ᠨᠡᠪᠲᠡᠷᠡᠨ ᠤᠷᠤᠬᠤ
ᠭᠢᠯᠢᠩ

ᠭᠢᠯᠢᠩ


ᠭᠡᠭᠦᠳᠡᠭ᠌ ᠳᠦᠭᠦᠷᠡᠩ ᠳᠦᠷᠡᠯᠵᠡᠭᠦ

ᠣᠳᠤᠭ᠎ᠠ ᠦᠭᠡᠶ ᠳᠣᠢ᠌ᠮᠠᠷ ᠶᠤᠮ᠂

ᠭᠡᠷᠡᠭᠦᠯ ᠵᠤᠳᠤᠭ᠎ᠠ ᠪᠠᠷ ᠳᠡᠭᠦᠰᠭᠦ

ᠦᠨ᠎ᠡ ᠦᠭᠡᠶ ᠱᠠᠩᠨᠠᠯ ᠶᠤᠮ᠃

ᠦᠨᠡᠨ ᠵᠦᠪ ᠶᠢᠡᠨ ᠣᠯᠤᠯᠴᠠᠪᠠᠯ

ᠣᠰᠤᠨ ᠵᠢᠷᠤᠭ᠎ᠠ ᠮᠤᠷᠢ ᠶᠤᠮ᠂

ᠦᠷᠭᠦᠯᠵᠢᠯᠡᠨ ᠠᠭᠠᠰᠢᠯᠠᠵᠤ ᠵᠠᠩᠨᠠᠪᠠᠯ

ᠣᠰᠤ ᠨᠢᠳᠦᠯᠡᠭᠦ ᠬᠠᠷᠠᠮᠰᠠᠯ ᠶᠤᠮ᠃

ᠪᠠᠶ᠎ᠠ ᠪᠠᠨ ᠪᠠᠷᠢᠵᠤ ᠳᠠᠢ᠌ᠯᠪᠠᠯ

ᠭᠡᠷ ᠲᠤ ᠳᠦᠷᠢᠭᠡᠰᠦᠳᠡᠢ ᠭᠢᠳᠤᠭ᠎ᠠ ᠶᠤᠮ᠂

ᠪᠢᠰᠢᠭᠦᠢ ᠨᠢᠳᠤᠷᠭ᠎ᠠ ᠵᠡᠩᠭᠢᠳᠦᠪᠠᠯ

ᠵᠢᠳᠠ ᠳᠤᠰᠤᠭᠰᠠᠨ ᠪᠠᠮᠪᠠᠢ ᠶᠤᠮ᠃


ᠨᠠᠪᠴᠢ


ᠨᠠᠪᠴᠢ ᠪᠣᠯ ᠨᠠᠮᠤᠷ ᠤᠨ ᠨᠢᠯᠪᠣᠰᠤ ᠶᠤᠮ

ᠭᠦᠷᠦᠰᠤ ᠪᠠᠨ ᠣᠮᠳᠠᠯᠠᠵᠤ

ᠭᠦᠭᠡᠷᠦᠭᠦᠨ ᠨᠡᠭᠢᠶ᠎ᠡ ᠪᠣᠯᠤᠨ ᠰᠤᠶᠤᠭᠠᠯᠠᠶ᠎ᠠ ᠭᠡᠰᠡᠨ

ᠭᠦᠳᠡᠰᠤᠨ ᠳᠡᠯᠡᠭᠡᠢ ᠶᠢᠨ ᠰᠦᠨᠠᠰᠤ ᠶᠤᠮ᠂

ᠨᠠᠪᠴᠢ ᠪᠣᠯ ᠬᠠᠪᠣᠷ ᠶᠢᠨ ᠣᠶᠠᠩᠭ᠋᠎ᠠ ᠶᠤᠮ

ᠡᠭᠡ ᠪᠠᠢ᠌ᠭᠠᠯᠢ ᠪᠠᠨ ᠦᠮᠴᠢᠯᠠᠵᠤ

ᠡᠷᠡᠭᠦᠯ ᠪᠦᠳᠤᠨ ᠠᠮᠢᠯᠠᠶ᠎ᠠ ᠭᠡᠰᠡᠨ

ᠡᠷᠭᠢᠭᠦ ᠪᠦᠮᠪᠦᠷᠴᠡᠭ᠌ ᠤᠨ ᠠᠨᠢᠰᠤ ᠶᠤᠮ᠂

ᠨᠠᠪᠴᠢ ᠪᠣᠯ ᠬᠤᠷᠸ᠎ᠠ ᠶᠢᠨ ᠭᠦᠰᠡᠯ ᠶᠤᠮ᠃

ᠴᠡᠴᠡᠭ᠌ ᠰᠢᠭ᠌ ᠦᠵᠡᠮᠵᠢ ᠦᠭᠡᠶ ᠴᠤ

ᠴᠠᠯ ᠨᠤᠭᠤᠭᠠᠨ ᠢᠳᠡᠭᠡᠯ ᠬᠠᠢ᠌ᠷᠠᠯᠠᠭᠰᠠᠨ

ᠴᠡᠩᠭᠡᠯ ᠪᠠᠶᠠᠷ ᠤᠨ ᠳᠠᠭᠤᠤ ᠶᠤᠮ᠃


ᠠᠳᠠᠭᠠᠷᠬᠠᠯ


ᠬᠤᠶᠠᠷ ᠬᠠᠷ᠎ᠠ ᠨᠢᠳᠤᠨ ᠡᠴᠡ

ᠭᠦᠮᠦᠰᠭᠡ ᠭᠠᠳᠠᠨ᠎ᠠ ᠪᠠᠢ᠌ᠳᠠᠭ ᠲᠤᠨᠢ

ᠰᠤᠷᠮᠤᠰᠤ ᠪᠠᠨ ᠦᠷᠤᠪᠳᠤᠵᠤ ᠠᠳᠠᠭᠠᠷᠬᠠᠨ᠎ᠠ

ᠭᠡᠯᠡ ᠭᠡᠳᠦᠢ ᠠᠠᠬᠠᠷ ᠴᠤ

ᠭᠦᠵᠦᠭᠦᠤ ᠭᠤᠷᠪᠠ ᠣᠷᠢᠶᠠᠳᠠᠭ ᠳᠤᠨᠢ

ᠣᠷᠤᠭᠤᠯ ᠡᠴᠡ ᠳᠠᠷᠰᠯᠠᠵᠤ ᠠᠳᠠᠭᠠᠷᠬᠠᠨ᠎ᠠ

ᠳᠤᠯᠤᠭᠠᠢ ᠴᠤᠮᠤᠷᠠᠭᠰᠠᠨ ᠢᠴᠢᠭᠦᠷᠢ ᠪᠠᠨ

ᠳᠤᠭᠤᠷᠴᠤᠭ ᠳᠤᠳᠤᠷ᠎ᠠ ᠪᠠᠨ ᠨᠢᠭᠤᠳᠠᠭ ᠳᠤᠨᠢ

ᠰᠤᠷᠪᠢ ᠦᠯᠠᠳᠠᠵᠤ ᠠᠳᠠᠭᠠᠷᠬᠠᠨ᠎ᠠ᠃

ᠣᠭᠢᠯᠠᠵᠤ ᠣᠷᠴᠢᠯᠠᠩ ᠳᠡᠭᠡᠷ᠎ᠡ ᠮᠡᠡᠳᠦᠯᠡᠭᠡᠳ

ᠣᠭᠢᠯᠠᠭᠤᠯᠵᠤ ᠬᠤᠷᠸ᠎ᠠ ᠡᠴᠡ ᠠᠩᠭᠢᠵᠢᠷᠠᠳᠠᠭ ᠳ᠋ᠤᠨᠢ

ᠮᠥᠩᠭᠡᠷᠡᠭᠦ ᠦᠭᠡᠶ ᠨᠠᠷ᠎ᠠ ᠶᠢᠨ ᠶᠢᠡᠨ ᠲᠦᠯᠦᠭᠡ ᠠᠳᠠᠭᠠᠷᠬᠠᠨ᠎ᠠ᠃


ᠣᠢ᠌ᠤᠠᠬᠠᠷ


ᠰᠡᠭᠦᠷᠡᠰᠤ ᠲᠡᠶ ᠪᠣᠳᠤᠯ ᠤᠨ ᠵᠢᠭᠤᠷᠭᠠᠨ ᠢ

ᠰᠡᠭᠦᠯᠴᠢ ᠶᠢᠨ ᠣᠬᠠᠭᠠᠷᠠᠯ ᠶᠢᠡᠷ ᠠᠷᠭᠠᠳᠠᠵᠤ

ᠡᠭᠦᠰᠦᠭ᠍ᠰᠡᠨ ᠦᠭᠡᠶ ᠶᠤᠮᠰᠢᠭ ᠣᠪᠯᠠᠶ᠎ᠠ ᠭᠡᠵᠤ

ᠣᠢ᠌ᠤᠠᠬᠠᠷ ᠤᠨ ᠳᠠᠷᠤᠭᠠᠰᠤᠨ ᠳᠤ ᠵᠢᠮᠡᠯᠡᠭ᠍ᠳᠡᠭᠦ ᠳᠡᠭᠡᠨ

ᠡᠮᠳᠡᠷᠡᠭ᠍ᠰᠡᠨ ᠵᠢᠷᠦᠭᠡᠨ ᠤ ᠴᠤᠭᠢᠯᠭ᠎ᠠ ᠪᠠᠷ

ᠡᠷᠭᠢᠵᠤ ᠦᠪᠡᠷ ᠢ ᠪᠠᠨ ᠳᠠᠢ᠌ᠤᠠᠬᠤᠷᠠᠭᠤᠯᠬᠤ ᠳᠠᠭᠠᠨ

ᠥᠩᠭᠡᠷᠡᠭ᠍ᠰᠡ ᠰᠦᠨᠢ ᠶᠢᠨ ᠬᠠᠷᠠᠭᠤᠰᠤᠯ ᠤᠨ

ᠦᠷᠢ ᠶᠢ ᠨᠢ ᠪᠢ ᠨᠢᠯᠪᠣᠰᠤ ᠪᠠᠷ ᠲᠦᠯᠦᠭᠦ ᠦᠭᠡᠶ᠃


ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠶᠢᠨ ᠾᠸᠠᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2604
ᠴᠠᠭ᠄ 2010 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ