☆ ᠪᠣᠷᠵᠢᠭᠢᠨ·ᠳᠤᠤᠯᠢ
ᠳᠤᠷᠠᠯᠠᠯ
ᠰᠢᠯᠦᠭ᠌ ᠰᠢᠭ᠌ ᠰᠡᠩᠭᠢᠰᠭᠢᠭ᠍ᠰᠡᠨ ᠣᠢ᠌ᠮᠠ ᠵᠠᠯᠠᠭᠤ ᠨᠠᠰᠤ ᠶᠢ ᠪᠠᠨ
ᠥᠷᠯᠦᠭᠡ ᠲᠡᠶ ᠨᠢ ᠦᠳᠡᠰᠢ ᠲᠡᠶ ᠨᠢ ᠪᠠᠰᠠ ᠵᠡᠭᠦᠳᠤ ᠲᠡᠶ ᠨᠢ
ᠰᠢᠨᠠᠯᠭᠠᠵᠤ ᠵᠤᠪᠠᠭᠠᠵᠤ ᠣᠭᠢᠯᠠᠭᠤᠯᠵᠤ ᠳᠠᠷᠠᠴᠢᠯᠠᠭᠠᠵᠤ ᠪᠠᠢ᠌ᠭᠰᠠᠨ
ᠳᠤᠷᠠᠯᠠᠯ ᠴᠢᠮ᠎ᠠ ᠳᠤ ᠦᠭᠭᠦᠭ᠍ᠰᠡᠨ ᠶᠤᠮ
ᠳᠡᠭᠡᠭᠦ ᠳᠤ ᠴᠢ
ᠠᠭᠳᠠ ᠶᠢᠨ ᠳᠤᠭᠤᠷᠠᠢ ᠰᠢᠭ ᠳᠠᠴᠢᠭᠢᠨᠠᠭᠰᠠᠨ ᠭᠠᠯ ᠵᠠᠯᠠᠭᠤ ᠨᠠᠰᠤ ᠶᠢ ᠮᠢᠨᠢ
ᠢᠨᠢᠶᠠᠵᠤ ᠳᠠᠭᠤᠯᠠᠵᠤ ᠪᠦᠵᠢᠭᠯᠡᠵᠤ ᠵᠢᠷᠭᠠᠵᠤ ᠪᠠᠷᠠᠭᠰᠠᠨ
ᠣᠳᠤ ᠪᠣᠳᠤᠬᠤ ᠳ᠋ᠤ
ᠣᠯᠤᠭᠰᠠᠨ ᠨᠢ ᠳᠤᠷᠠᠰᠤᠮᠵᠢ ᠭᠤᠨᠢᠭ ᠠᠯᠳᠠᠭ᠎ᠠ ᠨᠢᠯᠪᠣᠰᠤ ᠠᠷᠢᠭᠢ ᠰᠢᠯᠦᠭ᠌ ᠯᠠ
ᠬᠠᠪᠣᠷ ᠤᠨ ᠰᠠᠯᠭᠢ ᠰᠢᠭ ᠰᠡᠩᠭᠢᠨᠡᠭ᠍ᠰᠡᠨ ᠳᠤᠷᠠᠯᠠᠯ ᠴᠢ ᠣᠳᠤ
ᠬᠠᠮᠢᠭ᠎ᠠ ᠶᠠᠪᠣᠭ᠎ᠠ ᠶᠤᠮ ᠪᠢᠵᠠ
ᠭᠤᠳᠤᠮᠵᠢ ᠪᠠᠷ ᠳᠦᠭᠦᠷᠡᠩ ᠵᠡᠭᠡᠯᠢ ᠪᠠᠷ ᠨᠢᠭᠡ
ᠭᠤᠤᠯ ᠤᠨ ᠭᠦᠪᠠᠭᠡᠨ ᠳᠤ ᠭᠢᠴᠢᠶᠠᠯ ᠤᠨ ᠳᠢᠩᠭᠢᠮ ᠳᠤ
ᠡᠰᠡᠭᠦᠯ᠎ᠡ ᠬᠤᠠᠳᠠᠭᠠᠨ ᠳᠤ ᠴᠠᠢ᠌ᠨ ᠳᠤ ᠺᠤᠹᠧ ᠶᠢᠨ ᠮᠤᠬᠤᠯᠠᠭ ᠵᠢᠠᠷ
ᠳᠤᠯᠢᠨ ᠳᠤ ᠭᠦᠷᠮᠡᠨ ᠳᠤ ᠳᠠᠭᠤᠨ ᠳᠤ ᠰᠦᠯᠵᠢᠶᠠᠨ ᠳ᠋ᠤ
ᠪᠠᠰᠠ ᠵᠡᠭᠦᠳᠤᠨ ᠳᠤ ᠪᠣᠳᠤᠯ ᠳᠤ ᠶᠠᠷᠢᠶᠠᠨ ᠳ᠋ᠤ
ᠣᠳᠤᠨ ᠤ ᠭᠡᠷᠡᠯ ᠳᠤ ᠰᠠᠷᠠᠨ ᠤ ᠳᠤᠶᠠᠭᠠᠨ ᠳᠤ ᠨᠠᠷᠠᠨ ᠤ ᠳᠤᠤᠷ᠎ᠠ
ᠣᠳᠠᠨ ᠤ ᠰᠡᠭᠦᠳᠡᠷ ᠲᠤ ᠣᠳᠠᠰᠤᠨ ᠤ ᠴᠠᠭᠠᠨ᠎ᠠ ᠡᠴᠠ
ᠣᠷᠤᠭᠤᠯ ᠤᠨ ᠥᠩᠭᠡᠨ ᠳᠤ ᠨᠢᠳᠤᠨ ᠤ ᠬᠠᠷᠠᠴᠠᠨ ᠳ᠋ᠤ
ᠮᠠᠰᠢᠨ ᠳᠤ ᠵᠤᠭᠤᠰᠤᠨ ᠳᠤ ᠮᠠᠰᠢ ᠭᠤᠸ᠎ᠠ ᠪᠠᠶ᠎ᠠ ᠭᠠᠯᠪᠢᠷ ᠳᠤ
ᠡᠰᠡᠭᠦᠯ᠎ᠡ ᠭᠦᠮᠤᠨ ᠮᠦᠰᠤᠨ ᠳᠤ᠁
ᠬᠠᠮᠢᠭ᠎ᠠ ᠨᠢᠭᠡ ᠶᠠᠪᠣᠭ᠎ᠠ ᠵᠠᠯᠠᠭᠤᠴᠤᠳ ᠢ ᠳᠠᠭᠠᠭᠠᠵᠤ
ᠬᠠᠷᠢ ᠭᠦᠷᠤᠨ ᠦᠪᠡᠷ ᠤᠨ ᠨᠤᠳᠤᠭ ᠢᠯᠭᠠᠯ ᠥᠭᠡᠢ
ᠦᠨᠳᠦᠰᠦᠳᠠᠨ ᠶᠠᠰᠤᠳᠠᠨ ᠬᠤᠪᠢᠶᠠᠯ ᠥᠭᠡᠢ
ᠪᠦᠷ ᠰᠢᠭᠤᠷᠴᠢᠬᠠᠭᠰᠠᠨ ᠶᠠᠪᠣᠭ᠎ᠠ ᠪᠢᠵᠠ
ᠳᠤᠷᠠᠯᠠᠯ ᠭᠡᠵᠤ ᠶᠠᠭᠤ ᠪᠠᠢ᠌ᠳᠠᠭ ᠢ ᠳᠠᠨᠢᠭ᠎ᠠ ᠦᠭᠡᠶ ᠶᠠᠪᠣᠭᠰᠠᠨ ᠪᠢ
ᠳᠤᠷᠠᠯᠠᠯ ᠳᠤ ᠪᠠᠰᠠ ᠨᠢᠭᠡ ᠨᠠᠰᠤ ᠪᠠᠷ ᠶᠢᠡᠨ ᠣᠨᠠᠭᠰᠠᠨ ᠶᠤᠮ
ᠠᠷᠪᠠᠨ ᠵᠢᠯ ᠤᠨ ᠡᠮᠤᠨ᠎ᠡ
ᠠᠩᠬᠠᠨ ᠤ ᠳᠤᠷᠠᠯᠠᠯ ᠶᠢᠡᠨ ᠭᠢᠴᠢᠶᠠᠯ ᠤᠨ ᠰᠢᠷᠭᠤᠭᠤᠯ ᠳᠤ ᠣᠷᠭᠢᠵᠤ
ᠠᠷᠪᠠᠨ ᠵᠢᠯ ᠤᠨ ᠳᠠᠷᠠᠭ᠎ᠠ
ᠠᠳᠠᠭ ᠡᠨᠡ ᠳᠤᠷᠠᠯᠠᠯ ᠶᠢᠡᠷ ᠠᠮᠢᠳᠤᠷᠠᠯ ᠶᠢᠡᠨ ᠪᠣᠰᠬᠠᠭᠰᠠᠨ
ᠪᠣᠳᠤᠬᠤ ᠡᠴᠠ ᠳ᠋ᠠ ᠪᠣᠭᠤᠷᠤᠯ ᠬᠤᠷᠸ᠎ᠠ ᠶᠢᠨ ᠵᠢᠮ᠎ᠠ ᠭᠡᠭᠦ
ᠪᠣᠷᠤᠭᠤᠳᠠᠵᠤ ᠬᠠᠷᠢᠶᠠᠯᠭᠠᠵᠤ ᠵᠦᠪ ᠲᠡᠭᠡᠨ ᠭᠠᠷᠴᠤ ᠰᠠᠢ᠌ᠰᠢᠶᠠᠭᠳᠠᠵᠤ
ᠬᠤᠳᠠᠯ ᠶᠢᠡᠷ ᠮᠡᠭᠡᠯᠡᠵᠤ ᠦᠨᠡᠨ ᠶᠢᠡᠨ ᠬᠤᠳᠠᠯ ᠳᠠᠯᠪᠢᠨ
ᠬᠤᠪᠴᠢ ᠡᠴᠠ ᠭᠠᠳᠠᠨ᠎ᠠ ᠶᠠᠭᠤ ᠪᠦᠭᠦᠨ ᠪᠠᠢ᠌ᠭᠰᠠᠨ ᠵᠠᠯᠠᠭᠤ ᠨᠠᠰᠤᠨ ᠤ ᠮᠢᠨᠢ
ᠬᠠᠭᠠᠰ ᠢᠯᠡᠭᠦᠤ ᠨᠢ ᠳᠤᠷᠠᠯᠠᠯ ᠪᠠᠢ᠌ᠭᠰᠠᠨ
ᠳᠤᠮᠳᠠᠭᠤᠷ ᠳᠦᠭᠦᠷᠡᠩ ᠦᠭᠡᠶ ᠴᠠᠯᠭᠢᠭᠰᠠᠨ ᠣᠷᠴᠢᠯᠠᠩ ᠤᠨ ᠳᠤᠷᠠᠯᠠᠯ ᠭᠡᠵᠤ
ᠳᠤᠮᠳᠠ ᠨᠠᠰᠤᠨ ᠳᠤ ᠣᠬᠠᠮᠰᠠᠷᠠᠬᠤ ᠳᠠᠪᠢᠯᠠᠩ ᠴᠤ ᠶᠤᠮ ᠳ᠋ᠠ︕
ᠠᠢ︕
ᠳᠤᠷᠠᠯᠠᠯ ᠮᠢᠨᠢ
ᠳᠤᠷᠠᠰᠬᠤ ᠵᠤᠪᠠᠯᠠᠩ ᠮᠢᠨᠢ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠳᠤᠤᠯᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ