᠌ᠴᠠᠵᠤ᠂ ᠨᠡᠢ᠌ᠭᠡᠮ ᠢ ᠠᠭᠢᠭᠤᠯᠬᠤ ᠪᠠ ᠲᠦᠯᠭᠢᠬᠤ ᠣᠢ᠌ᠯᠠᠳᠤᠯ ᠲᠡᠶ ᠰᠤᠶᠤᠯ ᠢ ᠶᠡᠷᠦᠩᠭᠡᠢ᠌ᠯᠡᠨ ᠵᠢᠭᠠᠨ᠎ᠠ᠃ ᠬᠤᠴᠤᠷᠤᠩᠭ᠋ᠤᠢ ᠰᠤᠶᠤᠯ ᠭᠡᠵᠤ ᠨᠢᠭᠡ ᠰᠤᠶᠤᠯ ᠤᠨ ᠭᠡᠰᠡᠭ᠌ ᠬᠤᠭᠤᠴᠠᠭ᠎ᠠ ᠭᠦᠭ᠍ᠵᠢᠭᠡᠳ ᠵᠤᠭᠰᠦᠩᠭᠤᠢᠷᠠᠭᠰᠠᠨ ᠤ ᠰᠡᠭᠦᠯᠡᠷ᠂ ᠡᠰᠡᠭᠦᠯ᠎ᠡ ᠳᠤᠬᠠᠢ ᠶᠢᠨ ᠴᠠᠭ ᠦᠶ᠎ᠡ ᠲᠡᠶ ᠨᠠᠢ᠌ᠴᠠᠵᠤ ᠳᠡᠢ᠌ᠯᠭᠦ ᠦᠭᠡᠶ ᠰᠤᠶᠤᠯ᠂ ᠡᠰᠡᠭᠦᠯ᠎ᠡ ᠨᠢᠭᠡ ᠦᠨᠳᠦᠰᠦᠳᠠᠨ ᠶᠠᠰᠤᠳᠠᠨ ᠠᠭᠤᠰᠤᠨ ᠰᠢᠩᠭᠡᠷᠡᠭ᠍ᠰᠡᠨ ᠤ ᠳᠠᠷᠠᠭᠠᠭᠢ ᠳᠤᠰ ᠦᠨᠳᠦᠰᠦᠳᠠᠨ ᠤ ᠰᠤᠶᠤᠯ᠂ ᠡᠰᠡᠭᠦᠯ᠎ᠡ ᠣᠰᠠᠳᠬᠤ ᠠᠶᠤᠯ ᠲᠡᠶ ᠰᠤᠶᠤᠯ ᠪᠦᠭᠦᠨ ᠢ ᠬᠤᠷᠢᠶᠠᠩᠭ᠋ᠣᠢ᠌ᠯᠠᠨ ᠪᠠᠭᠳᠠᠭᠠᠭᠠᠤᠨ ᠬᠤᠴᠤᠷᠤᠩᠭ᠋ᠤᠢ ᠰᠤᠶᠤᠯ ᠭᠡᠪᠡ᠃ ᠳᠠᠪᠰᠢᠭᠰᠠᠨ ᠰᠤᠶᠤᠯ ᠨᠢ ᠥᠨᠡᠨᠳᠡᠭᠡᠨ ᠬᠤᠴᠤᠷᠤᠩᠭ᠋ᠤᠢ ᠰᠤᠶᠤᠯ ᠪᠣᠯᠵᠤ ᠪᠠᠢ᠌ᠭ᠎ᠠ ᠶᠤᠮ᠃ ᠨᠢᠭᠡ ᠦᠨᠳᠦᠰᠦᠳᠠᠨ ᠶᠠᠰᠤᠳᠠᠨ ᠤ ᠰᠤᠶᠤᠯ᠂ ᠵᠠᠩ ᠠᠷᠠᠠᠰᠢᠨ᠂ ᠠᠮᠢᠳᠤᠷᠠᠯ ᠠᠬᠤᠢ᠂ ᠵᠡᠷᠭᠡ ᠨᠢ ᠳᠤᠬᠠᠢ ᠶᠢᠨ ᠴᠠᠭ ᠦᠶ᠎ᠡ ᠲᠡᠶ ᠪᠠᠨ ᠨᠡᠢ᠌ᠴᠡᠭᠦ ᠦᠭᠡᠶ ᠪᠣᠯᠬᠤ ᠪᠦᠭᠡᠳ ᠬᠠᠷᠢᠯᠴᠠᠨ ᠳᠦᠯᠭᠢᠯᠴᠡᠭᠦ ᠪᠣᠶᠤ ᠪᠣᠰᠤᠳ ᠰᠤᠶᠤᠯ ᠢ ᠳᠠᠭᠠᠵᠤ ᠳᠡᠢ᠌ᠯᠭᠦ ᠦᠭᠡᠶ᠂ ᠨᠡᠢ᠌ᠭᠡᠮ ᠤᠨ ᠰᠠᠭᠠᠷᠳᠠᠯᠭ᠎ᠠ ᠳᠤ ᠵᠤᠭᠢᠴᠠᠵᠤ ᠴᠢᠳᠠᠬᠤ ᠦᠭᠡᠶ ᠬᠠᠷᠢᠯᠴᠠᠨ ᠨᠥᠯᠡᠭᠡᠯᠡᠯᠴᠡᠭᠦ ᠪᠦᠭᠦ ᠰᠤᠶᠤᠯ ᠢ ᠪᠠᠭᠳᠠᠭᠠᠨ᠎ᠠ᠃ ᠡᠨᠡ ᠪᠣᠯ ᠶᠠᠭᠤᠨ ᠳᠤ ᠳᠠᠪᠰᠢᠭᠰᠠᠨ ᠰᠤᠶᠤᠯ ᠬᠤᠴᠤᠷᠤᠩᠭ᠋ᠤᠢ ᠰᠤᠶᠤᠯ ᠪᠣᠯᠵᠤ ᠪᠠᠢ᠌ᠬᠤ ᠶᠢᠨ ᠭᠤᠤᠯ ᠢᠯᠠᠷᠠᠯ ᠪᠣᠯᠬᠤ ᠶᠤᠮ᠃

ᠡᠨᠡ ᠳᠤᠬᠠᠢ ᠡᠰᠢᠯᠡᠪᠠᠯ᠄ ᠳᠠᠪᠰᠢᠭᠰᠠᠨ ᠰᠤᠶᠤᠯ ᠬᠤᠴᠤᠷᠤᠩᠭ᠋ᠤᠢ ᠰᠤᠶᠤᠯ ᠪᠣᠯᠵᠤ ᠪᠠᠢ᠌ᠭ᠎ᠠ ᠥᠵᠡᠭ᠍ᠳᠡᠯ ᠣᠯᠠᠨ ᠪᠠᠢ᠌ᠨ᠎ᠠ᠃ ᠤᠢ᠌ᠷ᠎ᠡ ᠪᠡᠷ ᠭᠡᠯᠡᠪᠠᠯ᠄ ᠪᠠᠷ ᠭᠡᠪᠯᠡᠯ ᠪᠣᠯ ᠳᠤᠬᠠᠢ ᠶᠢᠨ ᠴᠠᠭ ᠦᠶ᠎ᠡ ᠳᠡᠭᠡᠨ ᠬᠠᠮᠤᠭ ᠡᠴᠡ ᠳᠠᠪᠠᠭᠰᠠᠨ ᠳᠠᠪᠰᠢᠩᠭ᠋ᠤᠢ ᠰᠤᠶᠤᠯ ᠪᠣᠯᠬᠤ ᠶᠤᠮ᠃ ᠭᠡᠪᠠᠴᠤ ᠡᠨᠡ ᠴᠠᠭ ᠡᠷᠡᠨ ᠳᠤ ᠪᠠᠷ ᠭᠡᠪᠯᠡᠯ ᠡᠴᠡ ᠬᠤᠯᠠ ᠳᠠᠪᠠᠭᠰᠠᠨ ᠥᠰᠦᠭ᠌ ᠳᠠᠷᠤᠮᠠᠯᠠᠬᠤ ᠮᠠᠰᠢᠨ ᠣᠷᠤᠯᠠᠭᠰᠠᠨ ᠶᠠᠪᠣᠳᠠᠯ᠂ ᠡᠨᠡ ᠮᠠ‍‌ᠶᠢᠭ ᠤᠨ ᠵᠢᠱᠢᠶ᠎ᠠ ᠵᠥᠩᠳᠡᠭᠡᠨ ᠪᠠᠢ᠌ᠬᠤ ᠶᠤᠮ᠃ ᠡᠭᠦᠨ ᠡᠴᠡ ᠦᠵᠡᠵᠤ ᠭᠠᠷᠬᠤ ᠨᠢ ᠣᠤᠯ ᠳᠠᠭᠠᠨ ᠳᠠᠪᠰᠢᠭᠰᠠᠨ ᠳᠡᠷᠢᠭᠦᠨ ᠤ ᠮᠡᠷᠭᠡᠵᠢᠯ ᠭᠡᠵᠤ ᠭᠠᠢ᠌ᠬᠠᠭᠳᠠᠵᠤ ᠪᠠᠢ᠌ᠭᠰᠠᠨ ᠡᠴᠡ ᠪᠠᠨ ᠴᠠᠭ ᠦᠶ᠎ᠡ ᠶᠢᠨ ᠥᠩᠭᠡᠷᠡᠭᠦ ᠶᠢ ᠳᠠᠭᠠᠯᠳᠤᠨ ᠦᠪᠡᠷ ᠡᠴᠡ ᠨᠢ ᠳᠠᠪᠠᠭᠰᠠᠨ ᠰᠢᠨ᠎ᠠ ᠮᠡᠷᠭᠡᠵᠢᠯ ᠭᠠᠷᠤᠭᠰᠠᠨ ᠡᠴᠡ ᠳᠤᠬᠠᠢ ᠶᠢᠨ ᠴᠠᠭ ᠦᠶ᠎ᠡ ᠶᠢᠨ ᠳᠠᠪᠰᠢᠭᠰᠠᠨ ᠮᠡᠷᠭᠡᠵᠢᠯ ᠬᠤᠴᠤᠷᠤᠩᠭ᠋ᠤᠢ ᠮᠡᠷᠭᠡᠵᠢᠯ ᠪᠣᠯᠤᠭᠰᠠᠨ ᠶᠤᠮ᠃ ᠡᠢ᠌ᠮᠤ ᠡᠴᠡ ᠳᠠᠪᠰᠢᠭᠰᠠᠨ ᠰᠤᠶᠤᠯ ᠪᠣᠢ ᠪᠣᠯᠬᠤ ᠶᠢ ᠳᠠᠭᠠᠯᠳᠤᠨ ᠬᠤᠴᠤᠷᠤᠩᠭ᠋ᠤᠢ ᠰᠤᠶᠤᠯ ᠪᠣᠢ ᠪᠣᠯᠳᠠᠭ ᠪᠠᠢ᠌ᠨ᠎ᠠ᠃

ᠳᠠᠪᠰᠢᠭᠰᠠᠨ ᠰᠤᠶᠤᠯ ᠶᠠᠭᠠᠭᠢᠬᠤ ᠳᠠᠭᠠᠨ ᠬᠤᠴᠤᠷᠤᠩᠭ᠋ᠤᠢ ᠰᠤᠶᠤᠯ ᠪᠣᠯᠵᠤ ᠪᠠᠢ᠌ᠭ᠎ᠠ ᠶᠢᠨ ᠧᠯᠮᠸᠨ᠋ᠲ᠋᠄

① ᠲᠦᠯᠭᠢᠭᠦ ᠭᠦᠴᠤᠨ ᠤ ᠰᠤᠶᠤᠯ

② ᠰᠠᠯᠤᠩᠭᠢ ᠭᠦᠴᠤᠨ ᠤ ᠰᠤᠶᠤᠯ

③ ᠭᠢᠵᠠᠭᠠᠷᠯᠠᠯ ᠭᠦᠴᠤᠨ ᠤ ᠰᠤᠶᠤᠯ

ᠲᠦᠯᠭᠢᠭᠦ ᠭᠦᠴᠤᠨ ᠤ ᠰᠤᠶᠤᠯ ᠭᠡᠵᠤ ᠨᠢᠭᠡ ᠣᠭᠰᠠᠭ᠎ᠠ ᠶᠠᠰᠤᠳᠠᠨ ᠤ ᠨᠢᠭᠡ ᠱᠠᠳᠤ ᠦᠶ᠎ᠡ ᠡᠴᠡ ᠨᠥᠭᠦᠭᠡ ᠱᠠᠳᠤ ᠦᠶ᠎ᠡ ᠳᠤ ᠳᠠᠪᠰᠢᠵᠤ ᠣᠷᠤᠬᠤ ᠳᠤ ᠲᠦᠯᠭᠢᠭᠦ ᠭᠦᠴᠤᠨ ᠤ ᠣᠢ᠌ᠯᠠᠳᠤᠯ ᠥᠵᠡᠭᠦᠯᠵᠤ ᠪᠠᠢ᠌ᠭ᠎ᠠ ᠰᠤᠶᠤᠯ ᠢ ᠵᠢᠭᠠᠨ᠎ᠠ᠃ ᠶᠠᠭ ᠡᠭᠦᠨ ᠤ ᠡᠰᠡᠷᠭᠦ ᠲᠦᠯᠭᠢᠭᠦ ᠭᠦᠴᠤᠨ ᠶᠢᠡᠨ ᠠᠯᠳᠠᠭᠰᠠᠨ ᠪᠣᠶᠤ᠂ ᠲᠦᠯᠭᠢᠭᠦ ᠭᠦᠴᠤᠨ ᠨᠢ ᠪᠠᠭ᠎ᠠ ᠡᠴᠡ ᠪᠣᠯᠵᠤ ᠬᠤᠴᠤᠷᠤᠩᠭ᠋ᠤᠢ ᠰᠤᠶᠤᠯ ᠠᠮᠠᠷᠬᠠᠨ ᠡᠭᠦᠰᠦᠨ᠎ᠡ᠃ ᠰᠠᠯᠤᠩᠭᠢ ᠭᠦᠴᠤᠨ ᠤ ᠰᠤᠶᠤᠯ ᠭᠡᠵᠤ ᠭᠡᠵᠤ ᠨᠢᠭᠡ ᠣᠭᠰᠠᠭ᠎ᠠ ᠶᠠᠰᠤᠳᠠᠨ ᠤ ᠨᠢᠭᠡ ᠱᠠᠳᠤ ᠦᠶ᠎ᠡ ᠡᠴᠡ ᠨᠥᠭᠦᠭᠡ ᠱᠠᠳᠤ ᠦᠶ᠎ᠡ ᠳᠤ ᠳᠠᠪᠰᠢᠵᠤ ᠣᠷᠤᠬᠤ ᠳᠤ ᠥᠭᠡᠷ᠎ᠡ ᠦᠨᠳᠦᠰᠦᠳᠠᠨ ᠶᠠᠰᠤᠳᠠᠨ ᠤ ᠰᠤᠶᠤᠯ ᠢ ᠠᠭᠤᠰᠬᠠᠨ ᠰᠢᠩᠭᠡᠭᠡᠭᠦ ᠴᠢᠳᠠᠪᠣᠷᠢᠳᠠᠢ ᠰᠤᠶᠤᠯ ᠢ ᠵᠢᠭᠠᠨ᠎ᠠ᠃ ᠶᠠᠭ ᠡᠰᠡᠷᠭᠦ ᠪᠠᠷ ᠠᠭᠤᠰᠬᠠᠨ ᠰᠢᠩᠭᠡᠭᠡᠭᠦ ᠴᠢᠳᠠᠪᠣᠷᠢ ᠦᠭᠡᠶ ᠰᠠᠯᠤᠩᠭᠢ ᠭᠦᠴᠤᠨ ᠰᠤᠯᠠᠷᠠᠭᠰᠠᠨ ᠡᠴᠡ ᠬᠤᠴᠤᠷᠤᠩᠭ᠋ᠤᠢ ᠰᠤᠶᠤᠯ ᠠᠮᠠᠷᠬᠠᠨ ᠡᠭᠦᠰᠦᠨ᠎ᠡ᠃ ᠭᠢᠵᠠᠭᠠᠷᠯᠠᠯ ᠤᠨ ᠭᠦᠴᠤᠨ ᠤ ᠰᠤᠶᠤᠯ ᠭᠡᠵᠤ ᠨᠢᠭᠡ ᠣᠭᠰᠠᠭ᠎ᠠ ᠶᠠᠰᠤᠳᠠᠨ ᠤ ᠳᠤᠬᠠᠢ ᠶᠢᠨ ᠱᠠᠳᠤ ᠦᠶ᠎ᠡ ᠶᠢᠨ ᠱᠠᠭᠠᠷᠳᠠᠯᠭ᠎ᠠ ᠡᠴᠡ ᠪᠣᠯᠵᠤ ᠳᠤᠰ ᠰᠤᠶᠤᠯ ᠨᠠᠢ᠌ᠴᠠᠵᠤ ᠴᠢᠳᠠᠬᠤ ᠦᠭᠡᠶ ᠡᠴᠡ ᠪᠣᠯᠵᠤ ᠳᠤᠰ ᠪᠠᠶ᠎ᠠ ᠳᠡᠭᠡᠨ ᠭᠢᠵᠠᠭᠠᠷᠯᠠᠭᠳᠠᠬᠤ ᠰᠤᠶᠤᠯ ᠢ ᠵᠢᠭᠠᠨ᠎ᠠ᠃ ᠭᠡᠷᠪᠡ ᠭᠢᠵᠠᠭᠠᠷᠯᠠᠯ ᠤᠨ ᠭᠦᠴᠤᠨ ᠤ ᠰᠤᠶᠤᠯ ᠤᠨ ᠭᠢᠵᠠᠭᠠᠷᠯᠠᠯ ᠤᠨ ᠭᠦᠷᠢᠶ᠎ᠡ ᠭᠡᠪᠴᠢᠶ᠎ᠡ ᠨᠢ ᠣᠯᠠᠮ ᠢᠪᠴᠠᠤ ᠪᠣᠯᠬᠤ ᠳᠤᠳᠤᠮ ᠬᠤᠴᠤᠷᠤᠩᠭ᠋ᠤᠢ ᠰᠤᠶᠤᠯ ᠪᠣᠯᠬᠤ ᠨᠢ ᠣᠯᠠᠮ ᠳᠦᠷᠭᠡᠰᠦᠨ᠎ᠡ᠃ ᠡᠳᠡᠭᠡᠷ ᠭᠤᠷᠪᠠᠨ ᠨᠥᠭᠦᠴᠯ ᠡᠴᠡ ᠪᠣᠯᠵᠤ ᠳᠠᠪᠰᠢᠭᠰᠠᠨ ᠰᠤᠶᠤᠯ ᠬᠤᠴᠤᠷᠤᠩᠭ᠋ᠤᠢ ᠰᠤᠶᠤᠯ ᠪᠣᠯᠵᠤ ᠪᠠᠢ᠌ᠭ᠎ᠠ ᠶᠤᠮ᠃

ᠳᠡᠷᠢᠭᠦᠨ ᠤ ᠰᠤᠶᠤᠯ ᠶᠠᠭᠠᠭᠢᠵᠤ ᠳᠠᠪᠰᠢᠵᠤ᠂ ᠶᠠᠭᠠᠭᠢᠵᠤ ᠬᠤᠴᠤᠷᠤᠭᠰᠠᠨ ᠴᠤ ᠠᠩᠬᠠᠨ ᠤ ᠰᠤᠶᠤᠯ ᠲᠡᠶ ᠬᠠᠷᠢᠴᠠᠭᠤᠯᠵᠤ ᠪᠣᠯᠤᠰᠢ ᠦᠭᠡᠶ ᠶᠤᠮ᠃ ᠣᠴᠢᠷ ᠨᠢ ᠠᠩᠬᠠᠨ ᠤ ᠰᠤᠶᠤᠯ ᠤᠨ ᠰᠠᠭᠤᠷᠢᠨ ᠳᠡᠭᠡᠷ᠎ᠡ ᠬᠠᠷᠢᠯᠴᠠᠨ ᠨᠥᠯᠦᠭᠡᠯᠡᠯᠴᠡᠵᠤ᠂ ᠬᠠᠷᠢᠯᠴᠠᠨ ᠲᠦᠯᠭᠢᠯᠴᠡᠨ ᠰᠠ‍‌ᠶᠢ ᠳᠡᠷᠢᠭᠦᠨ ᠤ ᠰᠤᠶᠤᠯ ᠪᠣᠢ ᠪᠣᠯᠳᠠᠭ ᠪᠣᠯᠬᠤᠷ ᠠᠩᠬᠠᠨ ᠤ ᠰᠤᠶᠤᠯ ᠲᠡᠶ ᠬᠠᠷᠢᠴᠠᠭᠤᠯᠬᠤ ᠶᠢᠨ ᠠᠷᠭ᠎ᠠ ᠦᠭᠡᠶ᠃

③ ᠰᠢᠨ᠎ᠠ ᠰᠤᠶᠤᠯ

ᠰᠢᠨ᠎ᠠ ᠰᠤᠶᠤᠯ ᠭᠡᠳᠡᠭ᠌ ᠪᠣᠯ ᠠᠩᠬᠠᠨ ᠤ ᠰᠤᠶᠤᠯ ᠪᠠ ᠳᠡᠷᠢᠭᠦᠨ ᠤ ᠰᠤᠶᠤᠯ ᠤᠨ ᠬᠠᠷᠢᠯᠴᠠᠨ ᠠᠭᠤᠰᠠᠯᠴᠠᠨ᠂ ᠬᠠᠷᠢᠯᠴᠠᠨ ᠣᠶᠠᠯᠳᠤᠵᠤ᠂ ᠬᠠᠷᠢᠯᠴᠠᠨ ᠲᠦᠯᠭᠢᠯᠴᠠᠵᠤ ᠰᠢᠨ᠎ᠠ ᠰᠤᠶᠤᠯ ᠢ ᠡᠭᠦᠰᠭᠡᠳᠡᠭ᠌᠃ ᠰᠢᠨ᠎ᠠ ᠰᠤᠶᠤᠯ ᠪᠣᠢ ᠪᠣᠯᠬᠤ ᠨᠢ ᠨᠡᠢ᠌ᠭᠡᠮ᠂ ᠱᠠᠳᠤ ᠦᠶ᠎ᠡ ᠶᠢᠨ ᠵᠤᠭᠢᠬᠤ ᠭᠡᠮᠵᠢᠶᠡᠨ ᠤ ᠱᠠᠭᠠᠷᠳᠠᠯᠭ᠎ᠠ ᠪᠣᠯᠬᠤ ᠶᠤᠮ᠃ ᠭᠡᠪᠠᠴᠤ ᠰᠢᠨ᠎ᠠ ᠰᠤᠶᠤᠯ ᠪᠦᠭᠦᠨ ᠰᠤᠷᠭᠤᠭ ᠰᠤᠶᠤᠯ ᠪᠢᠰᠢ᠃ ᠰᠢᠨ᠎ᠠ ᠰᠤᠶᠤᠯ ᠭᠡᠳᠡᠭ᠌ ᠢ ᠪᠣᠳᠠᠳᠠᠢ᠌ᠵᠢᠭᠤᠯᠪᠠᠯ ᠳᠠᠷᠤᠢ ᠧᠯᠧᠺᠲ᠋ᠷᠤᠨ᠂ ᠮᠠᠰᠢᠨ᠂ ᠭᠠᠷ ᠣᠳᠠᠰᠤ᠁ ᠭᠡᠭᠦ ᠮᠠᠳᠤ ᠪᠠᠢ᠌ᠳᠠᠭ᠃ ᠰᠢᠨ᠎ᠠ ᠰᠤᠶᠤᠯ ᠪᠣᠢ ᠪᠣᠯᠬᠤ ᠶᠢ ᠳᠠᠭᠠᠯᠳᠤᠨ ᠨᠡᠢ᠌ᠭᠡᠮ ᠨᠠᠢ᠌ᠳᠠ ᠳᠤ ᠵᠤᠭᠢᠬᠤ ᠭᠡᠮᠵᠢᠶᠡᠨ ᠤ ᠬᠠᠷᠰᠢ ᠰᠠᠭᠠᠤᠨ ᠪᠠ ᠳᠠᠪᠰᠢᠯ ᠢ ᠠᠪᠴᠢᠷᠳᠠᠩ ᠶᠤᠮ᠃ ᠰᠢᠨ᠎ᠠ ᠰᠤᠶᠤᠯ ᠪᠣᠢ ᠪᠣᠯᠬᠤ ᠶᠢ ᠳᠠᠭᠠᠯᠳᠤᠨ ᠵᠠᠷᠢᠮ ᠦᠨᠳᠦᠰᠦᠳᠠᠨ ᠶᠠᠰᠤᠳᠠᠨ ᠡᠨᠡᠭᠦ ᠰᠢᠨ᠎ᠠ ᠰᠤᠶᠤᠯ ᠢ ᠰᠢᠩᠭᠡᠭᠡᠨ ᠠᠪᠴᠤ ᠳᠡᠢ᠌ᠯᠭᠦ ᠦᠭᠡᠶ ᠪᠣᠴᠠᠭᠠᠤᠨ ᠰᠢᠨ᠎ᠠ ᠰᠤᠶᠤᠯ ᠳᠤ ᠵᠠᠷᠤᠴᠠᠭᠤᠯᠠᠭᠳᠠᠬᠤ ᠥᠵᠡᠭ᠍ᠳᠡᠯ ᠴᠤ ᠪᠠᠢ᠌ᠳᠠᠭ᠃ ᠰᠢᠨ᠎ᠠ ᠰᠤᠶᠤᠯ ᠪᠣᠢ ᠪᠣᠯᠤᠭᠰᠠᠨ ᠤ ᠳᠡᠷᠠᠭ᠎ᠠ ᠨᠡᠢ᠌ᠭᠡᠮ ᠨᠠᠢ᠌ᠳᠠ ᠳᠤ ᠵᠤᠭᠢᠬᠤ ᠭᠡᠮᠵᠢᠶᠡᠨ ᠤ ᠨᠥᠯᠦᠭᠡ ᠳᠤᠰᠬᠠᠯ ᠥᠵᠡᠭᠦᠯᠦᠭ᠍ᠰᠡᠨ ᠤ ᠳᠠᠷᠠᠭ᠎ᠠ ᠠᠭᠠᠵᠢᠮ ᠳᠠᠭᠠᠨ ᠳᠠᠪᠰᠢᠩᠭ᠋ᠤᠢ ᠰᠤᠶᠤᠯ ᠡᠴᠡ ᠪᠠᠨ ᠬᠤᠴᠤᠷᠤᠩᠭ᠋ᠤᠢ ᠰᠤᠶᠤᠯ ᠳᠠᠰᠢ ᠣᠯᠠᠷᠢᠨ ᠬᠤᠪᠢᠰᠳᠠᠭ ᠶᠤᠮ᠃

ᠡᠢ᠌ᠮᠤ ᠡᠴᠡ ᠰᠤᠶᠤᠯ ᠠᠩᠬᠠᠨ ᠤ ᠰᠤᠶᠤᠯ ᠡᠴᠡ ᠪᠠᠨ ᠳᠡᠷᠢᠭᠦᠨ ᠤ ᠰᠤᠶᠤᠯ ᠳᠤ ᠰᠢᠯᠵᠢᠨ ᠳᠠᠪᠰᠢᠨ ᠣᠷᠤᠭᠰᠠᠨ ᠤ ᠳᠠᠷᠠᠭ᠎ᠠ᠂ ᠴᠠᠭ ᠦᠶ᠎ᠡ ᠶᠢᠨ ᠥᠩᠭᠡᠷᠡᠯᠳᠡ ᠡᠴᠡ ᠪᠣᠯᠵᠤ ᠬᠤᠴᠤᠷᠤᠩᠭ᠋ᠤᠢ ᠰᠤᠶᠤᠯ ᠳᠤ ᠰᠢᠯᠵᠢᠨ᠂ ᠨᠡᠢ᠌ᠭᠡᠮ ᠤᠨ ᠰᠢᠯᠢᠯᠳᠠ ᠪᠠ ᠴᠠᠭ ᠦᠶ᠎ᠡ ᠶᠢᠨ ᠱᠠᠭᠠᠷᠳᠠᠯᠭ᠎ᠠ ᠪᠡᠷ ᠣᠰᠠᠳᠤᠨ ᠬᠠᠢ᠌ᠯᠠᠬᠤ ᠵᠢᠮ᠎ᠠ ᠳᠠᠷᠠᠭ᠎ᠠ ᠲᠡᠶ ᠰᠠᠠᠵᠢ᠃ ᠣᠳᠤ ᠶᠢᠨ ᠨᠡᠢ᠌ᠭᠡᠮ ᠤᠨ ᠱᠠᠭᠠᠷᠳᠠᠯᠭ᠎ᠠ ᠪᠠ ᠠᠵᠤ ᠠᠬᠤᠢ ᠶᠢᠨ ᠨᠥᠭᠦᠴᠡᠯ ᠰᠢᠯᠳᠠᠭᠠᠨ᠂ ᠵᠠᠬ᠎ᠠ ᠳᠡᠯᠭᠡᠭᠦᠷ ᠤᠨ ᠦᠷᠢᠰᠦᠯᠳᠡᠭᠡᠨ ᠡᠴᠡ ᠰᠢᠨ᠎ᠠ ᠰᠤᠶᠤᠯ ᠪᠣᠢ ᠪᠣᠯᠬᠤ ᠨᠢ ᠣᠯᠠᠰᠢᠷᠠᠨ ᠶᠠᠪᠣᠬᠤ ᠳᠤᠳᠤᠮ ᠭᠦᠮᠦᠰ ᠲᠤ ᠳᠤᠯᠭᠠᠮ᠎ᠠ ᠱᠠᠭᠠᠷᠳᠠᠭᠳᠠᠵᠤ ᠪᠠᠢ᠌ᠬᠤ ᠶᠤᠮ᠃

ᠭᠡᠳᠥᠢ᠌ᠪᠠᠷ ᠰᠢᠨ᠎ᠠ ᠰᠤᠶᠤᠯ ᠠᠷᠪᠢᠳᠤᠪᠠᠴᠤ ᠰᠢᠨ᠎ᠠ ᠰᠤᠶᠤᠯ ᠪᠦᠭᠦᠨ ᠢ ᠰᠢᠩᠭᠡᠭᠡᠨ ᠠᠭᠤᠰᠬᠠᠬᠤ ᠴᠢᠬᠤᠯᠠᠳᠠᠢ ᠭᠡᠰᠡᠨ ᠶᠠᠪᠣᠳᠠᠯ ᠦᠭᠡᠶ ᠶᠤᠮ᠃ ᠣᠠᠴᠠᠭᠠᠢ᠌ᠯᠠᠨ ᠵᠠᠷᠢᠮ ᠭᠦᠮᠦᠰ ᠬᠠᠷᠢ ᠶᠢᠨ ᠥᠭᠡ ᠭᠡᠯᠡ ᠥᠰᠦᠭ᠌ ᠪᠢᠴᠢᠭ᠌ ᠢ ᠰᠢᠨ᠎ᠠ ᠰᠤᠶᠤᠯ ᠳᠤ ᠪᠠᠭᠳᠠᠭᠠᠨ ᠦᠵᠡᠵᠤ ᠪᠠᠢ᠌ᠬᠤ ᠶᠤᠮ᠃ ᠦᠨᠡᠨ ᠳᠡᠭᠡᠨ ᠥᠭᠡ ᠭᠡᠯᠡ᠂ ᠥᠰᠦᠭ᠌ ᠪᠢᠴᠢᠭ᠌ ᠢ ᠰᠢᠨ᠎ᠠ ᠰᠤᠶᠤᠯ ᠭᠡᠪᠠᠯ ᠳᠡᠩᠳᠡᠭᠦᠤ ᠭᠦᠡᠳᠦᠳᠭᠡᠨ ᠪᠣᠰᠤᠳ ᠤᠨ ᠶᠠᠭᠤᠮ᠎ᠠ ᠶᠢ ᠥᠭᠦᠨ ᠪᠢᠰᠢᠷᠠᠵᠤ ᠦᠪᠡᠷ ᠢ ᠪᠠᠨ ᠳᠤᠤᠷᠠᠰᠢᠶᠠᠨ ᠪᠠᠢ᠌ᠭ᠎ᠠ ᠶᠢᠨ ᠪᠣᠳᠠᠳᠤ ᠢᠯᠠᠷᠠᠯ ᠪᠣᠯᠬᠤ ᠶᠤᠮ᠃ ᠥᠭᠡ ᠭᠡᠯᠡ ᠥᠰᠦᠭ᠌ ᠪᠢᠴᠢᠭ᠌ ᠪᠣᠯ ᠪᠦᠷ ᠯᠠ ᠳᠠᠩ ᠰᠠᠴᠠᠭᠤ ᠮᠦᠷᠳᠡᠭᠡᠨ ᠰᠢᠨ᠎ᠠ ᠪᠣᠶᠤ ᠳᠠᠪᠰᠢᠭᠰᠠᠨ ᠭᠡᠵᠤ ᠪᠠᠢ᠌ᠬᠤ ᠦᠭᠡᠶ ᠶᠤᠮ᠃ ᠪᠦᠷ ᠯᠠ ᠦᠨᠳᠦᠰᠦᠳᠠᠨ ᠤ ᠰᠤᠶᠤᠯ ᠳᠤ ᠪᠠᠭᠳᠠᠳᠠᠭ ᠰᠤᠶᠤᠯ ᠪᠣᠯᠬᠤ ᠶᠤᠮ᠃

ᠣᠳᠤ ᠶᠢᠨ ᠪᠠᠢ᠌ᠳᠠᠯ ᠡᠴᠡ ᠡᠰᠢᠯᠡᠶ᠎ᠡ᠃ ᠮᠠᠨ ᠤ ᠣᠯᠤᠰ ᠭᠡᠳᠥᠢᠪᠠᠷ ᠭᠢᠳᠠᠤᠨ ᠭᠡᠯᠡ ᠣᠯᠠᠨ ᠨᠠᠢ᠌ᠳᠠ ᠶᠢᠨ ᠨᠡᠢ᠌ᠳᠡᠯᠢᠭ᠌ ᠭᠡᠯᠡ ᠪᠠᠢ᠌ᠭᠰᠠᠨ ᠴᠤ ᠵᠠᠪᠠᠯ ᠭᠢᠳᠠᠤᠨ ᠭᠡᠯᠡ ᠶᠢ ᠦᠪᠡᠷ ᠤᠨ ᠶᠢᠡᠨ ᠭᠡᠯᠡ ᠥᠰᠦᠭ᠌ ᠪᠣᠯᠭ᠎ᠠ ᠭᠡᠰᠡᠨ ᠬᠠᠤᠯᠢ ᠳᠦᠷᠢᠮ ᠪᠠᠢ᠌ᠭ᠎ᠠ ᠦᠭᠡᠶ᠂ ᠮᠦᠨ ᠴᠤ ᠪᠠᠢ᠌ᠵᠤ ᠪᠣᠯᠤᠰᠢ ᠦᠭᠡᠶ ᠶᠤᠮ᠃ ᠭᠡᠳᠡᠯ᠎ᠡ ᠵᠠᠷᠢᠮ ᠣᠬᠠᠮᠰᠠᠷ ᠦᠭᠡᠶ ᠭᠦᠮᠦᠰ ᠡᠨᠡᠭᠦ ᠵᠣᠢ᠌ᠯ ᠢ ᠡ᠊ᠨᠳᠡᠭᠦᠤ ᠰᠤᠯᠢᠭᠤ ᠪᠠᠷ ᠣᠢ᠌ᠯᠭᠠᠨ ᠰᠤᠬᠤᠷ ᠪᠠᠯᠠᠢ ᠪᠠᠷ ᠪᠣᠰᠤᠳ ᠢ ᠳᠠᠭᠤᠷᠢᠶᠠᠨ ᠦᠪᠡᠷ ᠤᠨ ᠶᠢᠡᠨ ᠥᠭᠡ ᠭᠡᠯᠡ ᠰᠤᠶᠤᠯ ᠢ ᠬᠠᠶᠠᠵᠤ ᠪᠠᠢ᠌ᠭ᠎ᠠ ᠶᠤᠮ᠃ ᠳᠡᠯᠡᠭᠡᠢ ᠨᠠᠢ᠌ᠳᠠ ᠶᠢᠨ ᠨᠠᠢ᠌ᠳᠠᠯᠢᠩ ᠭᠡᠯᠡ ᠶᠢ ᠠᠩᠭᠢᠯᠢ ᠭᠡᠯᠡ ᠶᠢᠡᠷ ᠳᠤᠭᠳᠠᠭᠠᠭᠰᠠᠨ ᠶᠤᠮ᠃ ᠳᠡᠭᠡᠪᠠᠯ ᠪᠦᠭᠦᠳᠡᠭᠡᠷ ᠶᠢᠡᠨ ᠦᠪᠡᠷ ᠤᠨ ᠭᠡᠯᠡ ᠥᠰᠦᠭ᠌ ᠶᠢᠡᠨ ᠬᠠᠶᠠᠵᠤ ᠠᠩᠭ᠍ᠯᠢ ᠭᠡᠯᠡ ᠪᠡᠷ ᠰᠤᠷᠬᠤ ᠭᠡᠵᠤ ᠤᠤ︖ ᠡᠨᠡ ᠪᠣᠯ ᠰᠢᠭᠤᠳ ᠦᠨᠳᠦᠰᠦᠳᠠᠨ ᠤ ᠳᠡᠭᠡᠷᠡᠩᠭᠦᠢ ᠦᠵᠡᠯ ᠪᠣᠯᠬᠤ ᠶᠤᠮ᠃ ᠬᠠᠷᠢᠨ ᠰᠢᠨ᠎ᠠ ᠰᠤᠶᠤᠯ ᠢ ᠠᠭᠤᠰᠬᠠᠨ ᠰᠢᠩᠭᠡᠭᠡᠵᠤ ᠪᠠᠢ᠌ᠭ᠎ᠠ ᠶᠠᠪᠣᠳᠠᠯ ᠪᠢᠰᠢ ᠶᠤᠮ᠃

ᠳᠠᠪᠣ᠂ ᠰᠤᠶᠤᠯ ᠤᠨ ᠶᠡᠷᠦᠩᠭᠡᠢ ᠮᠡᠳᠡᠭ᠍ᠳᠡᠭᠦᠨ

ᠰᠤᠶᠤᠯ ᠤᠨ ᠴᠠᠷ᠎ᠠ ᠭᠦᠷᠢᠶ᠎ᠡ᠂ ᠰᠢᠠᠵᠢ ᠴᠢᠨᠠᠷ᠂ ᠣᠬᠠᠭᠳᠠᠬᠤᠨ᠂ ᠠᠭᠤᠯᠭ᠎ᠠ ᠶᠢᠨ ᠪᠦᠭᠦ ᠳᠠᠯ᠎ᠠ ᠶᠢᠡᠷ ᠰᠢᠠᠵᠢᠯᠠᠨ ᠦᠵᠡᠪᠠᠯ ᠶᠡᠭᠡ ᠲᠦᠯᠤᠪ ᠰᠤᠶᠤᠯ ᠢ ᠳᠤᠭᠳᠠᠩᠭ᠋ᠤᠢ ᠰᠤᠶᠤᠯ ᠪᠠ ᠳᠤᠭᠳᠠᠩᠭ᠋ᠤᠢ ᠪᠣᠰᠤ ᠰᠤᠶᠤᠯ ᠭᠡᠵᠤ ᠬᠤᠶᠠᠷ ᠠᠩᠭᠢᠯᠠᠵᠤ ᠪᠣᠯᠤᠨ᠎ᠠ᠃

ᠳᠤᠭᠳᠠᠩᠭ᠋ᠤᠢ ᠰᠤᠶᠤᠯ ᠭᠡᠵᠤ ᠳᠤᠭᠳᠠᠭᠰᠠᠨ ᠭᠡᠪ ᠰᠢᠠᠵᠢᠳᠠᠢ ᠪᠣᠶᠤ ᠭᠡᠵᠢᠶᠡᠳᠡ ᠬᠤᠪᠢᠷᠠᠳᠠᠭ ᠦᠭᠡᠶ ᠪᠦᠭᠡᠳ ᠬᠤᠪᠢᠷᠠᠭᠠᠵᠤ ᠪᠣᠯᠳᠠᠭ ᠦᠭᠡᠶ ᠰᠤᠶᠤᠯ ᠢ ᠶᠡᠷᠦᠩᠭᠡᠢ᠌ᠯᠡᠨ ᠵᠢᠭᠠᠨ᠎ᠠ᠃ ᠡᠨᠡ ᠳᠤᠬᠠᠢ ᠡᠰᠢᠯᠡᠪᠠᠯ᠂ ᠭᠢᠳᠠᠤᠨ ᠤᠨ ᠳᠠᠪᠤᠨ ᠪᠢᠴᠢᠭ᠌ ᠳᠦᠷᠪᠠᠨ ᠨᠤᠮ᠂ ᠮᠤᠩᠭ᠋ᠤᠯ ᠤᠨ ᠨᠢᠭᠤᠴᠠ ᠳᠤᠪᠴᠢᠶᠠᠨ᠂ ᠵᠢᠩᠭ᠋ᠠᠷ᠂ ᠾᠧᠷᠢᠰᠲ᠋ᠤᠰ ᠤᠨ ᠱᠠᠰᠢᠨ ᠤ ᠠᠷᠢᠭᠤᠨ ᠨᠤᠮ᠂ ᠬᠤᠮᠸᠷ ᠤᠨ ᠳᠤᠤᠯᠢᠰ᠁ ᠵᠡᠷᠭᠡ ᠪᠣᠯᠬᠤ ᠶᠤᠮ᠃

ᠳᠤᠭᠳᠠᠩᠭ᠋ᠤᠢ ᠪᠣᠰᠤ ᠰᠤᠶᠤᠯ ᠭᠡᠵᠤ ᠣᠯᠠᠷᠢᠨ ᠬᠤᠪᠢᠷᠠᠳᠠᠭ ᠰᠤᠶᠤᠯ ᠪᠣᠶᠤ ᠳᠡᠷᠢᠭᠦᠨ ᠤ ᠪᠠ ᠰᠢᠨ᠎ᠠ ᠰᠤᠶᠤᠯ ᠳᠤ ᠣᠷᠤᠰᠢᠵᠤ ᠠᠭᠤᠯᠠᠭᠳᠠᠳᠠᠭ ᠶᠤᠮ᠃ ᠳᠤᠭᠳᠠᠩᠭ᠋ᠤᠢ ᠪᠣᠰᠤ ᠰᠤᠶᠤᠯ ᠪᠣᠯ ᠨᠢᠭᠡ ᠬᠤᠭᠤᠴᠠᠭ᠎ᠠ ᠳᠠᠪᠰᠢᠭᠰᠠᠨ ᠰᠤᠶᠤᠯ ᠪᠣᠶᠤ ᠰᠢᠨ᠎ᠠ ᠰᠤᠶᠤᠯ ᠤᠨ ᠡᠩᠨᠡᠭᠡ ᠳᠤ ᠪᠠᠢ᠌ᠭᠰᠠᠨ ᠶᠢᠨ ᠳᠠᠭᠢᠵᠤ ᠬᠤᠴᠤᠷᠤᠩᠭ᠋ᠤᠢ ᠰᠤᠶᠤᠯ ᠪᠣᠯᠵᠤ ᠬᠤᠪᠢᠷᠠᠳᠠᠭ᠃ ᠭᠡᠳᠡᠯ᠎ᠡ ᠵᠠᠷᠢᠮ ᠴᠠᠭ ᠦᠶ᠎ᠡ ᠶᠢᠨ ᠱᠠᠭᠠᠷᠳᠠᠯᠭ᠎ᠠ ᠡᠴᠡ ᠪᠣᠯᠵᠤ ᠬᠤᠴᠤᠷᠤᠩᠭ᠋ᠤᠢ ᠰᠤᠶᠤᠯ ᠪᠠᠰᠠ ᠳᠠᠭᠢᠨ ᠠᠮᠢᠯᠠᠨ ᠨᠢᠭᠡ ᠬᠤᠭᠤᠴᠠᠭ᠎ᠠ ᠳᠠᠪᠰᠢᠭᠰᠠᠨ ᠰᠤᠶᠤᠯ ᠪᠣᠯᠳᠠᠭ ᠥᠵᠡᠭ᠍ᠳᠡᠯ ᠪᠠᠢ᠌ᠳᠠᠭ᠃ ᠡᠨᠡ ᠪᠣᠯ ᠳᠠᠷᠤᠢ ᠳᠤᠭᠳᠠᠩᠭ᠋ᠤᠢ ᠪᠣᠰᠤ ᠰᠤᠶᠤᠯ ᠤᠨ ᠶᠡᠷᠦᠩᠭᠡᠢ ᠢᠯᠠᠷᠠᠯ ᠪᠣᠯᠤᠨ᠎ᠠ᠃

ᠪᠠᠭᠴᠠᠯᠠᠪᠠᠯ᠂ ᠰᠤᠶᠤᠯ ᠪᠣᠯ ᠭᠦᠮᠤᠨ ᠳᠦᠷᠤᠯᠭᠢᠳᠠᠨ ᠤ ᠣᠷᠤᠰᠢᠨ ᠠᠮᠢᠳᠤᠷᠠᠬᠤ ᠳᠤ ᠳᠤᠳᠠᠭᠳᠠᠵᠤ ᠪᠣᠯᠤᠰᠢ ᠦᠭᠡᠶ ᠨᠢᠭᠡ ᠶᠡᠭᠡ ᠠᠮᠢ ᠨᠠᠰᠤ ᠪᠣᠯᠬᠤ ᠶᠤᠮ᠃ ᠭᠦᠮᠤᠨ ᠳᠦᠷᠤᠯᠭᠢᠳᠠᠨ ᠰᠤᠶᠤᠯ ᠡᠴᠡ ᠬᠠᠭᠠᠴᠠᠵᠤ ᠰᠠᠯᠪᠠᠯ ᠳᠠᠭᠢᠨ ᠪᠠᠯᠠᠷ ᠡᠷᠳᠡᠨ ᠤ ᠭᠦᠮᠦᠰ ᠡᠴᠡ ᠪᠠᠨ ᠴᠠᠭᠠᠰᠢ ᠱᠠᠳᠤ ᠦᠶ᠎ᠡ ᠳᠤ ᠣᠷᠤᠬᠤ ᠭᠡᠳᠡᠭ᠌ ᠢ ᠡ᠊ᠨᠳᠡ ᠠᠩᠬᠠᠷᠤᠭᠤᠯᠤᠶ᠎ᠠ᠃ ᠰᠤᠶᠤᠯ ᠤᠨ ᠳᠤᠬᠠᠢ ᠠᠯᠢ ᠣᠯᠠᠨ ᠡᠷᠳᠡᠮᠳᠡᠨ ᠮᠡᠷᠭᠡᠳ ᠵᠠᠳᠠᠯᠤᠨ ᠰᠢᠡᠵᠢᠯᠡᠭᠡᠳ ᠢᠷᠡᠭ᠍ᠰᠡᠨ ᠴᠤ ᠪᠦᠷᠢᠨ ᠪᠦᠳᠤᠨ ᠵᠠᠳᠠᠯᠤᠭᠰᠠᠨ ᠭᠦᠮᠤᠨ ᠡᠳᠦᠢ ᠪᠣᠯᠳᠠᠯ᠎ᠠ ᠭᠠᠷᠤᠭ᠎ᠠ ᠦᠭᠡᠶ᠃ ᠡᠢ᠌ᠮᠤ ᠡᠴᠡ ᠰᠤᠶᠤᠯ ᠤᠨ ᠳᠤᠬᠠᠢ ᠡᠷᠳᠡᠮᠳᠡᠨ ᠮᠡᠷᠭᠡᠳ ᠢᠯᠡᠭᠦᠭᠡᠨ ᠵᠠᠳᠠᠯᠤᠨ ᠰᠢᠡᠵᠢᠯᠡᠭᠦ ᠪᠣᠯᠤᠭᠠᠰᠠᠢ᠃


ᠺᠦᠷᠠᠯ᠎ᠠ ᠬᠤᠳᠠᠨ᠎ᠠ

2008᠂ 7᠂ 8


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12119
ᠴᠠᠭ᠄ 2011 ᠤᠨ ᠤ 11 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ