ᠨᠡᠪᠲᠡᠷᠡᠨ ᠤᠷᠤᠬᠤ
ᠢᠳᠡᠭᠡᠨ ᠤ ᠬᠤᠤᠷᠳᠠᠯ ᠤᠨ ᠪᠠᠷᠠᠭᠠᠨ ᠬᠤᠢ

ᠮᠠᠨ ᠤ ᠡᠳᠦᠷ ᠳᠤᠳᠤᠮ ᠤᠨ ᠠᠮᠢᠳᠤᠷᠠᠯ ᠳᠤ 《ᠡᠷᠡᠮᠳᠡᠭ᠌ ᠡᠷᠡᠭᠦᠯ》 ᠭᠡᠭᠦ ᠵᠦᠷᠢᠴᠠᠯ ᠲᠡᠶ ᠳᠠᠭᠤᠳᠠᠯᠭ᠎ᠠ ᠪᠣᠢ ᠪᠣᠯᠤᠭᠠᠤᠨ ᠨᠠᠯᠢᠶᠠᠤᠨ ᠣᠳᠠᠭᠰᠠᠨ ᠪᠠᠢ᠌ᠬᠤ ᠳᠤ ᠳᠡᠭᠦᠨ ᠤ ᠳᠤᠬᠠᠢ ᠭᠦᠮᠦᠰ ᠤᠨ ᠳᠠᠨᠢᠯᠳᠠ ᠳᠣᠢ᠌ᠯ ᠤᠨ ᠪᠠᠯᠠᠷᠬᠠᠢ ᠪᠠᠢ᠌ᠭᠰᠠᠭᠠᠷ ᠪᠠᠢ᠌ᠨ᠎ᠠ᠃ ᠡᠨᠡᠭᠦ ᠬᠤᠳᠠ ᠭᠦᠳᠡᠭᠡ ᠦᠭᠡᠶ ᠳᠡᠯᠭᠡᠷᠡᠭ᠍ᠰᠡᠨ 《ᠡᠷᠡᠮᠳᠡᠭ᠌ ᠡᠷᠡᠭᠦᠯ》 ᠊ᠤᠨ ᠣᠠᠴᠠᠯᠢᠭ ᠨᠢ ᠰᠢᠯᠳᠠᠭᠠᠨ ᠦᠭᠡᠶ ᠪᠠᠷ ᠳᠤᠯᠤᠭᠠᠢ ᠡᠪᠠᠦᠡᠭᠦ᠂ ᠭᠡᠵᠢᠭᠡ ᠡᠷᠳᠡ ᠴᠠᠢ᠌ᠬᠤ᠂ ᠨᠣᠢ᠌ᠷ ᠬᠤᠯᠵᠢᠬᠤ᠂ ᠠᠯᠵᠢᠶᠠᠨ ᠵᠥᠳᠡᠭᠦ᠂ ᠮᠠᠷᠳᠠᠮᠠᠳᠠᠬᠠᠢ ᠪᠣᠯᠬᠤ᠂ ᠳᠤᠳᠤᠷ ᠪᠠᠴᠢᠮᠳᠠᠬᠤ᠂ ᠵᠢᠷᠦᠭᠡ ᠴᠡᠴᠡᠷᠡᠭᠦ᠂ ᠰᠢᠩᠭᠡᠭᠡᠯᠳᠡ ᠮᠠᠭᠤᠳᠠᠬᠤ᠂ ᠴᠢᠰᠤᠨ ᠳᠠᠷᠤᠯᠳᠠ ᠥᠡᠳᠦᠷᠵᠢᠭᠦ᠂ ᠥᠭᠡ ᠭᠡᠯᠡ ᠣᠢ᠌ᠯᠠ ᠭᠦᠳᠡᠯᠭᠡᠭᠡᠨ ᠭᠡᠪ ᠤᠨ ᠪᠠᠢ᠌ᠳᠠᠯ ᠶᠢᠡᠨ ᠠᠯᠳᠠᠬᠤ᠂ ᠣᠶᠤᠨ ᠰᠠᠨᠠᠭ᠎ᠠ ᠵᠤᠭᠢᠴᠠᠯ ᠶᠢᠡᠨ ᠠᠯᠳᠠᠵᠤ ᠭᠡᠢ ᠰᠠᠷᠠᠯ ᠳᠦᠷᠦᠭᠦ ᠵᠡᠷᠭᠡ ᠶᠢᠨ ᠡᠪᠠᠦᠡᠴᠢᠨ ᠤ ᠢᠯᠠᠷᠠᠯ ᠭᠠᠷᠴᠤ᠂ ᠶᠡᠭᠡ ᠡᠮᠨᠡᠯᠭᠡ ᠳᠤ ᠪᠠᠢ᠌ᠴᠠᠭᠠᠬᠤ ᠳᠤ ᠶᠠᠮᠠᠷᠴᠤ ᠡᠪᠠᠦᠡᠴᠢᠨ ᠤ ᠵᠦᠢ᠌ ᠶᠢᠨ ᠭᠡᠮ ᠣᠯᠬᠤ ᠦᠭᠡᠶ ᠪᠠᠢ᠌ᠳᠠᠭ᠃ ᠳᠡᠭᠡᠭᠡᠤᠨ ᠡᠷᠡᠭᠦᠯ ᠭᠡᠭᠦ ᠳᠤ ᠡᠪᠠᠦᠡᠴᠢᠨ ᠤ ᠢᠯᠠᠷᠠᠯ ᠲᠡᠶ ᠭᠦᠮᠤᠨ ᠢ 《ᠡᠷᠡᠮᠳᠡᠭ᠌ ᠡᠷᠡᠭᠦᠯ》 ᠭᠡᠮᠡᠨ ᠨᠠᠷᠠᠯᠠᠵᠠᠢ᠃ ᠡᠭᠦᠨ ᠶᠢᠡᠷ ᠵᠤᠭᠰᠤᠬᠤ ᠦᠭᠡᠶ᠂ ᠣᠢ᠌ᠷ᠎ᠠ ᠶᠢᠨ ᠵᠢᠯ ᠡᠴᠠ ᠨᠠᠭᠠᠰᠢ ᠬᠤᠳᠠ ᠭᠦᠳᠡᠭᠡ ᠭᠡᠰᠡᠨ ᠦᠭᠡᠶ ᠦᠮᠠᠨ ᠤ ᠲᠦᠷᠦᠯ ᠤᠨ ᠡᠪᠠᠦᠡᠴᠢᠳᠡᠨ ᠣᠯᠠᠰᠢᠷᠠᠵᠤ᠂ ᠨᠢᠭᠡ᠊ᠨᠳᠡ ᠪᠠᠢ᠌ᠴᠠᠭᠠᠭᠠᠤᠨ ᠳᠤᠳᠤᠯᠠᠳᠠᠭ ᠪᠣᠯᠭᠠᠨ ᠰᠡᠭᠦᠯ ᠤᠨ ᠬᠤᠭᠤᠴᠠᠭ᠎ᠠ ᠪᠣᠯᠴᠢᠬᠠᠳᠠᠭ ᠠᠵᠢ᠃ ᠡᠭᠦᠨ ᠳᠤ ᠪᠣᠰᠤᠤᠠᠴᠢ ᠰᠢᠯᠳᠠᠭᠠᠨ ᠪᠠᠢ᠌ᠬᠤ ᠡᠴᠠ ᠭᠠᠳᠠᠨ᠎ᠠ ᠪᠠᠶᠠᠴᠢ ᠰᠢᠯᠳᠠᠭᠠᠨ ᠪᠠᠰᠠ ᠶᠡᠭᠡ ᠭᠠᠵᠠᠷ ᠠᠪᠴᠤ ᠪᠠᠢ᠌ᠬᠤ ᠶᠢ ᠡ᠊ᠨᠳᠡ ᠮᠦᠨ ᠴᠢᠬᠤᠯᠠᠴᠢᠯᠠᠨ ᠶᠠᠷᠢᠭᠤᠰᠢᠳᠠᠢ ᠪᠠᠢ᠌ᠨ᠎ᠠ᠃ ᠨᠢᠭᠡ ᠪᠦᠯᠦᠭ᠌ 《ᠡᠷᠡᠮᠳᠡᠭ᠌ ᠡᠷᠡᠭᠦᠯ》 ᠱᠠᠳᠤᠨ ᠳᠠᠭᠠᠨ ᠣᠷᠤᠭᠰᠠᠤᠨ 《ᠵᠠᠰᠠᠷᠠᠰᠢ ᠦᠭᠡᠶ ᠡᠪᠠᠦᠡᠴᠢᠨ》 ᠣᠯᠴᠢᠬᠠᠯ᠎ᠠ ᠭᠡᠵᠤ ᠠᠶᠤᠵᠤ ᠰᠡᠵᠢᠭ᠍ᠯᠡᠨ ᠵᠤᠪᠠᠵᠤ ᠭᠤᠳᠤᠷᠠᠭᠰᠠᠭᠠᠷ ᠪᠠᠢ᠌ᠭᠠᠤᠨ ᠡᠷᠡᠭᠦᠯ ᠮᠠᠬᠠᠪᠣᠤᠨ ᠶᠢᠡᠨ ᠦᠮᠠᠨ ᠪᠣᠯᠭᠠᠴᠢᠬᠠᠳᠠᠭ ᠨᠢ ᠵᠤᠩᠭᠢᠯᠠᠬᠤ ᠳᠤᠭ᠎ᠠ ᠶᠢ ᠡᠵᠡᠯᠡᠵᠤ ᠪᠠᠢ᠌ᠨ᠎ᠠ᠃ ᠰᠠᠤᠠᠭᠢᠯ ᠰᠠᠨᠠᠭ᠎ᠠ ᠪᠠᠶᠠᠰᠤᠩᠭ᠋ᠤᠢ ᠪᠠᠢ᠌ᠬᠤ ᠨᠢ ᠡᠪᠠᠦᠡᠴᠢᠨ ᠡᠮᠭᠡᠭ᠌ ᠢ ᠢᠯᠠᠨ ᠳᠠᠪᠠᠬᠤ ᠶᠢᠨ ᠴᠢᠬᠤᠯᠠ ᠨᠢᠭᠡᠨ ᠡᠯᠧᠮᠧᠨ᠋ᠲ ᠪᠣᠯᠬᠤ ᠶᠢ ᠰᠢᠡᠵᠢᠯᠡᠭᠦ ᠣᠬᠠᠭᠠᠨ ᠨᠤᠳᠠᠯᠠᠵᠠᠢ᠃ ᠳᠡᠭᠡᠭᠦ ᠳᠤ ᠡᠷᠡᠭᠦᠯ ᠡᠩᠭᠡ ᠶᠠᠪᠣᠶ᠎ᠠ ᠭᠡᠪᠠᠯ ᠵᠥᠪᠭᠡᠨ ᠪᠠᠶᠠᠰᠤᠩᠭ᠋ᠤᠢ ᠣᠪᠣᠷ ᠪᠠᠢ᠌ᠭᠠᠤᠨ ᠪᠣᠯᠬᠤ ᠦᠭᠡᠶ᠂ ᠭᠦᠮᠤᠨ ᠤ ᠪᠠᠶ᠎ᠠ ᠶᠢ ᠡᠷᠡᠮᠳᠡᠭᠯᠡᠵᠤ ᠪᠠᠢ᠌ᠭ᠎ᠠ ᠭᠤᠤᠯ ᠰᠢᠯᠳᠠᠭᠠᠨ ᠢ ᠡᠷᠢᠵᠤ ᠣᠯᠤᠭᠠᠤᠨ ᠰᠢᠡᠵᠢᠯᠡᠭᠦ ᠣᠬᠠᠭᠠᠠᠴᠢ ᠪᠠᠷ ᠢᠳᠠᠪᠭᠢᠳᠠᠢ ᠰᠡᠷᠭᠡᠢ᠌ᠯᠡᠨ ᠵᠠᠰᠠᠬᠤ ᠭᠡᠷᠡᠭ᠍ᠳᠡᠢ ᠪᠣᠯᠵᠤ ᠪᠠᠢ᠌ᠨ᠎ᠠ᠃

ᠡᠷᠡᠭᠦᠯ ᠬᠠᠮᠠᠭᠠᠯᠠᠯ ᠤᠨ ᠶᠠᠮᠤᠨ ᠤ 2008 ᠣᠨ ᠤ ᠡᠴᠦᠰ ᠤᠨ ᠪᠦᠷᠢᠦᠡᠭᠡᠯ ᠢ ᠦᠨᠳᠦᠰᠦᠯᠠᠪᠠᠯ 《ᠡᠷᠡᠮᠳᠡᠭ᠌ ᠡᠷᠡᠭᠦᠯ》 ᠭᠦᠮᠤᠨ ᠤ ᠡᠵᠡᠯᠡᠭᠦ ᠳᠤᠭ᠎ᠠ ᠪᠦᠭᠦ ᠭᠦᠮᠤᠨ ᠠᠮᠠ ᠶᠢᠨ 45% ᠵᠢ ᠡᠵᠡᠯᠡᠵᠤ᠂ ᠵᠠᠭᠤᠨ ᠲᠦᠮᠡ ᠡᠴᠠ ᠳᠡᠭᠡᠭ᠍ᠰᠢ ᠭᠦᠮᠤᠨ ᠠᠮᠠ ᠲᠡᠶ ᠶᠡᠭᠡ ᠬᠤᠳᠠᠤᠨ ᠶᠢᠡᠷ 《ᠡᠷᠡᠮᠳᠡᠭ᠌ ᠡᠷᠡᠭᠦᠯ》 ᠭᠦᠮᠤᠨ ᠤ ᠡᠵᠡᠯᠡᠭᠦ ᠬᠠᠷᠢᠴᠠᠯ ᠨᠢ 85% ᠡᠴᠠ ᠳᠡᠭᠡᠭ᠍ᠰᠢ ᠪᠠᠢ᠌ᠵᠤ᠂ ᠭᠦᠮᠤᠨ ᠠᠮᠠ ᠪᠠᠷ ᠰᠡᠢ᠌ᠷᠡᠭ᠌ ᠭᠦᠳᠡᠭᠡ ᠳᠤᠰᠬᠤᠨ ᠳᠤ ᠴᠤ 30% ᠵᠢ ᠳᠠᠪᠠᠵᠤ ᠪᠣᠢ ᠠᠵᠢ᠃ ᠡᠨᠡ ᠪᠣᠯ ᠭᠦᠮᠤᠨ ᠢ ᠰᠤᠴᠢᠭᠠᠮ᠎ᠠ ᠶᠡᠭᠡ ᠳᠤᠭ᠎ᠠ ᠪᠦᠭᠡᠤᠨ ᠬᠤᠳᠠ ᠶᠢᠨ ᠭᠦᠮᠤᠨ ᠤ ᠠᠷᠪᠠᠨ ᠤ ᠨᠢ᠋ᠮᠠ ᠨᠢ 《ᠡᠷᠡᠮᠳᠡᠭ᠌ ᠡᠷᠡᠭᠦᠯ》 ᠪᠠᠢ᠌ᠳᠠᠯ ᠳᠤ ᠣᠷᠤᠴᠢᠬᠠᠭᠰᠠᠨ ᠶᠠᠪᠣᠳᠠᠯ ᠪᠣᠯᠵᠠᠢ᠃ ᠳᠡᠭᠡᠭᠦ ᠳᠡᠭᠡᠨ ᠡᠷᠡᠮᠳᠡᠭ᠌ ᠡᠷᠡᠭᠦᠯ ᠭᠡᠳᠡᠭ᠌ ᠴᠢᠨᠢ ᠠᠰᠯᠠᠭᠤᠯᠤᠭᠠᠤᠨ ᠭᠡᠯᠡᠪᠠᠯ ᠡᠷᠡᠭᠦᠯ ᠪᠣᠯᠤᠨ ᠡᠪᠠᠦᠡᠴᠢᠳᠡᠨ ᠤ ᠰᠠᠯᠠᠭ᠎ᠠ ᠵᠠᠮ ᠳᠡᠭᠡᠷ᠎ᠡ ᠰᠢᠭᠤᠳ ᠡᠪᠠᠦᠡᠴᠢᠨ ᠤ 《ᠵᠥᠷᠢᠭ᠌》 ᠊ᠢ ᠡᠯᠭᠦᠭ᠍ᠰᠡᠨ ᠶᠠᠪᠣᠳᠠᠯ ᠪᠣᠯᠬᠤ ᠶᠤᠮ᠃ ᠡᠨᠡᠭᠦ 《ᠡᠷᠡᠮᠳᠡᠭ᠌ ᠡᠷᠡᠭᠦᠯ》 ᠊ᠤᠨ ᠥᠵᠡᠭ᠍ᠳᠡᠯ ᠢ ᠳᠤᠰᠬᠠᠢ ᠮᠡᠷᠭᠡᠵᠢᠯᠳᠡᠨ ᠨᠡᠷ ᠡᠴᠠ ᠭᠡᠳᠤᠨ ᠵᠢᠯ ᠤᠨ ᠴᠠᠭ ᠵᠠᠷᠤᠴᠠᠭᠤᠯᠤᠨ ᠰᠤᠳᠤᠯᠤᠭᠠᠤᠨ ᠣᠷᠴᠢᠨ ᠠᠬᠤᠢ ᠶᠢᠨ ᠪᠣᠭᠢᠷᠳᠠᠯ ᠪᠠ ᠢᠳᠡᠭᠡᠨ ᠤ ᠬᠤᠤᠷᠳᠠᠯ ᠡᠴᠠ ᠪᠣᠯᠵᠠᠢ ᠭᠡᠰᠡᠨ ᠳ᠋ᠦ᠋ᠩᠨᠠᠯᠳᠠ ᠭᠠᠷᠭᠠᠭᠰᠠᠨ ᠪᠠᠢ᠌ᠯ᠎ᠠ᠃ ᠶᠠᠷᠤ ᠶᠢᠨ ᠥᠭᠡᠨ ᠳᠤ 《ᠡᠪᠠᠦᠡᠴᠢᠨ ᠠᠮᠠ ᠪᠠᠷ ᠣᠷᠤᠨ᠎ᠠ》 ᠭᠡᠳᠡᠭ᠌ ᠨᠢ ᠮᠠᠰᠢ ᠵᠣᠢ᠌ᠳᠠᠢ᠂ ᠣᠴᠢᠷ ᠨᠢ ᠮᠠᠨ ᠤ ᠣᠳᠤ ᠶᠢᠨ ᠠᠮᠢ ᠵᠠᠯᠭᠠᠵᠤ ᠪᠠᠢ᠌ᠭ᠎ᠠ ᠠᠮᠠ ᠭᠦᠨᠡᠰᠤ ᠨᠢ ᠪᠦᠷ ᠯᠠ ᠭᠦᠡᠳᠤ ᠰᠥᠷᠡᠭᠡᠢ ᠪᠣᠭᠢᠷᠳᠠᠴᠢᠬᠠᠭᠰᠠᠨ ᠪᠠᠢ᠌ᠨ᠎ᠠ ᠰᠢᠤ︕

ᠣᠯᠠᠨ ᠤ ᠮᠡᠳᠡᠭᠡᠵᠢ ᠪᠠᠷ᠂ ᠣᠳᠤ ᠮᠠᠯ ᠳᠡᠵᠢᠭᠡᠭᠦ ᠳᠤ ᠡᠮ ᠡᠴᠠ ᠰᠠᠯᠵᠤ ᠴᠢᠳᠠᠬᠤ ᠦᠭᠡᠶ ᠪᠣᠯᠵᠠᠢ᠃ ᠳᠦᠷᠪᠡᠨ ᠣᠯᠠᠷᠢᠯ ᠤᠨ ᠰᠡᠷᠭᠡᠢ᠌ᠯᠡᠭᠦ ᠳᠠᠷᠢᠯᠭ᠎ᠠ ᠶᠢ ᠪᠣᠳᠤᠬᠤ ᠦᠭᠡᠶ ᠪᠠᠷ ᠭᠤᠤᠷ᠂ ᠬᠠᠮᠠᠭᠤ ᠬᠠᠴᠢᠭ᠂ ᠳᠤᠳᠤᠷ ᠬᠤᠷᠤᠬᠠᠢ᠂ ᠪᠦᠭᠡᠰᠤ ᠬᠤᠪᠢᠯᠵᠠᠭᠠᠨ᠎ᠠ ᠶᠢ ᠠᠷᠢᠯᠭᠠᠬᠤ ᠳᠤ ᠣᠤᠭᠤᠯᠭᠠᠬᠤ᠂ ᠳᠦᠷᠭᠢᠭᠦ᠂ ᠳᠠᠷᠢᠬᠤ ᠡᠮ ᠢ ᠣᠯᠠᠷᠢᠯ ᠪᠦᠷᠢ ᠳᠤ ᠭᠡᠳᠤ ᠣᠳᠠᠭ᠎ᠠ ᠭᠡᠷᠡᠭᠯᠡᠨ᠎ᠡ᠃ ᠭᠡᠭᠦ ᠳᠡᠭᠡᠨ ᠨᠢᠭᠡ ᠲᠦᠷᠦᠯ ᠤᠨ ᠡᠮ ᠢ ᠨᠢᠭᠡ ᠬᠤᠶᠠᠷ ᠣᠳᠠᠭ᠎ᠠ ᠯᠠ ᠭᠡᠷᠡᠭᠯᠡᠵᠤ᠂ ᠳᠠᠭᠢᠨ ᠳᠠᠪᠳᠠᠵᠤ ᠭᠡᠷᠡᠭᠯᠡᠭ᠍ᠰᠡᠭᠡᠷ ᠳᠠᠤᠠᠮᠠᠭᠠᠢ ᠴᠢᠨᠠᠷ ᠲᠡᠶ ᠪᠣᠯᠤᠭᠠᠤᠨ ᠭᠡᠷᠡᠭᠯᠡᠭᠦ ᠭᠡᠮᠵᠢᠶ᠎ᠡ ᠶᠢ ᠳᠠᠭᠢᠨ ᠶᠢᠡᠷ ᠨᠡᠮᠡᠭᠦ ᠦᠭᠡᠶ ᠪᠣᠯ ᠳᠤᠰᠠ ᠪᠣᠯᠬᠤ ᠦᠭᠡᠶ ᠪᠣᠯᠳᠠᠭ ᠠᠵᠢ᠃ ᠳᠡᠭᠡᠭᠦ ᠳᠤ ᠠᠮᠢᠳᠠᠨ ᠤ ᠪᠠᠶ᠎ᠠ ᠪᠣᠯ ᠳᠠᠰᠤᠷᠠᠯ ᠦᠭᠡᠶ ᠦᠯᠦ ᠬᠠᠯᠳᠠᠭᠠᠬᠤ ᠴᠤᠭᠴᠠᠰ ᠢ ᠳᠦᠷᠦᠭᠦᠯᠵᠤ᠂ ᠭᠠᠳᠠᠨ᠎ᠠ ᠡᠴᠠ ᠢᠷᠡᠭᠦ ᠡᠪᠠᠦᠡᠴᠢᠨ ᠤ ᠬᠤᠤᠷ᠂ ᠸᠢᠷᠦ᠋ᠰ᠂ ᠪᠠᠺᠲ᠋ᠸᠷᠢ ᠵᠡᠷᠭᠡ ᠶᠢ ᠣᠰᠠᠤᠠᠬᠠᠵᠤ ᠯᠠ ᠪᠠᠢ᠌ᠳᠠᠭ᠃ ᠬᠤᠷᠤᠬᠠᠢ ᠠᠯᠠᠬᠤ ᠡᠮ ᠤᠨ ᠬᠤᠤᠷᠳᠤ ᠴᠢᠨᠠᠷ ᠴᠢᠠᠢᠭ᠎ᠠ ᠪᠣᠯᠬᠤᠷ ᠬᠤᠷᠤᠬᠠᠢ ᠠᠯᠠᠬᠤ ᠶᠢᠨ ᠳᠠᠭᠠᠤ ᠴᠢᠰᠤᠨ ᠤ ᠴᠠᠭᠠᠨ ᠡᠰ ᠢ ᠴᠤ ᠶᠡᠭᠡ ᠭᠡᠮᠵᠢᠶ᠎ᠡ ᠪᠠᠷ ᠣᠰᠠᠤᠠᠬᠠᠵᠤ᠂ ᠦᠯᠦ ᠬᠠᠯᠳᠠᠭᠠᠬᠤ ᠴᠢᠳᠠᠪᠣᠷᠢ ᠶᠢ ᠶᠡᠭᠡᠭᠡᠨ ᠳᠤᠷᠣᠢ᠌ᠳᠠᠭᠤᠯᠬᠤ ᠪᠣᠶᠤ ᠨᠢᠭᠡᠮᠦᠰᠤᠨ ᠪᠠᠭᠤᠷᠠᠭᠤᠯᠵᠤ ᠣᠷᠭᠢᠳᠠᠭ᠃ ᠢᠩᠭᠢᠭ᠍ᠰᠡᠨ ᠶᠢᠡᠷ ᠮᠠᠯ ᠳᠡᠵᠢᠭᠡᠪᠦᠷᠢ ᠶᠢᠨ ᠦᠯᠦ ᠬᠠᠯᠳᠠᠭᠠᠬᠤ ᠴᠢᠳᠠᠪᠣᠷᠢ ᠮᠠᠭᠤᠳᠠᠭᠠᠤᠨ ᠭᠦᠮᠤᠨ ᠡᠴᠠ ᠢᠯᠡᠭᠦᠤ ᠭᠡᠪᠷᠡᠭ᠌ ᠪᠣᠯᠤᠭᠰᠠᠨ ᠨᠢ ᠭᠠᠢ᠌ᠬᠠᠯᠳᠠᠢ ᠣᠴᠢᠷ ᠪᠢᠰᠢ ᠪᠣᠯᠤᠯ᠎ᠠ᠃ ᠮᠠᠨ ᠤ ᠣᠯᠤᠰ ᠤᠨ ᠣᠳᠤᠬᠠᠨ ᠤ ᠣᠢ᠌ᠯᠠᠤᠠᠪᠣᠷᠢᠯᠠᠨ ᠪᠣᠷᠤᠯᠠᠭᠤᠯᠵᠤ ᠪᠠᠢ᠌ᠭ᠎ᠠ ᠬᠤᠷᠤᠬᠠᠢ ᠠᠯᠠᠬᠤ ᠡᠮ ᠤᠨ ᠭᠤᠤᠯ ᠪᠦᠷᠢᠯᠳᠦᠭᠦᠨ ᠪᠣᠯ ᠣᠷᠭᠠᠨᠢᠭ ᠹᠤᠰᠹᠤᠷ ( 有机磷 ) ᠂ ᠣᠷᠭᠠᠨᠢᠭ ᠡᡁᠯᠦᠷ ( 有机氯)᠂ ᠭᠦᠡᠳᠤ ᠳᠡᠮᠦᠷᠯᠢᠭ᠌ ᠮᠥᠩᠭᠦᠨ ᠣᠰᠤ ( 重金属汞 ) ᠵᠡᠷᠭᠡ ᠶᠢᠨ ᠪᠣᠭᠢᠷᠳᠠᠭᠤᠯᠤᠯ ᠶᠡᠭᠡᠳᠡᠢ ᠠᠮᠠᠷᠬᠠᠨ ᠭᠠᠳᠠᠭᠰᠢᠯᠠᠭᠤᠯᠤᠭᠳᠠᠬᠤ ᠦᠭᠡᠶ ᠡᠮ ᠤᠳ ᠪᠣᠯᠤᠨ᠎ᠠ᠃ ᠡᠨᠡ ᠨᠢ ᠪᠦᠷ ᠮᠠᠯ ᠤᠨ ᠥᠭᠡᠭᠦ ᠮᠢᠬᠠᠨ ᠳᠤ ᠬᠠᠳᠠᠭᠠᠯᠠᠭᠳᠠᠨ ᠬᠤᠷᠠᠮᠳᠤᠵᠤ᠂ ᠡᠭᠡ ᠮᠠᠯ ᠢ ᠬᠤᠤᠷᠳᠠᠭᠤᠯᠤᠨ ᠡᠪᠠᠦᠡᠴᠢᠯᠡᠭᠦᠯᠭᠦ ᠪᠠᠷ ᠪᠠᠷᠠᠬᠤ ᠦᠭᠡᠶ᠂ ᠭᠡᠭᠡᠯ ᠬᠠᠶᠠᠭᠤᠯᠤᠨ ᠡᠷᠡᠮᠳᠡᠭ᠌ ᠳᠦᠯ ᠳᠦᠯᠯᠡᠭᠦᠯᠭᠦ ᠪᠣᠯᠵᠤ᠂ ᠰᠥ᠋ ᠮᠢᠬ᠎ᠠ ᠶᠢ ᠨᠢ ᠢᠳᠡᠭ᠍ᠰᠡᠨ ᠭᠦᠮᠤᠨ ᠢ ᠴᠤ ᠬᠤᠤᠷᠳᠠᠭᠤᠯᠬᠤ ᠭᠡᠮᠵᠢᠶᠡᠨ ᠳᠤ ᠭᠦᠷᠦᠭ᠍ᠰᠡᠨ ᠪᠠᠢ᠌ᠯ᠎ᠠ᠃ ᠣᠢ᠌ᠷ᠎ᠠ ᠶᠢᠨ ᠭᠡᠳᠤᠨ ᠵᠢᠯ ᠤᠨ ᠳᠤᠳᠤᠷ᠎ᠠ ᠮᠠᠨ ᠤ ᠣᠯᠤᠰ ᠤᠨ ᠥᠭᠡᠷ ᠬᠤᠨᠢᠨ ᠤ ᠮᠢᠬ᠎ᠠ ᠳᠡᠯᠡᠭᠡᠢ ᠶᠢᠨ ᠵᠠᠬ᠎ᠠ ᠳᠡᠯᠭᠡᠭᠦᠷ ᠳᠡᠭᠡᠷ᠎ᠡ ᠡᠷᠡᠭᠦᠯ ᠬᠠᠮᠠᠭᠠᠯᠠᠯ ᠤᠨ ᠪᠠᠢ᠌ᠴᠠᠭᠠᠯᠳᠠ ᠳᠤ ᠭᠢᠷᠢ ᠳᠡᠩᠴᠡᠭᠦ ᠦᠭᠡᠶ ᠡᠴᠠ ᠪᠣᠯᠤᠭᠠᠤᠨ ᠪᠣᠴᠠᠭᠠᠭᠳᠠᠬᠤ ᠪᠣᠶᠤ ᠭᠠᠷᠭᠠᠯᠳᠠ ᠶᠡᠭᠡᠭᠡᠨ ᠬᠠᠰᠤᠭᠳᠠᠭᠰᠠᠨ ᠥᠵᠡᠭ᠍ᠳᠡᠯ ᠭᠠᠷᠪᠠ᠃ ᠡᠭᠦᠨ ᠤ ᠳ᠋ᠦ᠋ᠩ ᠳᠤ᠂ ᠣᠯᠤᠰ ᠠᠷᠠᠤᠨ ᠤᠨ ᠠᠮᠢᠳᠠᠨ ᠤ ᠮᠢᠬᠠᠨ ᠤ ᠭᠡᠷᠡᠭ᠍ᠴᠡᠭᠡ ᠴᠤ ᠳᠠᠭᠠᠯᠳᠤᠨ ᠳᠤᠭᠤᠭᠰᠢᠯᠠᠵᠤ ᠮᠠᠯ ᠳᠡᠵᠢᠭᠡᠪᠦᠷᠢ ᠶᠢᠨ ᠬᠠᠩᠰᠢ ᠴᠤ ᠶᠡᠭᠡᠪᠠᠷ ᠪᠠᠭᠤᠷᠠᠬᠤ ᠨᠢ ᠵᠦᠢ ᠶᠤᠰᠤᠨ ᠤ ᠭᠡᠷᠡᠭ᠌ ᠪᠣᠯᠤᠭᠰᠠᠨ ᠪᠠᠢ᠌ᠨ᠎ᠠ᠃ ᠢᠳᠠᠰᠢᠨ ᠮᠢᠬᠠᠨ ᠤ ᠬᠤᠤᠷᠳᠠᠯ ᠳᠤ ᠳᠠᠪᠣᠰᠤᠨ ᠭᠦᠴᠢᠯ ᠤᠨ ᠺᠦᠷᠤᠠᠲ᠋ᠷᠣ᠋ (盐酸克伦特罗) ᠭᠡᠭᠦ ᠬᠤᠷᠮᠤᠨ ᠤ ᠡᠳ᠋ ᠶᠢᠡᠷ ᠨᠠᠮᠠᠯᠳᠠ ᠪᠣᠷᠳᠤᠭ᠎ᠠ ᠨᠠᠢ᠌ᠷᠠᠭᠤᠯᠤᠭᠠᠤᠨ ᠶᠡᠭᠡ ᠭᠠᠮᠰᠢᠭ ᠳᠠᠷᠢᠵᠤ ᠪᠠᠢ᠌ᠬᠤ ᠶᠢ ᠳᠠᠷᠠᠭᠠᠭᠢ 《ᠬᠤᠷᠮᠤᠨ ᠤ ᠬᠤᠤᠷ ᠤᠨ ᠭᠦᠡᠳᠤ ᠨᠤᠴᠢᠳᠠᠢ ᠦᠷ᠎ᠡ ᠳ᠋ᠦ᠋ᠩ》 ᠭᠡᠭᠦ ᠵᠤᠬᠢᠶᠠᠯ ᠳᠤ ᠨᠠᠷᠢᠨ ᠥᠭᠦᠯᠡᠨ᠎ᠡ᠃

ᠳᠡᠭᠡᠪᠠᠯ᠂ ᠮᠠᠨ ᠤ ᠣᠯᠤᠰ ᠤᠨ ᠳᠠᠷᠢᠶᠠᠯᠠᠩ ᠶᠠᠮᠠᠷ ᠪᠠᠢ᠌ᠭ᠎ᠠ ᠪᠣᠢ︖ ᠣᠢ᠌ᠷ᠎ᠠ ᠶᠢᠨ ᠵᠢᠯ ᠡᠴᠠ ᠨᠠᠭᠠᠰᠢ᠂ ᠣᠷᠴᠢᠨ ᠠᠬᠤᠢ ᠡᠪᠳᠡᠭ᠍ᠳᠡᠨ ᠠᠭᠠᠷ ᠤᠨ ᠪᠣᠭᠢᠷᠳᠠᠭᠤᠯᠤᠯ ᠭᠡᠴᠡᠭᠦᠳᠡᠵᠤ ᠣᠽᠤᠨ ᠤ ᠳᠠᠪᠬᠤᠷᠭ᠎ᠠ ᠨᠢᠮᠭᠡᠷᠡᠭ᠍ᠰᠡᠨ ᠡᠴᠠ ᠳᠡᠯᠡᠭᠡᠢ ᠶᠢᠨ ᠪᠦᠮᠪᠦᠷᠴᠡᠭ᠌ ᠤᠨ ᠭᠡᠪ ᠤᠨ ᠪᠣᠰᠤ ᠳᠤᠯᠠᠭᠠᠷᠠᠯ ᠢ ᠠᠪᠴᠢᠷᠠᠵᠤ᠂ ᠭᠦᠴᠢᠯᠯᠢᠭ᠌ ᠪᠣᠷᠤᠭᠠᠨ᠂ ᠡᠷᠨᠢᠨᠦᠸᠰ ᠥᠵᠡᠭ᠍ᠳᠡᠯ ᠣᠯᠠᠰᠢᠷᠠᠨ ᠣᠰᠤ ᠭᠠᠩ ᠤᠨ ᠭᠠᠮᠰᠢᠭ ᠴᠢᠩᠭ᠋ᠠᠷᠠᠭᠰᠠᠨ ᠪᠠᠢ᠌ᠨ᠎ᠠ᠃ ᠳᠠᠭᠢᠭᠠᠤᠨ ᠪᠠᠰᠠ ᠭᠦᠮᠤᠨ ᠨᠢ ᠵᠤᠵᠠᠭᠠᠷᠠᠵᠤ ᠭᠦᠷᠦᠰᠤ ᠨᠢ ᠨᠢᠮᠭᠡᠷᠡᠭ᠍ᠰᠡᠨ ᠡᠨᠡ ᠡᠷᠡᠨ ᠳᠤ᠂ ᠣᠷᠢᠳᠤ ᠶᠢᠨ ᠳᠡᠷᠡᠭᠦ 《ᠭᠤᠷᠪᠠᠨ ᠮᠦᠷ ᠡᠪᠠᠰᠤ ᠳᠡᠭᠦᠵᠤ ᠳᠦᠷᠪᠡᠨ ᠣᠳᠠᠭ᠎ᠠ ᠠᠷᠴᠢᠭᠠᠤᠨ᠂ ᠶᠡᠭᠡ ᠪᠠᠭ᠎ᠠ ᠬᠤᠰᠢᠭᠤ ᠪᠠᠷ ᠬᠤᠶᠠᠷ ᠣᠳᠠᠭ᠎ᠠ ᠳᠠᠩᠨᠠᠬᠤ》 ᠣᠯᠠᠮᠵᠢᠯᠠᠯᠳᠤ ᠮᠠᠶ‍ᠢᠭ ᠤᠨ ᠳᠠᠷᠢᠶᠠᠯᠠᠬᠤ ᠠᠷᠭ᠎ᠠ ᠪᠠᠨ ᠳᠠᠰᠤ ᠮᠠᠷᠳᠠᠭᠠᠤᠨ ᠡᠯ᠎ᠡ ᠵᠣᠢ᠌ᠯ ᠤᠨ ᠭᠢᠮᠢ ᠶᠢᠨ ᠪᠣᠷᠳᠤᠭᠤᠷ ᠶᠢᠡᠨ ᠦᠷ᠎ᠡ ᠲᠡᠶ ᠪᠠᠨ ᠬᠤᠯᠢᠵᠤ ᠳᠠᠷᠢᠭᠠᠤᠨ᠂ ᠡᠪᠠᠰᠤ ᠠᠷᠢᠯᠭᠠᠬᠤ ᠡᠮ ᠪᠠ ᠬᠤᠷᠤᠬᠠᠢ ᠠᠯᠠᠬᠤ ᠡᠮ ᠶᠢᠡᠨ ᠰᠥᠷᠴᠢᠴᠢᠭᠡᠪᠠᠯ ᠨᠠᠮᠤᠷ ᠬᠤᠷᠢᠶᠠᠬᠤ ᠪᠠᠷ ᠨᠢᠭᠡ ᠯᠠ ᠣᠷᠤᠬᠤ 《ᠵᠠᠯᠬᠠᠭᠤ ᠠᠷᠭ᠎ᠠ》 ᠪᠠᠷ ᠡᠵᠡᠩᠨᠡᠭᠦ ᠪᠣᠯᠵᠤ᠂ 《ᠮᠥᠭᠦᠯᠢᠭ᠌ ᠠᠮᠤ ᠳᠤᠰᠤᠯ ᠭᠦᠯᠦᠰᠤ》 ᠭᠡᠭᠦ ᠳᠤᠮᠢᠶᠠᠯᠠᠯ ᠭᠦᠮᠦᠰ ᠤᠨ ᠣᠢ ᠡᠴᠠ ᠪᠠᠯᠠᠷᠠᠬᠤ ᠳᠤ ᠭᠦᠷᠴᠡᠢ᠃ ᠡᠢ᠌ᠡᠭᠦ ᠰᠢᠡᠵᠢᠯᠡᠭᠦ ᠣᠬᠠᠭᠠᠠᠴᠢ ᠳᠠᠷᠢᠶᠠᠯᠠᠬᠤ ᠭᠡᠯᠪᠠᠷᠢ ᠨᠢ ᠭᠦᠮᠤᠨ ᠤ ᠭᠦᠴᠤ ᠶᠢ ᠶᠡᠭᠡᠭᠡᠨ ᠠᠷᠪᠢᠯᠠᠭᠰᠠᠨ ᠪᠣᠯᠪᠠᠴᠤ ᠭᠢᠮᠢ ᠶᠢᠨ ᠪᠣᠷᠳᠤᠭᠤᠷ ᠪᠣᠯᠤᠨ ᠳᠠᠷᠢᠶᠠᠯᠠᠩ ᠤᠨ ᠡᠮ ᠤᠨ ᠬᠤᠤᠷᠳᠠᠭᠤᠯᠤᠯ ᠨᠢ ᠭᠦᠮᠤᠨ ᠲᠦᠷᠦᠯᠭᠢᠳᠠᠨ ᠳᠤ ᠭᠦᠡᠳᠤ ᠨᠤᠴᠢᠳᠠᠢ ᠭᠠᠢ ᠭᠠᠮᠰᠢᠭ ᠢ ᠠᠪᠴᠢᠷᠠᠭᠰᠠᠨ ᠪᠠᠢ᠌ᠯ᠎ᠠ᠃ ᠡᠷᠡᠭᠦᠯ ᠬᠠᠮᠠᠭᠠᠯᠠᠯ ᠤᠨ ᠶᠠᠮᠤᠨ ᠤ 1999 ᠣᠨ ᠤ ᠪᠦᠷᠢᠦᠡᠭᠡᠯ ᠳᠤ᠂ ᠮᠠᠨ ᠤ ᠣᠯᠤᠰ ᠲᠤ ᠢᠳᠡᠭᠡᠨ ᠤ ᠬᠤᠤᠷᠳᠠᠯ ᠳᠤ ᠬᠤᠤᠷᠳᠠᠭᠳᠠᠭᠰᠠᠨ ᠭᠦᠮᠤᠨ ᠤ ᠳᠤᠭ᠎ᠠ 4394 ᠭᠦᠷᠴᠤ᠂ 113 ᠭᠦᠮᠤᠨ ᠬᠤᠤᠷᠳᠠᠵᠤ ᠥᠭᠦᠭ᠍ᠰᠡᠨ ᠪᠣᠯ᠂ 2008 ᠣᠨ ᠤ ᠳᠦᠷᠪᠠᠳᠦᠭᠡᠷ ᠣᠯᠠᠷᠢᠯ ᠤᠨ ᠪᠦᠷᠢᠦᠡᠭᠡᠯ ᠳᠤ᠂ ᠢᠳᠡᠭᠡᠨ ᠳᠤ ᠬᠤᠤᠷᠳᠠᠭᠳᠠᠭᠰᠠᠨ ᠭᠦᠮᠤᠨ ᠤ ᠳᠤᠭ᠎ᠠ 3496 ᠭᠦᠷᠴᠤ᠂ 36 ᠭᠦᠮᠤᠨ ᠥᠭᠦᠭ᠍ᠰᠡᠨ ᠪᠠᠢ᠌ᠵᠠᠢ᠃ ᠡᠨᠡ ᠠᠷᠪᠠᠨ ᠵᠢᠯ ᠤᠨ ᠪᠦᠷᠢᠦᠡᠭᠡᠯ ᠢ ᠵᠢᠯ ᠳᠠᠷᠠᠭᠠᠯᠠᠨ ᠰᠢᠭᠦᠭᠦ ᠳᠤ ᠬᠤᠤᠷᠳᠠᠭᠳᠠᠭᠰᠠᠨ ᠭᠦᠮᠤᠨ ᠤ ᠳᠤᠭ᠎ᠠ ᠵᠢᠯ ᠳᠠᠷᠠᠭᠠᠯᠠᠨ ᠪᠠᠭᠠᠰᠴᠤ ᠪᠠᠢ᠌ᠭ᠎ᠠ ᠬᠠᠠᠳᠤᠰᠢ ᠲᠡᠶ ᠪᠣᠯᠪᠠᠴᠤ᠂ ᠶᠠᠷᠤᠨᠢ ᠦᠨᠳᠦᠰᠦ ᠨᠢ ᠳᠠᠰᠤᠷᠠᠬᠤ ᠮᠠᠶ‍ᠢᠭ ᠦᠭᠡᠶ ᠪᠠᠢ᠌ᠬᠤ ᠨᠢ ᠭᠦᠮᠦᠰ ᠤᠨ ᠮᠠᠳᠠᠷᠠᠯ ᠮᠢᠡᠴᠦᠭᠦᠷᠡᠵᠤ ᠰᠠᠷᠠᠮᠵᠢ ᠠᠯᠳᠠᠭᠰᠠᠨ ᠤ ᠬᠢ ᠪᠢᠰᠢ᠂ ᠬᠠᠷᠢᠨ ᠨᠡᠢ᠌ᠭᠡᠮ ᠨᠠᠢ᠌ᠳᠠ ᠡᠴᠠ ᠢᠳᠡᠭᠡᠨ ᠤ ᠬᠤᠤᠷᠳᠠᠯ ᠳᠤ ᠠᠪᠣᠭᠰᠠᠨ ᠨᠠᠵᠠᠭᠠᠢ ᠣᠪᠣᠷ ᠲᠤ ᠪᠠᠢ᠌ᠭ᠎ᠠ ᠶᠤᠮ᠃ ᠡᠭᠦᠨ ᠤ ᠳᠤᠳᠤᠷ᠎ᠠ᠂ ᠳᠠᠷᠢᠶᠠᠯᠠᠩ ᠤᠨ ᠡᠮ ᠤᠨ ᠥᠯᠡᠳᠡᠭ᠍ᠳᠡᠯ ᠳᠤ ᠰᠢᠭᠤᠳ ᠬᠤᠤᠷᠳᠠᠭᠳᠠᠭᠰᠠᠨ ᠭᠦᠮᠤᠨ ᠤ ᠳᠤᠭ᠎ᠠ ᠭᠤᠷᠪᠠᠨ ᠤ ᠨᠢᠭᠡ ᠶᠢ ᠡᠵᠡᠯᠡᠵᠤ᠂ ᠥᠯᠡᠳᠡᠭ᠍ᠰᠡᠨ ᠭᠤᠷᠪᠠᠨ ᠤ ᠬᠤᠶᠠᠷ ᠨᠢ ᠢᠳᠡᠭᠡᠨ ᠤ ᠳᠤᠳᠤᠷᠠᠭᠢ ᠬᠤᠷᠮᠤᠨ ᠤ ᠬᠤᠤᠷ ᠳᠤ ᠬᠤᠤᠷᠳᠠᠭᠰᠠᠨ ᠪᠠᠢ᠌ᠨ᠎ᠠ᠃ ᠳᠡᠭᠡᠪᠠᠯ ᠢᠳᠡᠭᠡᠨ ᠤ ᠪᠣᠭᠢᠷᠳᠠᠯ ᠳᠤ 《ᠡᠷᠡᠮᠳᠡᠭ᠌ ᠡᠷᠡᠭᠦᠯ》 ᠪᠣᠯᠤᠭᠰᠠᠤᠨ ᠴᠤᠬᠤᠮ ᠭᠡᠳᠦᠢ ᠭᠦᠮᠤᠨ ᠪᠠᠢ᠌ᠭ᠎ᠠ ᠶᠢ ᠨᠠᠷᠢᠨ ᠪᠠᠢ᠌ᠴᠠᠭᠠᠬᠤ ᠳᠤ ᠭᠦᠷᠪᠠᠯ ᠯᠠᠪᠳᠠᠢ ᠭᠦᠮᠤᠨ ᠢ ᠰᠤᠴᠢᠭᠠᠮ᠎ᠠ ᠶᠡᠭᠡ ᠳᠤᠭ᠎ᠠ ᠪᠣᠯᠴᠢᠬᠠᠭᠰᠠᠨ ᠳ᠋ᠠ︕

ᠠᠮᠸᠷᠢᠺᠠ ᠶᠢᠨ ᠳᠦᠷᠠᠨ ᠶᠡᠭᠡ ᠰᠤᠷᠭᠠᠭᠤᠯᠢ ᠶᠢᠨ ᠫᠷᠤᠹᠧᠰᠰᠤᠷ ᠶᠤᠬᠠᠨ ᠂ ᠮᠠᠢ᠌ᠺᠧᠯᠠᠯᠦ᠋ᠨ ᠠᠪᠣᠭᠠᠢ᠂ 1996 ᠣᠨ ᠤ 6 ᠰᠠᠷ᠎ᠠ ᠳᠤ ᠡᠢ᠌ᠮᠤ ᠨᠢᠭᠡᠨ ᠭᠦᠮᠤᠨ ᠢ ᠰᠤᠴᠢᠭᠠᠮ᠎ᠠ ᠮᠡᠳᠡᠭᠡ ᠨᠠᠢ᠌ᠳᠠᠯᠠᠵᠤ ᠥᠩᠭᠡᠷᠡᠪᠡ᠄ ᠬᠤᠷᠤᠬᠠᠢ ᠠᠯᠠᠬᠤ ᠡᠮ ᠳᠤᠳᠤᠷᠠᠭᠢ ᠭᠢᠮᠢ ᠶᠢᠨ ᠪᠦᠷᠢᠯᠳᠦᠭᠦᠨ ᠳᠤᠰᠠᠭᠠᠷ ᠶᠢᠡᠨ ᠶᠠᠮᠠᠷᠴᠤ ᠬᠤᠤᠷᠳᠠᠯ ᠡᠭᠦᠰᠭᠡᠵᠤ ᠴᠢᠳᠠᠬᠤ ᠦᠭᠡᠶ᠂ ᠭᠡᠷᠪᠡ ᠭᠡᠳᠤᠨ ᠵᠣᠢ᠌ᠯ ᠢ ᠬᠤᠯᠢᠵᠤ ᠭᠡᠷᠡᠭᠯᠡᠪᠠᠯ ᠭᠢᠮᠢ ᠶᠢᠨ ᠣᠷᠪᠠᠯ ᠡᠭᠦᠰᠴᠤ ᠳᠤᠭᠰᠢᠨ ᠬᠤᠤᠷ ᠪᠣᠯᠤᠭᠠᠤᠨ ᠠᠮᠢᠳᠤ ᠪᠣᠳᠠᠰ ᠢ ᠭᠦᠡᠳᠤ ᠰᠥᠷᠡᠭᠡᠢ ᠬᠤᠤᠷᠳᠠᠭᠤᠯᠵᠤ ᠴᠢᠳᠠᠬᠤ ᠪᠣᠯᠤᠨ᠎ᠠ᠃ ᠭᠡᠷᠪᠡ ᠳᠠᠪᠳᠠᠵᠤ ᠭᠡᠷᠡᠭᠯᠡᠪᠠᠯ ᠳᠡᠭᠡᠷ᠎ᠡ ᠣᠳᠠᠭ᠎ᠠ ᠶᠢᠨ ᠬᠤᠤᠷ ᠤᠨ ᠥᠯᠡᠳᠡᠭ᠍ᠳᠡᠯ ᠲᠡᠶ ᠨᠡᠢ᠌ᠯᠡᠭᠡᠤᠨ ᠣᠭ ᠡᠮ ᠤᠨ 160 ᠊᠊᠊᠊᠊᠊᠊᠊᠊᠊᠊᠊᠊᠊᠊ 1600 ᠳᠠᠭᠢᠨ ᠬᠤᠤᠷᠳᠠᠢ ᠬᠤᠷᠮᠤᠨ ᠤ ᠬᠤᠤᠷᠳᠤ ᠡᠳ᠋ ᠪᠣᠯᠴᠢᠬᠠᠨ᠎ᠠ ᠭᠡᠵᠡᠢ᠃ ᠳᠡᠭᠦᠨ ᠤ ᠡᠨᠡ ᠣᠨᠤᠯᠳᠠ ᠶᠢ ᠨᠤᠭᠤᠭ᠎ᠠ ᠵᠢᠮᠢᠰ ᠤᠨ ᠳᠠᠷᠢᠶᠠᠴᠢᠳ ᠬᠠᠮᠤᠭ ᠡᠴᠠ ᠪᠣᠳᠠᠳᠠᠢ ᠭᠡᠷᠡᠴᠢᠯᠡᠵᠤ ᠴᠢᠳᠠᠳᠠᠭ᠃ ᠳᠠᠳᠠᠨ ᠤ ᠳᠤᠷᠰᠢᠯᠭ᠎ᠠ ᠪᠠᠷ ᠪᠣᠯ ᠭᠤᠷᠪᠠ ᠬᠤᠨᠤᠭ ᠠᠯᠤᠰᠯᠠᠬᠤ ᠪᠦᠷᠢ ᠨᠢᠭᠡ ᠵᠣᠢ᠌ᠯ ᠤᠨ ᠬᠤᠷᠤᠬᠠᠢ ᠠᠯᠠᠬᠤ ᠡᠮ ᠰᠦᠷᠴᠢᠵᠤ᠂ ᠳᠦᠷᠪᠡᠨ ᠵᠣᠢ᠌ᠯ ᠤᠨ ᠡᠮ ᠢ ᠭᠡᠷᠡᠭᠯᠡᠭ᠍ᠰᠡᠨ ᠤ ᠳᠠᠷᠠᠭ᠎ᠠ ᠶᠠᠮᠠᠷᠴᠤ ᠬᠤᠷᠤᠬᠠᠢ ᠪᠦᠷ ᠣᠰᠠᠤᠠᠴᠤ ᠳᠠᠷᠢᠮᠠᠯ ᠨᠢ ᠣᠠᠴᠠ ᠳᠦᠷᠭᠡᠨ ᠥᠰᠳᠡᠭ᠌ ᠪᠠᠢ᠌ᠵᠠᠢ᠃ ᠳᠡᠭᠡᠭᠦ ᠳᠤ ᠰᠢᠡᠵᠢᠯᠡᠭᠦ ᠣᠬᠠᠭᠠᠠᠳᠠᠤᠨ ᠬᠤᠷᠢᠨ ᠵᠢᠯ ᠤᠨ ᠡᠮᠤᠨ᠎ᠡ ᠬᠤᠷᠮᠤᠨ ᠤ ᠡᠮ ᠶᠢᠡᠷ ᠪᠣᠷᠳᠤᠭᠤᠷ ᠨᠠᠢ᠌ᠷᠠᠭᠤᠯᠪᠠᠯ ᠣᠷᠭᠤᠮᠠᠯ ᠨᠢ ᠡᠩ ᠤᠨ ᠣᠷᠭᠤᠮᠠᠯ ᠡᠴᠠ ᠠᠷᠪᠠ ᠳᠠᠭᠢᠨ ᠳᠦᠷᠭᠡᠨ ᠦᠰᠴᠦ ᠬᠤᠷᠢᠶᠠᠯᠳᠠ ᠣᠠᠴᠠ ᠦᠨᠳᠦᠷ ᠪᠠᠢ᠌ᠳᠠᠭ ᠢ ᠣᠯᠵᠤ ᠮᠡᠳᠡᠭ᠍ᠰᠡᠨ ᠪᠣᠯᠪᠠᠴᠤ ᠳᠡᠭᠦᠨ ᠤ ᠬᠤᠤᠷ ᠨᠥᠯᠦᠭᠡ ᠶᠢ ᠴᠤ ᠣᠯᠵᠤ ᠮᠡᠳᠡᠭᠡᠤᠨ ᠡᠨᠡ ᠰᠤᠳᠤᠯᠤᠯ ᠶᠢᠡᠨ ᠳᠠᠶᠠᠭᠳᠠᠭᠰᠠᠨ ᠪᠢᠯᠠ᠃ ᠳᠡᠭᠡᠷ᠎ᠡ ᠵᠠᠭᠤᠨ ᠤ ᠶ‍ᠢᠷᠡᠭᠡᠤᠨ ᠣᠨ ᠡᠴᠠ ᠨᠠᠭᠠᠰᠢ᠂ ᠮᠠᠨ ᠤ ᠣᠯᠤᠰ ᠤᠨ ᠳᠠᠷᠢᠶᠠᠯᠠᠩ ᠠᠵᠤ ᠠᠬᠤᠢ ᠥᠳᠲᠥᠷ ᠳᠦᠷᠭᠡᠨ ᠭᠦᠭ᠍ᠵᠢᠵᠤ᠂ ᠰᠢᠶᠠᠨ ᠪᠠᠯᠭᠠᠰᠤᠨ ᠤ ᠱᠠᠳᠤᠨ ᠳᠤ ᠭᠦᠷᠳᠡᠯ᠎ᠡ ᠳᠠᠷᠢᠶᠠᠯᠠᠩ ᠤᠨ ᠰᠢᠡᠵᠢᠯᠡᠭᠦ ᠣᠬᠠᠭᠠᠨ ᠤ ᠰᠤᠳᠤᠯᠤᠯ ᠤᠨ ᠭᠠᠵᠠᠷ ᠪᠠᠢ᠌ᠭᠤᠯᠤᠭᠳᠠᠭᠰᠠᠨ ᠶᠢᠡᠷ᠂ ᠣᠯᠠᠨ ᠠᠷᠪᠢᠨ ᠣᠤᠯᠢᠬᠠᠢ 《ᠰᠤᠳᠤᠯᠭᠠᠳᠠᠤᠨ》 ᠳᠦᠳᠠ ᠵᠠᠮ ᠡᠷᠢᠵᠤ᠂ ᠭᠢᠮᠳᠠ ᠰᠢᠮ᠎ᠠ ᠳᠡᠵᠢᠭᠡᠯᠳᠤ ᠪᠣᠳᠠᠰ ᠡᠷᠢᠵᠤ ᠳᠡᠭᠡᠷ᠎ᠡ ᠨᠢ ᠰᠢᠭᠤᠳ ᠬᠤᠷᠮᠤᠨ ᠤ ᠡᠳ᠋ ᠨᠡᠮᠡᠭᠡᠤᠨ ᠨᠠᠮᠠᠯᠳᠠ ᠪᠣᠷᠳᠠᠭ᠎ᠠ ᠥᠢᠯᠤᠨᠪᠦᠷᠢᠯᠡᠭᠡᠤᠨ ᠵᠠᠬ᠎ᠠ ᠳᠡᠯᠭᠡᠭᠦᠷ ᠳᠡᠭᠡᠷ᠎ᠡ ᠦᠷᠢᠰᠤᠯᠳᠤᠨ ᠪᠣᠷᠤᠯᠠᠭᠤᠯᠬᠤ ᠪᠣᠯᠵᠠᠢ᠃ ᠡᠨᠡ ᠪᠣᠷᠳᠤᠭ᠎ᠠ ᠶᠢ ᠦᠷ᠎ᠡ ᠳᠡᠪᠳᠦᠭᠡᠭᠦ᠂ ᠨᠠᠪᠴᠢᠨ ᠳᠡᠭᠡᠷ᠎ᠡ ᠨᠢ ᠰᠥᠷᠴᠢᠭᠦ ᠵᠡᠷᠭᠡ ᠭᠡᠯᠪᠠᠷᠢ ᠪᠠᠷ ᠭᠡᠷᠡᠭᠯᠡᠭᠦ ᠳᠤ ᠦᠷ᠎ᠡ ᠳ᠋ᠦ᠋ᠩ ᠨᠢ ᠭᠦᠮᠤᠨ ᠢ ᠪᠢᠰᠢᠷᠡᠭᠦᠯᠦᠮ᠎ᠡ ᠳᠦᠷᠭᠡᠨ ᠪᠠᠢ᠌ᠳᠠᠭ ᠡᠴᠠ ᠭᠦᠮᠤᠨ ᠨᠢ ᠠᠷᠪᠢᠨ ᠭᠦᠷᠦᠰᠤ ᠨᠢ ᠴᠢᠬᠤᠯᠬᠠᠨ ᠪᠠᠢ᠌ᠳᠠᠭ ᠡᠮᠦᠨᠡᠳᠤ ᠣᠷᠤᠨ ᠳᠤ ᠬᠠᠯᠠᠭᠤᠨ ᠶᠢᠡᠷ ᠣᠭᠳᠤᠭᠳᠠᠭᠰᠠᠨ ᠶᠢᠡᠷ ᠪᠠᠷᠠᠬᠤ ᠦᠭᠡᠶ᠂ ᠨᠤᠳᠤᠭ ᠠᠭᠤᠳᠠᠮ ᠭᠦᠳᠡᠯᠮᠦᠷᠢ ᠭᠦᠴᠤ ᠴᠥᠭᠡᠨ ᠪᠠᠢ᠌ᠳᠠᠭ ᠣᠮᠠᠷᠠᠳᠤ ᠣᠷᠤᠨ ᠳᠤ ᠴᠤ ᠭᠦᠡᠳᠦᠳᠡᠢ ᠵᠠᠯᠠᠷᠠᠭᠰᠠᠨ ᠪᠠᠢ᠌ᠵᠠᠢ᠃ ᠢᠩᠭᠢᠭᠡᠤᠨ ᠭᠢᠮᠢ ᠶᠢᠨ ᠪᠣᠷᠳᠤᠭᠤᠷ ᠤᠨ ᠠᠵᠤ ᠣᠢ᠌ᠯᠠᠤᠠᠪᠣᠷᠢᠯᠠᠯ ᠨᠢ ᠮᠠᠨ ᠤ ᠣᠯᠤᠰ ᠤᠨ ᠳᠤᠯᠭᠠᠭᠤᠷᠢ ᠠᠵᠤ ᠠᠬᠤᠢ ᠪᠣᠯᠤᠭᠰᠠᠨ ᠪᠢᠯᠠ᠃ ᠡᠨᠡ ᠨᠢ ᠶᠠᠭ ᠯᠠ ᠬᠠᠷ᠎ᠠ ᠳᠠᠮᠠᠭᠢ ᠶᠢ ᠳᠦᠷᠭᠡᠨ ᠬᠤᠤᠷ ᠭᠡᠤᠨ ᠬᠠᠳᠠᠭᠤ ᠴᠠᠭᠠᠵᠠᠯᠠᠵᠤ᠂ ᠨᠠᠪᠴᠢᠨ ᠳᠠᠮᠠᠭᠢ ᠶᠢ ᠠᠭᠠᠵᠢᠮ ᠬᠤᠤᠷ ᠭᠡᠤᠨ ᠳᠠᠷᠢᠵᠤ ᠥᠢᠯᠤᠨᠪᠦᠷᠢᠯᠡᠭᠦ ᠶᠢ ᠵᠤᠷᠢᠭᠵᠢᠭᠤᠯᠤᠭᠰᠠᠨ ᠯᠤᠭ᠎ᠠ ᠶᠡᠭᠡ ᠳᠦᠰᠦᠭᠡᠳᠡᠢ ᠠᠵᠢ᠃ ᠲᠦᠮᠡᠨ ᠶᠠᠪᠣᠳᠠᠯ ᠤᠨ ᠳᠡᠷᠢᠭᠦᠨ ᠴᠢᠬᠤᠯᠠ ᠨᠢ ᠠᠵᠤ ᠠᠬᠤᠢ ᠶᠢ ᠳᠦᠷᠭᠡᠨ ᠭᠦᠭ᠍ᠵᠢᠭᠦᠯᠵᠤ᠂ ᠳᠡᠯᠡᠭᠡᠢ ᠶᠢᠨ ᠳᠡᠷᠢᠭᠦᠨ ᠤ ᠭᠡᠮᠵᠢᠶ᠎ᠡ ᠶᠢ ᠭᠦᠭᠡᠭᠡᠵᠤ ᠭᠦᠢᠴᠡᠭᠦ ᠶᠠᠪᠣᠳᠠᠯ ᠪᠠᠢ᠌ᠵᠤ 《ᠶᠡᠭᠡ ᠣᠢ᠌ᠯᠠᠰ ᠢ ᠪᠦᠳᠦᠭᠡᠭᠦ ᠳᠤ ᠪᠠᠭ᠎ᠠ ᠨᠥᠯᠦᠭᠡ ᠶᠢ ᠪᠣᠳᠤᠯᠭᠢᠯᠠᠬᠤ ᠦᠭᠡᠶ》 ᠭᠡᠭ᠍ᠴᠢ ᠡᠨᠡ ᠪᠣᠶᠤ᠃ ᠢᠩᠭᠢᠭᠡᠤᠨ ᠯᠠ ᠳᠠᠴᠢᠷ ᠨᠢᠮᠭᠡᠨ ᠭᠦᠷᠦᠰᠤ ᠰᠢᠷᠤᠢ ᠪᠠᠨ ᠡᠷᠭᠢᠭᠦᠯᠵᠤ ᠣᠷᠪᠠᠭᠤᠯᠤᠨ ᠬᠠᠭᠠᠯᠪᠣᠷᠢᠯᠠᠵᠤ᠂ ᠬᠤᠷᠢᠶᠠᠯᠳᠠ ᠶᠢ ᠨᠢ ᠢᠳᠡᠭ᠍ᠰᠡᠨ ᠭᠦᠮᠤᠨ ᠠᠮᠢᠳᠠᠨ ᠢ ᠪᠦᠷ ᠬᠤᠤᠷᠳᠠᠭᠤᠯᠳᠠᠭ ᠭᠢᠮᠢ ᠶᠢᠨ ᠪᠣᠷᠳᠤᠭᠤᠷ ᠶᠢᠡᠨ ᠳᠡᠷᠭᠡ ᠳᠡᠷᠭᠡ ᠪᠠᠷ ᠰᠠᠴᠤᠬᠤ ᠨᠢ ᠳᠠᠷᠠ᠃ ᠭᠢᠮᠢ ᠶᠢᠨ ᠪᠣᠷᠳᠤᠭᠤᠷ ᠠᠷᠪᠢᠨ ᠭᠢᠭ᠍ᠰᠡᠨ ᠭᠦᠷᠦᠰᠤ ᠰᠢᠷᠤᠢ ᠭᠦᠷᠳᠡᠯ᠎ᠡ ᠬᠠᠳᠠᠭᠤᠷᠠᠨ ᠴᠢᠯᠠᠭᠤᠵᠢᠳᠠᠭ ᠪᠠᠢ᠌ᠳᠠᠯ᠎ᠠ ᠴᠢᠰᠤ ᠮᠢᠬ᠎ᠠ ᠪᠠᠷ ᠪᠦᠳᠦᠭ᠍ᠰᠡᠨ ᠪᠠᠶ᠎ᠠ ᠮᠠᠬᠠᠪᠣᠤᠨ ᠡᠷᠡᠭᠦᠯ ᠮᠤᠯᠳᠠᠷᠠᠬᠤ ᠪᠣᠯᠤᠯᠴᠠᠭ᠎ᠠ ᠪᠠᠢ᠌ᠵᠤ ᠪᠣᠯᠤᠨ᠎ᠠ ᠭᠡᠵᠢ ᠦᠦ︖

ᠮᠠᠨ ᠤ ᠦᠪᠣᠷ ᠮᠤᠩᠭ᠋ᠤᠯ ᠶᠢᠡᠷ ᠠᠪᠴᠤ ᠭᠡᠯᠡᠭᠦ ᠳᠤ᠂ ᠭᠠᠵᠠᠷ ᠵᠦᠢ᠌ ᠶᠢᠨ ᠪᠠᠢ᠌ᠷᠢᠯᠠᠯ ᠶᠢᠡᠷ ᠣᠮᠠᠷᠠᠳᠤ ᠰᠡᠷᠢᠭᠦᠨ ᠪᠦᠰᠡᠨ ᠳᠤ ᠣᠷᠤᠰᠢᠵᠤ᠂ ᠭᠢᠷᠠᠭᠤ ᠦᠭᠡᠶ ᠬᠤᠭᠤᠴᠠᠭ᠎ᠠ ᠣᠬᠤᠷ᠂ ᠵᠤᠨ ᠡᠴᠠ ᠨᠠᠮᠤᠷ ᠪᠣᠯᠳᠠᠯ᠎ᠠ ᠬᠤᠶᠠᠷᠬᠠᠨ ᠣᠯᠠᠷᠢᠯ ᠳᠤ ᠰᠢᠨ᠎ᠡ ᠰᠤᠷᠭᠤᠭ ᠨᠤᠭᠤᠭ᠎ᠠ ᠣᠯᠵᠤ ᠢᠳᠡᠳᠡᠭ᠌ ᠪᠠᠢ᠌ᠭᠰᠠᠨ ᠶᠢᠡᠨ ᠰᠦᠯᠢᠶᠤᠤ ᠳᠤᠯᠠᠭᠠᠨ ᠫᠧᠩ ᠮᠡᠡᠳᠦᠯᠡᠭ᠍ᠰᠡᠨ ᠡᠴᠠ ᠬᠣᠢ᠌ᠰᠢ ᠵᠢᠯ ᠤᠨ ᠳᠦᠷᠪᠡᠨ ᠣᠯᠠᠷᠢᠯ ᠳᠤ ᠰᠢᠨ᠎ᠡ ᠰᠤᠷᠭᠤᠭ ᠨᠤᠭᠤᠭ᠎ᠠ ᠣᠯᠵᠤ ᠢᠳᠡᠭᠦ ᠨᠢ ᠡᠩ ᠤᠨ ᠭᠡᠷᠡᠭ᠌ ᠪᠣᠯᠪᠠ᠃ ᠭᠡᠳᠡᠯ᠎ᠡ ᠡᠨᠡᠭᠦ ᠣᠯᠠᠷᠢᠯ ᠰᠥᠷᠦᠭ᠍ᠰᠡᠨ ᠨᠤᠭᠤᠭ᠎ᠠ ᠶᠢ ᠳᠠᠷᠢᠬᠤ ᠳᠤ ᠭᠢᠵᠠᠭᠠᠷᠳᠠᠢ ᠴᠢᠬᠤᠯᠬᠠᠨ ᠭᠦᠷᠦᠰᠤᠨ ᠳᠡᠭᠡᠷ᠎ᠡ ᠭᠦᠮᠤᠨ ᠤ ᠭᠦᠴᠤ ᠪᠠᠷ ᠣᠷᠭᠤᠮᠠᠯ ᠳᠤ ᠳᠤᠭᠢᠷᠠᠮᠵᠢᠳᠠᠢ ᠴᠢᠭᠢᠭ᠌ ᠳᠤᠯᠠᠭᠠᠴᠠ ᠶᠢ ᠪᠦᠷᠢᠯᠳᠦᠭᠦᠯᠵᠤ ᠦᠭ‍ᠭᠦ ᠭᠡᠷᠡᠭ᠍ᠳᠡᠢ᠃ ᠳᠡᠭᠡᠭᠦ ᠳᠤ ᠳᠤᠯᠠᠭᠠᠨ ᠫᠧᠩ ᠨᠢ ᠳᠤᠭᠢᠷᠠᠮᠵᠢᠳᠠᠢ ᠠᠭᠠᠷ ᠤᠨ ᠰᠤᠯᠢᠯᠴᠠᠭ᠎ᠠ ᠪᠠ ᠭᠡᠷᠡᠯ ᠤᠨ ᠨᠡᠢ᠌ᠯᠡᠯᠭᠡ ᠶᠢᠨ ᠣᠷᠴᠢᠨ ᠳᠤᠭᠤᠷᠢᠨ ᠢ ᠪᠦᠷᠢᠯᠳᠦᠭᠦᠯᠤᠨ ᠥᠭ᠍ᠴᠤ ᠴᠢᠳᠠᠬᠤ ᠦᠭᠡᠶ ᠡᠴᠠ ᠪᠣᠯᠤᠭᠠᠤᠨ᠂ ᠳᠤᠯᠠᠭᠠᠨ ᠫᠧᠩ ᠤᠨ ᠨᠤᠭᠤᠭ᠎ᠠ ᠵᠢᠮᠢᠰ ᠲᠤ ᠠᠭᠤᠯᠤᠭᠳᠠᠬᠤ ᠸᠢᠲ᠋ᠠᠮᠢᠨ ᠪᠠ ᠪᠣᠰᠤᠳ ᠰᠢᠮ᠎ᠠ ᠳᠡᠵᠢᠭᠡᠯ ᠤᠨ ᠭᠡᠮᠵᠢᠶ᠎ᠡ ᠨᠢ ᠪᠠᠢ᠌ᠭᠠᠯᠢ ᠶᠢᠨ ᠣᠷᠴᠢᠨ ᠳᠤ ᠳᠠᠷᠢᠭᠰᠠᠨ ᠨᠤᠭᠤᠭ᠎ᠠ ᠵᠢᠮᠢᠰ ᠤᠨ ᠳᠠᠪᠤᠨ ᠤ ᠨᠢᠭᠡ ᠳᠤ ᠴᠤ ᠭᠦᠷᠭᠦ ᠦᠭᠡᠶ ᠠᠵᠢ᠃ ᠭᠠᠭᠴᠠᠬᠦ ᠰᠢᠮ᠎ᠠ ᠳᠡᠵᠢᠭᠡᠯ ᠪᠠᠭᠠᠳᠠᠢ ᠪᠣᠯ ᠪᠠᠰᠠᠴᠤ ᠭᠠᠢ᠌ᠭᠤᠢ᠂ ᠨᠤᠭᠤᠭ᠎ᠠ ᠳᠠᠷᠢᠭᠴᠢ ᠡᠴᠠ ᠨᠢᠭᠡᠴᠢ ᠳᠠᠯᠠᠪᠠᠢ ᠶᠢᠨ ᠦᠨᠳᠦᠷ ᠣᠨᠠᠯᠳᠠ ᠶᠢ ᠭᠦᠭᠡᠭᠡᠴᠡᠯᠳᠦᠵᠤ᠂ ᠭᠡᠳᠤᠨ ᠵᠣᠢ᠌ᠯ ᠤᠨ ᠭᠢᠮᠢ ᠶᠢᠨ ᠪᠣᠷᠳᠤᠭᠤᠷ ᠢ ᠬᠤᠯᠢᠵᠤ ᠪᠠᠢ᠌ᠭᠠᠤᠨ ᠬᠤᠪᠢ ᠳᠠᠭᠢᠨ ᠶᠢᠡᠷ ᠭᠡᠷᠡᠭᠯᠡᠭᠦ ᠪᠠᠷ ᠪᠠᠷᠠᠬᠤ ᠦᠭᠡᠶ᠂ ᠬᠤᠷᠮᠤᠨ ᠤ ᠡᠮ ᠢ ᠰᠢᠭᠤᠳ ᠪᠣᠷᠳᠤᠭᠤᠷ ᠪᠣᠯᠭᠠᠨ ᠭᠡᠷᠡᠭᠯᠡᠭ᠍ᠰᠡᠨ ᠶᠢᠡᠷ᠂ ᠣᠷᠭᠤᠯᠳᠠ ᠶᠢᠨ ᠬᠤᠭᠤᠴᠠᠭ᠎ᠠ ᠶᠢ ᠬᠠᠭᠠᠰ ᠶᠢᠡᠷ ᠪᠣᠭᠤᠨᠢᠰᠬᠠᠵᠤ ᠬᠤᠷᠢᠶᠠᠯᠳᠠ ᠶᠢᠨ ᠭᠡᠮᠵᠢᠶ᠎ᠡ ᠶᠢ ᠠᠷᠪᠠ ᠳᠠᠭᠢᠨ ᠶᠢᠡᠷ ᠨᠡᠮᠡᠭ᠍ᠳᠡᠭᠦᠯᠦᠭ᠍ᠰᠡᠨ ᠪᠠᠢ᠌ᠨ᠎ᠠ᠃ ᠳᠤᠯᠠᠭᠠᠨ ᠫᠧᠩ ᠤᠨ ᠵᠤᠬᠢᠶᠠᠮᠠᠯ ᠣᠷᠴᠢᠨ ᠠᠬᠤᠢ ᠨᠢ ᠬᠤᠷᠤᠬᠠᠢ ᠰᠢᠪᠠᠵᠢ ᠶᠢᠨ ᠦᠷᠡᠵᠢᠨ ᠳᠦᠯᠵᠢᠭᠦ ᠳᠤ ᠳᠤᠩ ᠳᠤᠭᠢᠷᠠᠮᠵᠢᠳᠠᠢ ᠪᠠᠢ᠌ᠵᠤ᠂ ᠡᠨᠡ ᠬᠤᠭᠤᠴᠠᠭᠠᠨ ᠤ ᠬᠢ ᠶᠢ ᠨᠢ ᠣᠰᠠᠤᠠᠬᠠᠳᠠᠯ᠎ᠠ ᠳᠠᠷᠠᠭ᠎ᠠ ᠬᠤᠭᠤᠴᠠᠭᠠᠨ ᠤ ᠭᠢᠨᠢ ᠪᠣᠰᠤᠭᠠᠤᠨ ᠢᠷᠠᠨ᠎ᠡ᠃ ᠳᠡᠭᠡᠭᠡᠤᠨ ᠨᠤᠭᠤᠭ᠎ᠠ ᠵᠢᠮᠢᠰ ᠤᠨ ᠳᠠᠷᠢᠶᠠᠴᠢᠳ 《ᠳᠠᠪᠣ ᠬᠤᠨᠤᠭ ᠠᠩᠬᠠᠷᠬᠤ ᠦᠭᠡᠶ ᠪᠣᠯ ᠬᠤᠪᠬᠠᠢ᠌ᠷᠠᠳᠠᠯ᠎ᠠ ᠢᠳᠡᠴᠢᠭᠡᠨ᠎ᠡ》 ᠭᠡᠤᠨ ᠡᠯᠳᠡᠪ ᠲᠦᠷᠦᠯ ᠤᠨ ᠬᠤᠷᠤᠬᠠᠢ ᠶᠢᠨ ᠡᠮ ᠢ ᠯᠤᠩᠬᠤ ᠯᠤᠩᠬᠤ ᠪᠠᠷ ᠰᠥᠷᠴᠢᠳᠡᠭ᠌ ᠪᠠᠢ᠌ᠵᠠᠢ᠃ ᠭᠡᠳᠤᠨ ᠲᠦᠷᠦᠯ ᠤᠨ ᠬᠤᠷᠤᠬᠠᠢ ᠠᠯᠠᠬᠤ ᠡᠮ ᠬᠠᠷᠢᠯᠴᠠᠨ ᠣᠷᠪᠠᠯᠳᠤᠭᠠᠤᠨ ᠬᠤᠷᠮᠤᠨ ᠤ ᠲᠦᠷᠦᠯ ᠤᠨ ᠴᠢᠩᠭ᠎ᠠ ᠬᠤᠤᠷ ᠪᠦᠷᠢᠯᠳᠦᠵᠤ᠂ ᠭᠢᠮᠢ ᠶᠢᠨ ᠪᠣᠷᠳᠤᠭᠤᠷ ᠡᠴᠠ ᠬᠤᠯᠠ ᠴᠢᠳᠠᠯ ᠲᠡᠶ ᠪᠣᠯᠵᠤ ᠬᠤᠪᠢᠷᠠᠭᠠᠤᠨ ᠣᠷᠭᠤᠮᠠᠯ ᠳᠤ ᠰᠠᠳᠤᠯᠳᠠ ᠥᠭ᠍ᠴᠤ ᠳᠦᠷᠭᠡᠨ ᠥᠰᠭᠡᠭᠦ ᠳᠤ ᠭᠦᠷᠭᠡᠨ᠎ᠡ᠃ ᠡᠭᠦᠨ ᠤ ᠳ᠋ᠦ᠋ᠩ ᠳᠤ᠂ ᠳᠤᠯᠠᠭᠠᠨ ᠫᠧᠩ ᠨᠢ ᠵᠣᠢ᠌ᠯ ᠪᠦᠷᠢ ᠶᠢᠨ ᠬᠤᠷᠤᠬᠠᠢ ᠠᠯᠠᠬᠤ ᠡᠮ ᠤᠨ ᠰᠤᠷᠢᠶᠠᠨ ᠤ ᠳᠠᠯᠠᠪᠣᠷ ᠪᠣᠯᠵᠤ᠂ ᠣᠯᠠᠷᠢᠯ ᠰᠥᠷᠦᠭ᠍ᠰᠡᠨ ᠨᠤᠭᠤᠭ᠎ᠠ ᠨᠢ ᠣᠯᠠᠨ ᠵᠣᠢ᠌ᠯ ᠤᠨ ᠭᠢᠮᠢ ᠶᠢᠨ ᠡᠮ ᠤᠨ 《ᠣᠷᠪᠠᠯ ᠤᠨ ᠵᠤᠤᠬ᠎ᠠ》 ᠪᠣᠯᠵᠠᠢ᠃

1999 ᠣᠨ ᠤ 4 ᠰᠠᠷ᠎ᠠ ᠳᠤ᠂ ᠹᠦᠵᠢᠶᠡᠨ ᠮᠤᠵᠢ ᠨᠢᠭᠡ ᠪᠠᠭ᠎ᠠ ᠰᠤᠷᠭᠠᠭᠤᠯᠢ ᠶᠢᠨ ᠪᠦᠭᠦ ᠰᠤᠷᠤᠭᠴᠢ ᠳᠠᠷᠢᠶᠠᠯᠠᠩ ᠤᠨ ᠡᠮ ᠤᠨ ᠥᠯᠡᠳᠡᠭ᠍ᠳᠡᠯ ᠲᠡᠶ ᠣᠯᠠᠭᠠᠨ ᠭᠦᠢᠯᠡᠰᠤ ᠶᠢ ᠢᠳᠡᠭᠡᠤᠨ 60 ᠭᠦᠮᠤᠨ ᠬᠤᠤᠷᠳᠠᠭᠳᠠᠵᠤ ᠬᠤᠶᠠᠷ ᠨᠢ ᠥᠭᠦᠭ᠍ᠰᠡᠨ ᠪᠠᠢ᠌ᠨ᠎ᠠ᠃

2008 ᠣᠨ ᠤ 5 ᠰᠠᠷᠠᠢ᠌ᠨ 16 ᠊ᠤ ᠡᠳᠦᠷ ᠤᠨ 《ᠵᠠᠬ᠎ᠠ ᠳᠡᠯᠭᠡᠭᠦᠷ ᠰᠤᠨᠢᠨ》 ᠳ᠋ᠤ ᠮᠡᠳᠡᠭᠡᠯᠡᠭ᠍ᠰᠡᠨ ᠶᠢᠡᠷ᠂ ᠬᠤᠪᠧᠢ ᠮᠤᠵᠢ ᠶᠢᠨ ᠳᠠᠷᠢᠶᠠᠯᠠᠩ ᠤᠨ ᠡᠮ ᠢ ᠭᠢᠨᠠᠨ ᠪᠠᠢ᠌ᠴᠠᠭᠠᠬᠤ ᠳᠤᠪᠴᠢᠶ᠎ᠠ ᠨᠢ ᠭᠡᠳᠤᠨ ᠶᠡᠭᠡ ᠨᠤᠭᠤᠭ᠎ᠠ ᠶᠢᠨ ᠵᠠᠬ᠎ᠠ ᠳᠡᠯᠭᠡᠭᠦᠷ ᠢ ᠪᠠᠢ᠌ᠴᠠᠭᠠᠵᠤ᠂ ᠠᠷᠪᠠᠨ ᠨᠢ᠋ᠮᠠᠨ ᠲᠦᠷᠦᠯ ᠤᠨ ᠨᠤᠭᠤᠭ᠎ᠠ ᠡᠴᠠ 30 ᠵᠠᠭᠪᠣᠷ ᠠᠪᠣᠭᠠᠤᠨ ᠰᠢᠯᠭᠠᠭᠰᠠᠨ ᠳᠤ ᠨᠤᠭᠤᠭ᠎ᠠ ᠪᠦᠭᠦᠨ ᠳᠤ ᠠᠭᠤᠯᠤᠭᠳᠠᠬᠤ ᠳᠠᠷᠢᠶᠠᠯᠠᠩ ᠤᠨ ᠡᠮ ᠭᠦᠡᠳᠤ ᠨᠤᠴᠢᠳᠠᠢ ᠪᠠᠷᠢᠮᠵᠢᠶᠠᠨ ᠡᠴᠠ ᠪᠠᠨ ᠭᠡᠳᠦᠷᠡᠭ᠍ᠰᠡᠨ ᠪᠠᠢ᠌ᠵᠠᠢ᠃

2009 ᠣᠨ ᠤ 2 ᠰᠠᠷ᠎ᠠ ᠳᠤ᠂ ᠪᠣᠭᠢᠷᠳᠠᠯ ᠦᠭᠡᠶ ᠢᠳᠡᠭᠡᠨ ᠢ ᠪᠠᠢ᠌ᠴᠠᠭᠠᠵᠤ ᠶᠠᠪᠣᠭ᠎ᠠ ᠳᠤᠰᠬᠠᠢ ᠮᠡᠷᠭᠡᠵᠢᠯᠳᠡᠨ ᠪᠠᠭᠡᠵᠢᠩ᠂ ᠳᠢᠶᠠᠠᠵᠢᠨ᠂ ᠱᠠᠩᠬᠠᠢ ᠭᠤᠷᠪᠠᠨ ᠶᠡᠭᠡ ᠬᠤᠳᠠ ᠶᠢᠨ ᠨᠠᠷᠠᠳᠠᠢ ᠶᠡᠭᠡ ᠵᠠᠭᠤᠰᠢᠨ ᠨᠤᠭᠤᠭᠠᠨ ᠤ ᠵᠠᠬ᠎ᠠ ᠳᠡᠯᠭᠡᠭᠦᠷ ᠢ ᠪᠠᠢ᠌ᠴᠠᠭᠠᠵᠤ᠂ ᠨᠢᠭᠡ ᠭᠤᠷᠪᠠᠨ ᠠᠮᠠ ᠭᠦᠮᠤᠨ ᠲᠡᠶ ᠠᠢ᠌ᠯ ᠤᠨ ᠨᠢᠭᠡ ᠡᠳᠦᠷ ᠢᠳᠡᠭᠦ ᠨᠤᠭᠤᠭ᠎ᠠ ᠪᠠᠷ ᠪᠠᠷᠢᠮᠵᠢᠶᠠᠯᠠᠨ 45 ᠨᠤᠭᠤᠭ᠎ᠠ ᠶᠢᠨ ᠵᠠᠭᠪᠣᠷ ᠠᠪᠣᠭᠠᠤᠨ ᠰᠢᠯᠭᠠᠭᠰᠠᠨ ᠳᠤ 40 ᠵᠠᠭᠪᠣᠷ ᠳᠤᠨᠢ 50 ᠭᠠᠷᠤᠢ ᠲᠦᠷᠦᠯ ᠤᠨ ᠳᠠᠷᠢᠶᠠᠯᠠᠩ ᠤᠨ ᠡᠮ ᠠᠭᠤᠯᠤᠭᠳᠠᠭᠰᠠᠨ ᠪᠠᠢ᠌ᠵᠠᠢ᠃ ᠪᠠᠢ᠌ᠴᠠᠭᠠᠭᠴᠢ ᠡᠴᠠ ᠪᠠᠭᠡᠵᠢᠩ ᠤᠨ 《ᠸᠸᠷᠮᠠ ᠭᠡᠳᠤ ᠳᠡᠯᠭᠡᠭᠦᠷ》 ᠊ᠤᠨ ᠨᠢᠭᠡ ᠭᠦᠵᠡᠯᠵᠡᠭᠡᠨ᠎ᠡ ( 草莓 ) ᠢ ᠠᠪᠣᠭᠠᠤᠨ ᠰᠢᠯᠭᠠᠬᠤ ᠳᠤ ᠳᠡᠭᠡᠷ᠎ᠡ ᠨᠢ ᠠᠷᠪᠠᠨ ᠭᠤᠷᠪᠠᠨ ᠲᠦᠷᠦᠯ ᠤᠨ ᠳᠠᠷᠢᠶᠠᠯᠠᠩ ᠤᠨ ᠡᠮ ᠤᠨ ᠨᠠᠭᠠᠯᠳᠤᠪᠣᠷᠢ ᠪᠠᠢ᠌ᠵᠤ ᠬᠤᠶᠠᠷ ᠭᠦᠮᠤᠨ ᠢ ᠬᠤᠤᠷᠳᠠᠭᠤᠯᠤᠨ ᠠᠯᠠᠵᠤ ᠳᠡᠢ᠌ᠯᠭᠦ ᠭᠡᠮᠵᠢᠶᠡᠨ ᠳᠤ ᠭᠦᠷᠦᠭ᠍ᠰᠡᠨ ᠭᠡᠨ᠎ᠡ᠃ ᠶᠠᠭᠠᠭᠢᠭᠰᠠᠨ ᠠᠶᠤᠩᠭ᠋ᠤᠷᠢᠳᠠᠢ ᠳᠤᠭ᠎ᠠ ᠪᠠᠷᠢᠮᠳᠠ ᠤᠳ ᠪᠣᠢ︕ ᠮᠠᠨ ᠤ ᠨᠠᠢ᠌ᠰᠯᠠᠯ ᠤᠨ ᠢᠷᠭᠡᠤᠨ ᠴᠢᠨᠢ ᠶᠠᠭ ᠡᠢ᠌ᠮᠤ ᠨᠤᠭᠤᠭ᠎ᠠ ᠪᠠᠷ ᠭᠡᠳᠡᠰᠤ ᠪᠣᠷᠤᠯᠠᠭᠤᠯᠵᠤ ᠶᠠᠪᠣᠭ᠎ᠠ ᠶᠤᠮ ᠰᠢᠤ᠃ ᠳᠡᠭᠡᠭᠦ ᠳᠤ ᠡᠢ᠌ᠮᠤ ᠨᠤᠭᠤᠭ᠎ᠠ ᠶᠢ ᠢᠳᠡᠭ᠍ᠰᠡᠭᠡᠷ ᠪᠠᠢ᠌ᠭᠠᠤᠨ ᠭᠦᠮᠤᠨ ᠨᠢ ᠴᠤ ᠬᠤᠤᠷ ᠢ ᠡᠰᠡᠷᠭᠦᠴᠡᠭᠦ ᠴᠢᠳᠠᠯ ᠲᠡᠶ ᠪᠣᠯᠤᠭᠰᠠᠨ ᠶᠢᠡᠷ ᠭᠢᠷᠢ ᠪᠠᠷᠤᠭ ᠤᠨ ᠬᠤᠤᠷ ᠡᠴᠠ ᠠᠶᠤᠬᠤ ᠦᠭᠡᠶ ᠪᠣᠯᠤᠭᠰᠠᠨ ᠪᠣᠯᠤᠯᠳᠠᠢ᠂ ᠮᠠᠨ ᠤ ᠪᠣᠢ᠌ᠳᠠ ᠪᠦᠭᠯᠡᠭᠦᠤ ᠭᠦᠳᠡᠭᠡᠨ ᠤ ᠮᠠᠯᠴᠢᠳ᠂ ᠦᠨᠦᠭᠢ ᠶᠢ ᠨᠢ ᠭᠦᠳᠡᠭᠡᠨ ᠤ ᠵᠠᠩᠰᠢᠯ ᠶᠢᠡᠷ ᠶᠢᠡᠨ 《ᠬᠤᠷᠮᠤᠢ ᠳᠡᠭᠡᠷ᠎ᠡ ᠪᠠᠨ ᠬᠤᠶᠠᠷ ᠵᠥᠯᠭᠦᠭᠡᠤᠨ ᠢᠳᠡᠭᠦ》   ᠶᠤᠮ ᠪᠣᠯ ᠬᠤᠤᠷᠳᠠᠭᠳᠠᠵᠤ ᠥᠭᠦᠭᠦ ᠡᠴᠠ ᠬᠤᠯᠠ ᠦᠭᠡᠶ ᠰᠠᠨ᠃

2009 ᠣᠨ ᠤ 6 ᠰᠠᠷᠠᠢ᠌ᠨ 1 ᠳᠤ 《ᠢᠳᠡᠭᠡᠨ ᠤ ᠠᠮᠤᠷ ᠲᠦᠪᠰᠢᠨ ᠢ ᠪᠠᠳᠤᠯᠠᠬᠤ ᠬᠠᠤᠯᠢ》 ᠵᠢᠩᠭᠢᠨᠢ ᠪᠠᠷ ᠪᠠᠳᠤᠯᠠᠭᠳᠠᠨ ᠭᠡᠷᠡᠭ᠍ᠵᠢᠭᠦᠯᠦᠭ᠍ᠳᠡᠯ᠎ᠡ᠃ ᠵᠠᠯᠭᠠᠭᠠᠤᠨ 《ᠪᠣᠭᠢᠷᠳᠠᠯ ᠦᠭᠡᠶ ᠨᠤᠭᠤᠭᠠᠨ ᠳᠠᠷᠢᠮᠠᠯ ᠤᠨ ᠢᠨᠵᠧᠨᠧᠷᠢᠩ》 ᠳᠠᠢ᠌ᠴᠢᠯᠠᠭᠳᠠᠵᠤ ᠪᠦᠭᠦ ᠣᠯᠤᠰ ᠳᠠᠶᠠᠭᠠᠷ ᠳᠠᠷᠢᠶᠠᠯᠠᠩ ᠤᠨ ᠡᠮ ᠢ ᠠᠷᠢᠯᠭᠠᠬᠤ ᠭᠦᠳᠡᠯᠭᠡᠭᠡᠨ ᠶᠠᠪᠣᠭᠤᠯᠤᠯ᠎ᠠ ᠊᠊᠊᠊᠊᠊᠊᠊᠊᠊᠊᠊᠊᠊᠊ ᠡᠨᠡ ᠨᠢ ᠠᠵᠤ ᠠᠬᠤᠢ ᠬᠤᠳᠠᠯᠳᠤᠭᠠᠨ ᠤ ᠳᠤᠪᠴᠢᠶ᠎ᠠ ᠪᠣᠯᠤᠨ ᠵᠠᠬ᠎ᠠ ᠳᠡᠯᠭᠡᠭᠦᠷ ᠤᠨ ᠬᠠᠮᠢᠶᠠᠷᠤᠯᠳᠠ ᠶᠢᠨ ᠠᠵᠢᠯᠳᠠᠨ ᠳᠤ ᠭᠢᠭᠦ ᠠᠵᠢᠯ ᠲᠡᠶ ᠪᠣᠯᠭᠠᠵᠤ᠂ ᠡᠳᠦᠷ ᠪᠦᠷᠢ ᠪᠣᠭᠢᠷᠳᠠᠯ ᠦᠭᠡᠶ ᠢᠳᠡᠭᠡᠨ ᠢ ᠰᠤᠷᠳᠠᠯᠴᠢᠯᠠᠬᠤ ᠣᠬᠠᠭᠤᠯᠬᠤ ᠬᠠᠭᠤᠳᠠᠰᠤ ᠪᠠᠷᠢᠭᠠᠤᠨ ᠵᠠᠮ ᠶᠢᠡᠷ ᠭᠠᠷᠬᠤ ᠭᠦᠮᠤᠨ ᠪᠣᠯᠭᠠᠨ ᠳᠤ ᠨᠢᠭᠡ ᠬᠤᠪᠢ ᠴᠢᠭᠢᠵᠤ ᠪᠠᠢ᠌ᠭᠠᠤᠨ ᠨᠢᠭᠡ ᠣᠳᠠᠭᠠᠨ ᠤ ᠭᠦᠳᠡᠯᠭᠡᠭᠡᠨ ᠤ ᠠᠯᠪᠠ ᠶᠢ ᠬᠠᠰᠢᠭᠠᠤᠨ᠂ ᠰᠠᠤᠠᠭᠢᠯ ᠬᠠᠩᠬᠤᠯᠠᠭᠤᠨ ᠠᠯᠪᠠᠨ ᠭᠡᠷ ᠲᠡᠭᠡᠨ ᠪᠣᠴᠠᠵᠤ ᠪᠢᠯᠠ᠃ ᠳᠡᠭᠡᠭᠦ ᠳᠤ ᠨᠤᠭᠤᠭᠠᠨ ᠤ ᠳᠠᠷᠢᠶᠠᠴᠢᠳ ᠤᠨ ᠨᠤᠭᠤᠭᠠᠨ ᠭᠠᠵᠠᠷ ᠴᠢᠨᠤ ᠡᠨᠡ ᠳᠠᠷᠠ 《ᠬᠠᠤᠯᠢ》 ᠵᠢ ᠦᠯᠦ ᠭᠡᠷᠡᠭ᠍ᠰᠡᠵᠤ᠂ ᠭᠢᠮᠢ ᠶᠢᠨ ᠪᠣᠷᠳᠤᠭᠤᠷ ᠪᠣᠯᠤᠨ ᠳᠠᠷᠢᠶᠠᠯᠠᠩ ᠤᠨ ᠡᠮ ᠡᠴᠠ ᠪᠠᠨ ᠰᠠᠯᠪᠠᠯ ᠡᠪᠠᠰᠤ ᠴᠤ ᠣᠷᠭᠤᠬᠤ ᠦᠭᠡᠶ ᠳᠠᠴᠢᠷ ᠭᠦᠷᠦᠰᠤ ᠪᠣᠯᠴᠢᠬᠠᠭᠰᠠᠨ ᠳᠤᠯᠠ ᠨᠢᠭᠡᠯᠡ ᠊ᠭ᠍ᠱᠡᠨ ᠳᠤ ᠬᠤᠪᠢᠷᠠᠭᠤᠯᠤᠨ᠎ᠠ ᠭᠡᠭ᠍ᠴᠢ ᠪᠠᠢ᠌ᠵᠤ ᠪᠣᠯᠤᠰᠢ ᠦᠭᠡᠶ ᠭᠡᠷᠡᠭ᠌᠃ ᠳᠡᠭᠡᠭᠡᠤᠨ ᠣᠤᠯ ᠭᠡᠪ ᠶᠢᠡᠷ ᠶᠠᠭᠤ ᠭᠢᠳᠡᠭ᠌ ᠪᠣᠯ ᠶᠠᠭᠤ ᠪᠠᠨ ᠭᠢᠵᠤ᠂ ᠣᠳᠤ ᠪᠣᠯᠳᠠᠯ᠎ᠠ ᠪᠣᠭᠢᠷᠳᠠᠯ ᠳᠤ ᠬᠤᠤᠷᠳᠠᠭᠰᠠᠨ ᠮᠡᠳᠡᠭᠡᠯᠡᠯ ᠳᠠᠰᠤᠷᠠᠬᠤ ᠦᠭᠡᠶ ᠪᠠᠢ᠌ᠵᠤ᠂ ᠣᠯᠠᠩᠭᠢ ᠭᠠᠵᠠᠷ ᠤᠨ ᠵᠠᠰᠠᠭ ᠤᠨ ᠭᠠᠵᠠᠷ ᠨᠢ ᠮᠠᠭᠤ ᠨᠥᠯᠦᠭᠡ ᠪᠣᠯᠬᠤ ᠡᠴᠠ ᠠᠶᠤᠭᠠᠤᠨ ᠳᠠᠭ ᠳᠠᠷᠤᠭᠠᠤᠨ ᠭᠠᠳᠠᠭᠰᠢ ᠰᠤᠨᠤᠰᠬᠠᠬᠤ ᠦᠭᠡᠶ ᠠᠵᠢ᠃

ᠳᠡᠯᠡᠭᠡᠢ ᠨᠠᠢ᠌ᠳᠠ ᠶᠢᠨ ᠢᠳᠡᠭᠡᠨ ᠤ ᠪᠣᠭᠢᠷᠳᠠᠯ ᠤᠨ ᠪᠠᠷᠢᠮᠵᠢᠶ᠎ᠠ ᠭᠡᠮᠵᠢᠭ᠍ᠳᠡᠯ ᠣᠳᠤ ᠪᠣᠯᠳᠠᠯ᠎ᠠ ᠨᠢᠭᠡᠳᠦᠯ ᠦᠭᠡᠶ ᠪᠠᠢ᠌ᠵᠤ᠂ ᠳᠤᠮᠳᠠᠳᠤ ᠣᠯᠤᠰ ᠤᠨ ᠰᠠᠭᠤᠭᠠᠯᠢ ᠠᠷᠠᠤᠨ ᠤᠨ ᠡᠳᠦᠷ ᠪᠦᠷᠢ ᠬᠤᠭᠤᠯᠠ ᠪᠠᠷ ᠰᠢᠩᠭᠡᠭ᠍ᠳᠡᠭᠦ ᠬᠤᠤᠷᠳᠤ ᠡᠮ 《666》 ᠪᠣᠯᠤᠨ 《ᠳ᠋ᠢ ᠳ᠋ᠢ ᠳᠢ》 (ᠭᠤᠤᠯ ᠪᠦᠷᠢᠯᠳᠦᠭᠦᠨ ᠨᠢ ᠣᠷᠭᠠᠨᠢᠭ ᠡᡁᠯᠦᠷ᠂ ᠹᠤᠰᠹᠤᠷ᠂ ᠮᠥᠩᠭᠦᠨ ᠣᠰᠤ)  ᠊ᠤᠨ ᠣᠯᠤᠰ ᠡᠴᠠ ᠳᠤᠭᠳᠠᠭᠠᠭᠰᠠᠨ ᠪᠠᠷᠢᠮᠵᠢᠶᠠᠳᠤ ᠭᠡᠮᠵᠢᠶ᠎ᠡ ᠨᠢ ᠳᠡᠯᠡᠭᠡᠢ ᠶᠢᠨ ᠳᠠᠪᠰᠢᠭᠰᠠᠨ ᠣᠯᠤᠰ ᠤᠨ ᠬᠢ ᠡᠴᠠ ᠬᠤᠯᠠ ᠦᠨᠳᠦᠷ ᠪᠠᠢ᠌ᠳᠠᠭ᠃ ᠳᠤᠬᠠᠢ᠌ᠯᠠᠪᠠᠯ《666》 ᠵᠢᠨ ᠪᠠᠷᠢᠮᠵᠢᠶᠠᠳᠤ ᠭᠡᠮᠵᠢᠭ᠍ᠳᠡᠯ ᠨᠢ ᠠᠮᠸᠷᠢᠺᠠ ᠶᠢᠨ 84 ᠳᠠᠭᠢᠨ᠂ ᠶᠠᠫᠣᠨ ᠤ 15 ᠳᠠᠭᠢᠨ ᠶᠢᠡᠷ ᠦᠨᠳᠦᠷ ᠪᠠᠢ᠌ᠵᠤ᠂ 《ᠳ᠋ᠢ ᠳ᠋ᠢ ᠳᠢ》 ᠵᠢᠨ ᠪᠠᠷᠢᠮᠵᠢᠶᠠᠳᠤ ᠭᠡᠮᠵᠢᠭ᠍ᠳᠡᠯ ᠨᠢ ᠠᠦ᠋ᠰᠲ᠋ᠷᠠᠯᠢᠶ᠎ᠠ ᠶᠢᠨ 16 ᠳᠠᠭᠢᠨ᠂ ᠠᠮᠸᠷᠢᠺᠠ ᠪᠠ ᠶᠠᠫᠣᠨ ᠤ 24 ᠳᠠᠭᠢᠨ ᠶᠢᠡᠷ ᠦᠨᠳᠦᠷ ᠪᠠᠢ᠌ᠨ᠎ᠠ᠃ ᠡᠨᠡᠭᠦ ᠭᠡᠳᠤᠨ ᠠᠷᠪᠠᠨ ᠳᠠᠭᠢᠨ ᠦᠨᠳᠦᠷ ᠳᠤᠭ᠎ᠠ ᠭᠡᠮᠵᠢᠭ᠍ᠳᠡᠯ ᠨᠢ ᠳᠡᠯᠡᠭᠡᠢ ᠶᠢᠨ ᠪᠠᠷᠢᠮᠵᠢᠶ᠎ᠠ ᠱᠠᠭᠠᠷᠳᠠᠯᠭ᠎ᠠ ᠡᠴᠠ ᠬᠤᠯᠠ ᠵᠦᠷᠢᠶ᠎ᠠ ᠲᠡᠶ ᠪᠠᠢ᠌ᠭ᠎ᠠ ᠶᠢ ᠬᠠᠷᠠᠭᠤᠯᠵᠤ᠂ ᠢᠳᠡᠭᠡᠨ ᠤ ᠪᠣᠭᠢᠷᠳᠠᠯ ᠳᠤ ᠮᠠᠨ ᠤ ᠣᠯᠤᠰ ᠮᠦᠨ ᠭᠦ ᠶᠡᠭᠡ ᠵᠠᠮ ᠨᠡᠭᠡᠭᠡᠨ ᠥᠭ᠍ᠴᠤ ᠪᠠᠢ᠌ᠭ᠎ᠠ ᠨᠢ ᠢᠯᠡᠭᠡᠨ᠃ ᠡᠨᠡ ᠨᠢ ᠪᠠᠰᠠᠴᠤ ᠮᠠᠨ ᠣᠯᠤᠰ ᠤᠨ ᠳᠠᠷᠢᠶᠠᠯᠠᠩ ᠮᠠᠯ ᠠᠵᠤ ᠠᠬᠤᠢ ᠶᠢᠨ ᠪᠦᠳᠦᠭᠡᠭ᠍ᠳᠡᠭᠦᠨ ᠳᠡᠯᠡᠭᠡᠢ ᠶᠢᠨ ᠵᠠᠬ᠎ᠠ ᠳᠡᠯᠭᠡᠭᠦᠷ ᠳᠡᠭᠡᠷ᠎ᠡ ᠭᠦᠯ ᠵᠤᠭᠰᠤᠵᠤ ᠴᠢᠳᠠᠬᠤ ᠦᠭᠡᠶ ᠪᠠᠢ᠌ᠭ᠎ᠠ ᠶᠢᠨ ᠭᠤᠤᠯ ᠰᠢᠯᠳᠠᠭᠠᠨ ᠪᠣᠯᠵᠤ ᠪᠠᠢ᠌ᠨ᠎ᠠ᠃

2000 ᠣᠨ ᠳᠤ᠂ ᠡᠷᠡᠭᠦᠯ ᠬᠠᠮᠠᠭᠠᠯᠠᠯ ᠤᠨ ᠶᠠᠮᠤᠨ ᠤ ᠨᠡᠢ᠌ᠳᠡᠯᠡᠭ᠍ᠰᠡᠨ ᠳᠤᠭ᠎ᠠ ᠪᠠᠷᠢᠮᠳᠠ ᠶᠢ ᠦᠨᠳᠦᠰᠦᠯᠠᠪᠠᠯ᠂ ᠣᠳᠤᠬᠠᠨ ᠳᠤ ᠮᠠᠨ ᠤ ᠣᠯᠤᠰ ᠤᠨ ᠰᠢᠨ᠎ᠡ ᠣᠷᠤᠭᠯᠠᠵᠤ ᠪᠠᠢ᠌ᠭ᠎ᠠ ᠨᠢ᠋ᠮᠠᠨ ᠬᠤᠤᠰ ᠡᠷ᠎ᠡ ᠡᠮ᠎ᠡ ᠶᠢᠨ ᠳᠤᠳᠤᠷ᠎ᠠ ᠨᠢᠭᠡ ᠬᠤᠤᠰ ᠨᠢ ᠦᠷᠡᠵᠢᠯ ᠤᠨ ᠡᠪᠠᠦᠡᠴᠢᠨ ᠲᠡᠶ ᠪᠣᠯᠵᠤ ᠭᠡᠦᠭᠡᠤᠨ ᠳᠦᠷᠦᠭᠦ ᠦᠭᠡᠶ ᠪᠠᠢ᠌ᠭᠰᠠᠨ ᠪᠣᠯ᠂ 2008 ᠣᠨ ᠪᠣᠯᠬᠤ ᠳᠤ ᠵᠢᠷᠭᠤᠭᠠᠨ ᠬᠤᠤᠰ ᠤᠨ ᠳᠤᠳᠤᠷ᠎ᠠ ᠨᠢᠭᠡ ᠬᠤᠤᠰ ᠨᠢ ᠦᠷᠡᠵᠢᠯ ᠤᠨ ᠡᠪᠠᠦᠡᠴᠢᠨ ᠲᠡᠶ ᠪᠣᠯᠤᠭᠰᠠᠨ ᠪᠠᠢ᠌ᠵᠠᠢ᠃ ᠢᠩᠭᠢᠵᠤ ᠪᠠᠭᠤᠷᠠᠵᠤ ᠶᠠᠪᠣᠭ᠎ᠠ ᠳᠤᠭ᠎ᠠ ᠪᠠᠷᠢᠮᠳᠠ ᠨᠢ ᠯᠠᠪᠳᠠᠢ ᠳᠦᠯᠦᠪᠯᠡᠭᠡᠳᠤ ᠦᠷᠡᠵᠢᠯ ᠳᠤ ᠠᠰᠢᠭᠳᠠᠢ ᠭᠡᠮᠡᠨ ᠪᠠᠶᠠᠷᠯᠠᠭᠤᠰᠢᠳᠠᠢ ᠣᠴᠢᠷ ᠪᠢᠰᠢ ᠪᠦᠭᠡᠤᠨ᠂ ᠡᠪᠠᠦᠡᠴᠢᠯᠡᠭ᠍ᠰᠡᠨ ᠨᠡᠢ᠌ᠭᠡᠮ ᠳᠤ ᠭᠦᠳᠦᠯᠦᠭ᠍ᠳᠡᠨ ᠣᠷᠤᠬᠤ ᠶᠢᠨ ᠮᠠᠭᠤ ᠰᠤᠪᠢᠩ ᠮᠡᠳᠡᠷᠡᠭ᠍ᠳᠡᠵᠤ ᠪᠣᠢ ᠠᠵᠢ᠃ ᠳᠦᠴᠢᠨ ᠵᠢᠯ ᠤᠨ ᠡᠮᠤᠨ᠎ᠡ᠂ ᠡᠷᠡᠭ᠍ᠳᠡᠢ ᠭᠦᠮᠤᠨ ᠤ ᠨᠢᠭᠡ ᠣᠳᠠᠭ᠎ᠠ ᠬᠠᠷᠪᠣᠬᠤ ᠦᠷ᠎ᠡ ᠶᠢᠨ ᠡᠰ 6000 ᠲᠦᠮᠡ ᠪᠠᠢ᠌ᠭᠰᠠᠨ ᠡᠴᠠ ᠪᠠᠨ ᠣᠳᠤ ᠪᠣᠯᠵᠤ ᠢᠷᠡᠭᠡᠤᠨ ᠳᠦᠩᠭᠡᠵᠢ 2000 ᠲᠦᠮᠡ ᠴᠤ ᠭᠦᠷᠭᠦ ᠦᠭᠡᠶ ᠪᠣᠯᠵᠤ᠂ ᠥᠩᠭᠡᠷᠡᠭ᠍ᠰᠡᠨ ᠤ ᠪᠠᠨ ᠭᠤᠷᠪᠠᠨ ᠤ ᠨᠢᠭᠡ ᠯᠠ ᠪᠣᠯᠵᠠᠢ᠃ ᠡᠨᠡ ᠥᠵᠡᠭ᠍ᠳᠡᠯ ᠢ ᠳᠤᠬᠠᠢ ᠮᠡᠷᠭᠡᠵᠢᠯᠳᠡᠨ ᠨᠡᠷ ᠳᠠᠪᠤᠨ ᠵᠢᠯ ᠰᠤᠳᠤᠯᠤᠭᠠᠤᠨ ᠡᠮ᠎ᠡ ᠪᠠᠯᠭᠡ ᠶᠢᠨ ᠬᠤᠷᠮᠤᠨ ᠢ ᠭᠡᠳᠦᠷᠭᠡᠢ ᠭᠡᠷᠡᠭᠯᠡᠭ᠍ᠰᠡᠨ ᠡᠴᠠ ᠪᠣᠯᠪᠠ ᠭᠡᠰᠡᠨ ᠳ᠋ᠦ᠋ᠩᠨᠠᠯᠳᠠ ᠭᠠᠷᠭᠠᠭᠰᠠᠨ ᠪᠠᠢ᠌ᠯ᠎ᠠ᠃ ᠭᠡᠳᠡᠯ᠎ᠡ ᠣᠳᠤᠬᠠᠨ ᠤ ᠰᠤᠶᠤᠯ ᠰᠢᠡᠵᠢᠯᠡᠭᠦ ᠣᠬᠠᠭᠠᠨ ᠳᠡᠭᠡᠳᠤ ᠭᠡᠮᠵᠢᠶ᠎ᠡ ᠪᠠᠷ ᠭᠦᠭ᠍ᠵᠢᠭ᠍ᠰᠡᠨ ᠴᠠᠭ ᠦᠶ᠎ᠡ ᠳᠤ᠂ ᠡᠮ᠎ᠡ ᠬᠤᠷᠮᠤᠨ ᠤ ᠬᠤᠤᠷ ᠨᠥᠯᠦᠭᠡ ᠶᠢ ᠮᠡᠳᠡᠭᠦ ᠦᠭᠡᠶ ᠠᠮᠢᠳᠠᠨ ᠬᠤᠪᠣᠷ ᠪᠠᠢ᠌ᠳᠠᠯ᠎ᠠ ᠪᠠᠨ ᠳᠡᠭᠦᠨ ᠢ ᠰᠠᠨᠠᠭᠠᠴᠢᠯᠠᠭ᠎ᠠ ᠲᠡᠶ ᠪᠠᠷ ᠭᠡᠷᠡᠭᠯᠡᠭᠦ ᠭᠦᠮᠤᠨ ᠯᠠᠪ ᠪᠠᠢ᠌ᠬᠤ ᠦᠭᠡᠶ᠂ ᠬᠠᠷᠢᠨ ᠬᠤᠷᠮᠤᠨ ᠤ ᠪᠣᠭᠢᠷᠳᠠᠯ ᠲᠡᠶ ᠢᠳᠡᠭᠡᠨ ᠤ ᠬᠤᠤᠷᠳᠠᠯᠭ᠎ᠠ ᠡᠴᠠ ᠪᠣᠯᠤᠭᠰᠠᠨ ᠨᠢ ᠮᠠᠷᠭᠤᠰᠢ ᠦᠭᠡᠶ ᠪᠣᠯᠪᠠ᠃ ᠡᠨᠡᠭᠦ ᠡᠮ᠎ᠡ ᠪᠠᠯᠭᠡ ᠶᠢᠨ ᠬᠤᠷᠮᠤᠨ ᠨᠢ ᠭᠠᠭᠴᠠᠬᠦ ᠶᠡᠭᠡ ᠭᠦᠮᠤᠨ ᠢ ᠬᠤᠤᠷᠳᠠᠭᠤᠯᠤᠭᠠᠤᠨ ᠵᠤᠭᠰᠤᠭᠰᠠᠨ ᠦᠭᠡᠶ᠂ ᠭᠡᠦᠭᠡᠤᠨ ᠢ ᠪᠠᠰᠠ ᠬᠤᠤᠷᠳᠠᠭᠤᠯᠵᠤ᠂ ᠬᠤᠷᠢᠨ ᠵᠢᠯ ᠤᠨ ᠡᠮᠤᠨ᠎ᠡ ᠭᠡᠦᠭᠡᠡᠴᠦᠳ 14 ᠊᠊᠊᠊᠊᠊᠊᠊᠊᠊᠊᠊᠊᠊᠊ 18 ᠨᠠᠰᠤᠯᠠᠪᠠᠯ ᠰᠠ‍‌ᠶᠢ ᠰᠠᠷ᠎ᠠ ᠶᠢᠨ ᠭᠬᠢᠷ ᠢᠷᠡᠳᠡᠭ᠌ ᠪᠠᠢ᠌ᠭᠰᠠᠨ ᠡᠴᠠ ᠪᠠᠨ ᠣᠳᠤ ᠬᠠᠷᠢᠨ 7 ᠊᠊᠊᠊᠊᠊᠊᠊᠊᠊᠊᠊᠊᠊᠊ 9 ᠨᠠᠰᠤᠨ ᠳᠤ ᠢᠷᠡᠭᠦ ᠪᠣᠯᠵᠠᠢ᠃ ᠡᠨᠡ ᠨᠢ ᠬᠤᠷᠮᠤᠨ ᠤ ᠬᠤᠤᠷᠳᠠᠯ ᠳᠤ ᠭᠡᠦᠭᠡᠤᠨ ᠤᠨ ᠦᠷᠡᠵᠢᠯ ᠤᠨ ᠡᠷᠭᠡᠳᠡᠨ ᠡᠷᠳᠡ ᠪᠣᠯᠪᠠᠰᠤᠷᠠᠬᠤ ᠶᠢ ᠬᠠᠷᠠᠭᠤᠯᠵᠤ ᠪᠠᠢ᠌ᠨ᠎ᠠ᠃ ᠣᠴᠢᠷ ᠶᠠᠪᠣᠳᠠᠯ ᠢᠩᠭᠢᠭᠡᠤᠨ ᠵᠤᠭᠰᠤᠭᠰᠠᠨ ᠦᠭᠡᠶ᠂ ᠡᠮ᠎ᠡ ᠪᠠᠯᠭᠡ ᠶᠢᠨ ᠬᠤᠷᠮᠤᠨ ᠨᠢ ᠭᠦᠮᠤᠨ ᠢ ᠡᠷᠳᠡ ᠥᠳᠡᠯᠡᠭᠦᠯᠳᠡᠭ᠌ ᠨᠢᠭᠡ ᠳᠠᠯ᠎ᠠ ᠪᠠᠢ᠌ᠳᠠᠭ ᠢ ᠣᠢ᠌ᠷᠠᠬᠠᠨ ᠳᠤ ᠰᠠ‍‌ᠶᠢ ᠣᠯᠵᠤ ᠮᠡᠳᠡᠭ᠍ᠰᠡᠨ ᠪᠦᠭᠡᠤᠨ᠂ ᠠᠷᠪᠠᠭᠠᠤᠨ ᠨᠠᠰᠤᠳᠠᠢ ᠭᠡᠦᠭᠡᠤᠨ ᠥᠳᠡᠯᠦᠭᠡᠤᠨ ᠵᠠᠭᠤ ᠭᠠᠷᠤᠭᠰᠠᠨ ᠭᠦᠮᠤᠨ ᠰᠢᠭ᠌ ᠥᠷᠴᠡᠢ᠌ᠭ᠍ᠰᠡᠨ ᠢ ᠰᠦᠯᠵᠢᠶᠠᠨ ᠳᠡᠭᠡᠷ᠎ᠡ ᠡᠴᠠ ᠢᠨᠢᠶᠠᠳᠤᠮ ᠪᠣᠯᠭᠠᠨ ᠬᠠᠷᠠᠴᠠᠭᠠᠵᠤ ᠪᠠᠢ᠌ᠨ᠎ᠠ᠃ ᠡᠷᠡᠭ᠍ᠳᠡᠢ ᠭᠡᠦᠭᠡᠤᠨ ᠡᠮ᠎ᠡ ᠪᠠᠯᠭᠡ ᠶᠢᠨ ᠬᠤᠷᠮᠤᠨ ᠳᠤ ᠬᠤᠤᠷᠳᠠᠪᠠᠯ ᠳᠠᠭᠤ ᠨᠢ ᠨᠠᠷᠢᠰᠬᠤ᠂ ᠭᠦᠭᠦ ᠨᠢ ᠳᠤᠮᠤᠷᠠᠬᠤ᠂ ᠲᠦᠮᠦᠰᠦ ᠠᠪᠴᠢᠬᠤ ᠵᠡᠷᠭᠡ ᠭᠡᠪ ᠤᠨ ᠪᠣᠰᠤ ᠢᠯᠠᠷᠠᠯ ᠭᠠᠷᠴᠤ᠂ ᠬᠣᠢ᠌ᠰᠢᠳᠠ ᠶᠢᠨ ᠡᠷᠡᠭᠦᠯ ᠪᠣᠢ᠌ᠵᠢᠯᠳᠠ ᠶᠢ ᠭᠦᠡᠳᠤ ᠨᠤᠴᠢᠳᠠᠢ ᠨᠥᠯᠦᠭᠡᠯᠡᠭᠦ ᠪᠠᠷ ᠪᠠᠷᠠᠬᠤ ᠦᠭᠡᠶ᠂ ᠣᠶᠤᠨ ᠰᠠᠨᠠᠭᠠᠨ ᠳ᠋ᠤᠨᠢ ᠨᠥᠭᠦᠰᠢ ᠦᠭᠡᠶ ᠭᠦᠡᠳᠤ ᠰᠢᠷᠬᠠᠯᠠᠯ ᠢ ᠪᠣᠢ ᠪᠣᠯᠭᠠᠵᠤ ᠨᠠᠰᠤᠨ ᠤ ᠭᠤᠳᠤᠮᠰᠢᠭ ᠢ ᠳᠠᠷᠢᠬᠤ ᠳᠤ ᠭᠦᠷᠤᠨ᠎ᠡ᠃ ᠵᠠᠯᠠᠭᠤ ᠭᠡᠦᠭᠡᠡᠴᠦᠳ ᠡᠮ᠎ᠡ ᠪᠠᠯᠭᠡ ᠶᠢᠨ ᠬᠤᠷᠮᠤᠨ ᠳᠤ ᠬᠤᠤᠷᠳᠠᠪᠠᠯ ᠨᠣᠢ᠌ᠷ ᠬᠤᠯᠵᠢᠬᠤ᠂ ᠬᠤᠷᠢᠴᠠᠯ ᠭᠦᠰᠡᠭᠦ᠂ ᠰᠢᠯᠳᠠᠭᠠᠨ ᠦᠭᠡᠶ ᠪᠠᠷ ᠠᠭᠤᠷᠯᠠᠨ ᠪᠠᠴᠢᠮᠳᠠᠬᠤ᠂ ᠳᠦᠷᠭᠡᠨ ᠥᠳᠡᠯᠭᠦ᠂ ᠰᠠᠷ᠎ᠠ ᠶᠢᠨ ᠭᠬᠢᠷ ᠦᠶᠡᠯᠠᠯ ᠶᠢᠡᠨ ᠠᠯᠳᠠᠬᠤ ᠵᠡᠷᠭᠡ ᠢᠯᠠᠷᠠᠯ ᠭᠠᠷᠳᠠᠭ ᠪᠦᠭᠡᠤᠨ ᠣᠯᠠᠩᠭᠢ ᠳᠠᠭᠠᠨ ᠥᠭᠡᠷ᠎ᠡ ᠡᠪᠠᠦᠡᠴᠢᠨ ᠳᠠᠪᠬᠤᠷᠯᠠᠵᠤ᠂ ᠡᠮᠨᠡᠯᠭᠡ ᠪᠠᠷ 《ᠪᠠᠭᠤᠳᠠᠯ》 ᠪᠣᠯᠭᠠᠨ ᠡᠮ ᠶᠢᠡᠷ 《ᠭᠦᠨᠡᠰᠤ》 ᠭᠢᠭᠦ ᠳᠤ ᠭᠦᠷᠳᠡᠭ᠌ ᠪᠠᠢ᠌ᠨ᠎ᠠ᠃ ᠡᠳᠡᠭᠡᠷ ᠦᠷ᠎ᠡ ᠳ᠋ᠦ᠋ᠩ ᠢ ᠪᠢᠳᠠ ᠪᠦᠷ ᠪᠣᠭᠢᠷᠳᠠᠯ ᠲᠡᠶ ᠢᠳᠡᠭᠡᠨ ᠢᠳᠠᠵᠤ ᠪᠠᠢ᠌ᠭᠠᠤᠨ ᠣᠯᠤᠭᠰᠠᠨ ᠳ᠋ᠠ᠃

ᠣᠷᠴᠢᠨ ᠠᠬᠤᠢ ᠶᠢᠨ ᠭᠦᠡᠳᠤ ᠪᠣᠭᠢᠷᠳᠠᠯ ᠨᠢ ᠳᠠᠪᠰᠢᠭᠰᠠᠨ ᠴᠠᠭ ᠦᠶ᠎ᠡ ᠶᠢᠨ ᠲᠦᠷᠦᠳᠠᠰᠤ ᠮᠦᠨ ᠪᠦᠭᠡᠤᠨ 《ᠡᠷᠡᠮᠳᠡᠭ᠌ ᠡᠷᠡᠭᠦᠯ》 ᠨᠢ ᠭᠦᠭ᠍ᠵᠢᠭ᠍ᠰᠡᠨ ᠨᠡᠢ᠌ᠭᠡᠮ ᠤᠨ ᠭᠡᠮ ᠠᠷᠬᠠᠭ ᠪᠣᠯᠤᠨ᠎ᠠ᠃ ᠡᠨᠡ ᠪᠠᠢ᠌ᠳᠠᠯ ᠳᠤ ᠣᠯᠤᠰ ᠡᠴᠠ ᠮᠦᠨ ᠠᠩᠬᠠᠷᠤᠯ ᠳᠠᠭᠠᠨ ᠠᠪᠴᠤ ᠨᠠᠷᠢᠨ ᠰᠢᠷᠢᠨ ᠬᠠᠤᠯᠢ ᠳᠦᠷᠢᠮ ᠶᠢᠡᠷ ᠢᠳᠡᠭᠡᠨ ᠤ ᠪᠣᠭᠢᠷᠳᠠᠯ ᠢ ᠵᠠᠰᠠᠵᠤ ᠪᠣᠢ ᠪᠣᠯᠪᠠᠴᠤ ᠦᠨᠳᠦᠰᠦᠨ ᠡᠴᠠ ᠨᠢ ᠵᠠᠰᠠᠭᠠᠤᠨ ᠳᠣᠢ᠌ᠯᠪᠣᠷᠢᠳᠠᠢ ᠬᠤᠪᠢᠷᠠᠯᠳᠠ ᠭᠠᠷᠭᠠᠵᠤ ᠳᠡᠢ᠌ᠯᠦᠭᠡᠳᠦᠢ ᠪᠠᠢ᠌ᠭᠰᠠᠭᠠᠷ᠃ ᠡᠨᠡ ᠣᠷᠴᠢᠨ ᠠᠬᠤᠢ ᠶᠢ ᠳᠤᠤᠱᠳᠠᠢ ᠬᠤᠪᠢᠷᠠᠭᠤᠯᠬᠤ ᠳᠤ ᠨᠠᠢ᠌ᠳᠠ ᠣᠯᠠᠨ ᠤ ᠬᠠᠮᠳᠤ ᠶᠢᠨ ᠣᠬᠠᠮᠰᠠᠷᠠᠯ ᠪᠣᠯᠤᠨ ᠭᠦᠴᠤᠨ ᠳᠤ ᠳᠦᠰᠢᠭ᠍ᠯᠡᠨ᠎ᠡ᠃ 《ᠡᠷᠡᠮᠳᠡᠭ᠌ ᠡᠷᠡᠭᠦᠯ》 ᠤᠨ ᠪᠠᠢ᠌ᠳᠠᠯ ᠲᠡᠶ ᠭᠦᠮᠤᠨ ᠴᠤ ᠭᠡᠤᠨ ᠠᠶᠤᠵᠤ ᠰᠥᠷᠳᠡᠭ᠍ᠰᠡᠨ ᠤ ᠭᠡᠷᠡᠭ᠌ ᠦᠭᠡᠶ᠂ ᠬᠤᠭᠤᠯᠠᠨ ᠰᠢᠷᠡᠭᠡᠨ ᠳᠡᠭᠡᠷᠡᠭᠢ ᠪᠣᠭᠢᠷᠳᠠᠯ ᠶᠢᠡᠨ ᠴᠡᠪᠠᠷᠯᠡᠴᠢᠭᠡᠪᠠᠯ ᠠᠶᠠᠠᠳᠠᠭᠠᠨ ᠰᠠᠢ᠌ᠨ ᠪᠣᠯᠴᠢᠬᠠᠨ᠎ᠠ᠃ ᠪᠢᠳᠠ ᠥᠩᠭᠡᠷᠡᠭ᠍ᠰᠡᠨ ᠳᠡᠭᠡᠨ ᠨᠠᠪᠴᠢᠨ ᠳᠠᠮᠠᠭᠢᠨ ᠤ ᠡᠰᠢ ᠪᠠ ᠭᠡᠮᠭᠡᠳᠡᠭ᠌ ᠢ ᠴᠢᠨᠠᠵᠤ ᠮᠠᠯ ᠤᠨ ᠪᠠᠶ᠎ᠠ ᠳᠡᠭᠡᠷᠡᠭᠢ ᠪᠦᠭᠡᠰᠤ ᠬᠠᠮᠠᠭᠤ ᠶᠢ ᠠᠷᠢᠯᠭᠠᠵᠤ ᠪᠠᠢ᠌ᠭᠰᠠᠨ ᠶᠤᠮ᠂ ᠭᠡᠳᠥᠢᠪᠠᠷ ᠶᠠᠷᠰᠢᠭ ᠳᠦᠪᠠᠭ᠍ᠳᠡᠢ ᠪᠣᠯᠪᠠᠴᠤ ᠬᠤᠷᠤᠬᠠᠢ ᠠᠯᠠᠬᠤ ᠡᠮ ᠤᠨ ᠪᠣᠭᠢᠷᠳᠠᠯ ᠪᠠᠢ᠌ᠬᠤ ᠦᠭᠡᠶ᠃ ᠮᠠᠯ ᠤᠨ ᠥᠳᠦᠭ᠌ ᠰᠢᠭᠡᠭ᠌ ᠶᠢᠡᠨ ᠳᠠᠷᠢᠶᠠᠨ ᠳᠠᠭᠠᠨ ᠣᠷᠤᠭᠤᠯᠵᠤ ᠪᠠᠢ᠌ᠭᠠᠤᠨ ᠠᠷᠪᠠ ᠳᠠᠪᠤᠨ ᠳ᠋ᠠᠨ ᠪᠣᠳᠠᠭ᠎ᠠ ᠶᠢ ᠠᠳᠠᠯᠢᠬᠠᠨ ᠬᠤᠷᠢᠶᠠᠵᠤ ᠯᠠ ᠪᠠᠢ᠌ᠭᠰᠠᠨ ᠶᠤᠮ᠃ ᠣᠳᠤ ᠮᠠᠰᠢᠨ ᠳᠸᠭ᠍ᠨᠢᠭ᠌ ᠳᠦᠭᠡᠮᠡᠯᠵᠢᠭ᠍ᠰᠡᠨ ᠪᠠᠢ᠌ᠳᠠᠯ ᠳᠤᠤᠷ᠎ᠠ ᠨᠤᠳᠤᠭ ᠤᠨ ᠪᠣᠷᠳᠤᠭᠤᠷ ᠭᠢᠵᠤ ᠳᠠᠷᠢᠬᠤ ᠳᠤ ᠭᠦᠴᠢᠷᠳᠡᠭᠡᠤᠨ ᠬᠠᠮᠢᠭ᠎ᠠ ᠭᠦᠷᠭᠦ ᠪᠣᠢ︖ ᠳᠤᠮᠳᠠᠳᠤ ᠣᠯᠤᠰ ᠤᠨ ᠳᠠᠷᠢᠶᠠᠯᠠᠩ ᠮᠠᠯ ᠠᠵᠤ ᠠᠬᠤᠢ ᠪᠣᠭᠢᠷᠳᠠᠯ ᠦᠭᠡᠶ ᠪᠣᠯᠴᠢᠬᠠᠪᠠᠯ ᠬᠤᠭᠤᠯᠠᠨ ᠰᠢᠷᠡᠭᠡ ᠮᠠᠨᠢ ᠯᠠᠪᠳᠠᠢ ᠬᠤᠭ ᠦᠭᠡᠶ ᠴᠠᠪᠠᠷᠰᠢᠵᠤ᠂ 《ᠡᠷᠡᠮᠳᠡᠭ᠌ ᠡᠷᠡᠭᠦᠯ》 ᠪᠠᠢ᠌ᠭᠰᠠᠨ ᠡᠴᠠ ᠪᠠᠨ 《ᠡᠭᠦᠷᠢᠳᠡ ᠶᠢᠨ ᠡᠷᠡᠭᠦᠯ》 ᠪᠣᠯᠬᠤ ᠡᠳᠦᠷ ᠬᠤᠯᠠ ᠦᠭᠡᠶ ᠪᠣᠯᠬᠤ ᠨᠢ ᠡ︕

2009.12.6 ᠳᠤ᠃

ᠵᠤᠬᠢᠶᠠᠭᠴᠢ ᠶᠢᠨᠬᠠᠶ‍ᠢᠭ ᠄ ᠣᠯᠠᠭᠠᠠᠬᠠᠳᠠ ᠬᠤᠳᠠ ᠶᠢᠨ ᠵᠡᠭᠦᠨ ᠪᠠᠭᠠᠷᠢᠨ ᠤ ᠪᠠᠶᠠᠨ ᠠᠭᠤᠯᠠ ᠣᠷᠠᠨ ᠵᠤᠬᠢᠶᠠᠯ ᠤᠨ ᠬᠠᠮᠳᠤᠯᠢᠭ


ᠵᠤᠬᠢᠶᠠᠭᠴᠢ᠄ ᠨᠤ᠋·ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 3985
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ