☆ ᠪᠣᠷᠵᠢᠭᠢᠨ·ᠮᠥᠩᠭᠡᠤ᠋ᠳᠽᠡᠷ
ᠠᠴᠢᠨ ᠠᠭᠤᠯᠠ
ᠠᠯᠤᠰ ᠬᠤᠯᠠ ᠡᠴᠡ ᠬᠠᠷᠠᠪᠠᠯ
ᠠᠳᠠᠨ ᠳᠡᠮᠡᠭᠡᠨ ᠤ ᠪᠦᠭᠦ ᠰᠢᠭ᠌
ᠠᠵᠢᠭᠯᠠᠵᠤ ᠰᠠᠢ᠌ᠬᠠᠨ ᠦᠵᠡᠪᠠᠯ
ᠢᠯᠠᠯᠳᠠ ᠶᠢ ᠪᠠᠯᠭᠡᠳᠡᠭ᠍ᠰᠡᠨ ᠬᠤᠷᠤᠭᠤ ᠰᠢᠭ
ᠣᠷᠭᠤᠵᠤ ᠭᠠᠷᠬᠤ ᠨᠠᠷᠠ ᠨᠢ
ᠠᠭᠤᠯᠠ ᠶᠢᠨ ᠵᠠᠪᠰᠠᠷ ᠶᠢᠡᠷ ᠪᠣᠯᠳᠠᠢ᠌ᠬᠤ ᠳᠤ
ᠣᠯᠢᠮᠫᠢᠺ ᠤᠨ ᠭᠠᠯ ᠪᠠᠮᠪᠠᠷ
ᠣᠯᠠᠯᠵᠠᠨ ᠨᠤᠴᠤᠪᠠᠤ ᠭᠡᠮᠡᠷᠭᠡᠨ
ᠡᠡᠷᠪᠠᠨ ᠳᠠᠪᠤᠨ ᠤ ᠰᠠᠷᠠᠨ
ᠠᠴᠢᠨ ᠤ ᠳᠡᠭᠡᠭᠦᠷ ᠳᠡᠭᠡᠭ᠍ᠰᠢᠯᠡᠭᠦ ᠳᠤ
ᠠᠨᠠᠪᠠᠤᠨ ᠳᠠᠯᠠᠢ ᠶᠢᠨ ᠰᠤᠪᠣᠤᠨ ᠢ
ᠠᠪᠴᠢᠷᠠᠭᠠᠤᠨ ᠳᠡᠭᠦᠵᠢᠯᠡᠪᠠᠤ ᠭᠡᠮᠡᠷᠭᠡᠨ
ᠮᠥᠮᠤ ᠶᠢᠨ ᠮᠢᠨᠢ ᠥᠰᠦᠭ᠍ᠰᠡᠨ ᠨᠤᠳᠤᠭ ᠤᠨ
ᠮᠥᠩᠭᠡ ᠶᠢᠨ ᠰᠥᠷᠯᠢᠭ᠌ ᠬᠠᠢ᠌ᠷᠠᠬᠠᠨ ᠡ ︕
ᠮᠥᠷᠦᠭᠡᠳᠦᠯ ᠭᠦᠰᠡᠯ ᠢ ᠮᠢᠨᠢ ᠡᠷᠭᠦᠭ᠍ᠰᠡᠨ
ᠮᠤᠩᠭ᠋ᠤᠯ ᠨᠤᠳᠤᠭ ᠤᠨ ᠮᠢᠨᠢ ᠬᠠᠢ᠌ᠷᠠᠬᠠᠨ ᠡ︕
ᠵᠤᠬᠢᠶᠠᠭᠴᠢ ᠶᠢᠨ ᠬᠠᠶᠢᠭ ᠄ ᠪᠠᠭᠡᠵᠢᠩ ᠤᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3114
ᠴᠠᠭ᠄ 2010 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ