☆ ᠪᠣᠷᠵᠢᠭᠢᠨ ᠰᠦᠶ᠎ᠠ
ᠮᠠᠠᠳᠤᠬᠠᠢ
ᠮᠠᠠᠳᠤᠨ᠎ᠠ ᠭᠡᠰᠡᠨ ᠢᠳᠡᠭᠡᠯ ᠊᠊᠊᠊᠊᠊᠊᠊᠊᠊᠊᠊᠊᠊᠊ ᠮᠠᠠᠳᠤᠬᠠᠢ
ᠮᠠᠠᠳᠤᠶᠠ ᠭᠡᠰᠡᠨ ᠵᠤᠷᠢᠭ ᠊᠊᠊᠊᠊᠊᠊᠊᠊᠊᠊᠊᠊᠊᠊ ᠮᠠᠠᠳᠤᠬᠠᠢ
ᠮᠠᠠᠳᠤᠳᠤᠭᠠᠢ ᠭᠡᠰᠡᠨ ᠭᠦᠰᠡᠯ ᠊᠊᠊᠊᠊᠊᠊᠊᠊᠊᠊᠊᠊᠊᠊ ᠮᠠᠠᠳᠤᠬᠠᠢ
ᠮᠠᠠᠳᠤᠭᠠᠷᠠᠢ ᠭᠡᠰᠡᠨ ᠢᠷᠦᠭᠡᠯ ᠊᠊᠊᠊᠊᠊᠊᠊᠊᠊᠊᠊᠊᠊᠊ ᠮᠠᠠᠳᠤᠬᠠᠢ
ᠬᠠᠵᠠᠢ᠌ᠭᠰᠠᠨ ᠳᠡᠦᠭᠡ ᠶᠢᠨ ᠭᠦᠷᠳᠤ ᠵᠢ
ᠳᠤᠯᠵᠤ ᠪᠣᠰᠤᠭᠰᠠᠨ ᠳᠡᠩᠭᠡᠯᠢᠭ᠌
ᠬᠠᠩᠵᠠᠷᠠᠭᠰᠠᠨ ᠲᠦᠷᠦ ᠶᠢᠨ ᠵᠥᠢᠳᠡᠭᠡᠰᠤ ᠵᠢ
ᠳᠤᠪᠭᠢᠵᠤ ᠨᠡᠢ᠌ᠯᠡᠭᠦᠯᠦᠭ᠍ᠰᠡᠨ ᠳᠤᠭ
ᠡᠭᠡ ᠣᠳᠤᠮ ᠤᠨ ᠡᠷᠴᠢ ᠵᠢ
ᠡᠷᠡᠨ ᠶᠢᠡᠷ ᠳᠠᠭᠤᠷᠢᠰᠬᠠᠭᠤᠯᠤᠭᠰᠠᠨ ᠠᠯᠳᠠᠷ
ᠠᠯᠳᠠᠨ ᠣᠷᠤᠭᠳᠠᠨ ᠤ ᠭᠡᠢ᠌ᠮᠦᠷᠢ ᠵᠢ
ᠭᠠᠵᠠᠷ ᠰᠢᠷᠣᠢ᠌ᠳᠠᠭᠤᠯᠬᠤ ᠦᠭᠡᠶ ᠰᠦᠰᠦ
ᠬᠤᠧᠨ ᠮᠠᠷᠠᠯ ᠤᠨ ᠴᠢᠰᠤᠨ ᠡᠴᠡ ᠡᠰᠡᠨᠢᠭ᠍ᠰᠡᠨ
ᠬᠤᠷᠴᠠ ᠢᠷᠳᠤ ᠮᠠᠰᠠ
ᠠᠯᠤᠨ ᠡᠭᠡ ᠶᠢᠨ ᠭᠦᠨ ᠣᠬᠠᠭᠠᠨ ᠡᠴᠡ ᠣᠷᠭᠤᠭᠰᠠᠨ
ᠠᠯᠳᠠᠨ ᠯᠢᠩᠭᠸ᠎ᠠ ᠴᠡᠴᠡᠭ᠌
ᠮᠠᠠᠳᠤᠬᠠᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊
ᠮᠠᠠᠳᠤᠭᠤᠯ ᠬᠠᠭᠠᠨ ᠤ ᠬᠤᠴᠤᠷᠭᠠᠭᠰᠠᠨ
ᠮᠠᠠᠳᠤᠭᠤᠯᠳᠤᠭᠠᠢ ᠭᠡᠰᠡᠨ ᠭᠡᠷᠢᠶᠠᠰ
ᠮᠤᠩᠭ᠋ᠤᠯ ᠳᠤᠭᠤᠷᠭᠠᠳᠠᠨ ᠤ ᠠᠯᠳᠠᠨ ᠳᠤᠯᠭ᠎ᠠ ᠳ᠋ᠤ
ᠮᠥᠩᠭᠡ ᠭᠠᠯ ᠮᠠᠨᠠᠭᠰᠠᠨ ᠠᠷᠢᠭᠤᠨ ᠳ᠋ᠠᠷ᠎ᠠ︕
ᠵᠤᠬᠢᠶᠠᠭᠴᠢ᠄ ᠪᠣᠷᠵᠢᠭᠢᠨ ᠰᠦᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ