☆ ᠭᠤ᠋·ᠰᠤᠶᠤᠯᠳᠤ
ᠴᠢᠮ᠎ᠠ ᠶᠢ ᠪᠠᠨ
ᠡᠭᠡᠯ ᠳᠠᠷᠤᠤ ᠡᠷᠭᠢᠮᠰᠦᠭ᠌ ᠠᠭᠠᠯᠢᠨ ᠳᠤ ᠴᠢᠨᠢ
ᠡᠭᠡᠨᠡᠭ᠍ᠰᠢᠵᠤ ᠡᠷᠭᠡᠯᠡᠵᠤ ᠶᠠᠪᠣᠭᠰᠠᠨ ᠶᠢᠡᠨ ᠰᠠᠨᠠᠶ᠎ᠠ
ᠡᠨᠡ ᠯᠠ ᠨᠠᠰᠤᠨ ᠳᠤ ᠣᠴᠠᠷᠠᠭᠰᠠᠨ ᠴᠢᠮ᠎ᠠ ᠶᠢ ᠪᠠᠨ
ᠡᠨᠡᠷᠢᠯ ᠤᠨ ᠳᠡᠭᠷᠢ ᠳᠤ ᠰᠤᠯᠤᠩᠭ᠎ᠠ ᠰᠢᠭ ᠳᠡᠭᠡᠳᠦᠯᠡᠶ᠎ᠡ
ᠵᠠᠯᠠᠭᠤ ᠽᠠᠠᠳᠠᠨ ᠨᠠᠰᠤᠨ ᠤ ᠬᠠᠢ᠌ᠷ᠎ᠠ ᠵᠢ
ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ
ᠨᠠᠷᠠ ᠰᠠᠯᠭᠢ ᠥᠨᠦᠷᠳᠦᠭ᠍ᠰᠡᠨ ᠰᠡᠪᠠᠯᠭᠡ ᠶᠢ ᠴᠢᠨᠢ
ᠦᠨᠦᠰᠤᠨ ᠳᠠᠭᠠᠯᠠᠨ ᠥᠭᠦᠭᠡᠷᠳᠦᠭ᠍ᠰᠡᠨ ᠶᠢᠡᠨ ᠳᠤᠷᠠᠰᠤᠶ᠎ᠠ
ᠨᠠᠷᠠᠳᠤ ᠶᠢᠨ ᠡᠯᠢᠭᠡᠨ ᠳᠤ ᠵᠠᠶᠠᠭᠠᠭᠰᠠᠨ ᠴᠢᠮ᠎ᠠ ᠶᠢ ᠪᠠᠨ
ᠦᠷ᠎ᠡ ᠶᠢᠨ ᠳᠡᠭᠷᠢ ᠳᠤ ᠳ᠋ᠠᠷᠢ ᠡᠭᠡ ᠰᠢᠭ᠌ ᠳᠡᠭᠡᠳᠦᠯᠡᠶ᠎ᠡ
ᠵᠠᠯᠠᠭᠤ ᠽᠠᠠᠳᠠᠨ ᠨᠠᠰᠤᠨ ᠤ ᠬᠠᠢ᠌ᠷ᠎ᠠ ᠵᠢ
ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ
ᠬᠠᠳᠠ ᠴᠢᠯᠠᠭᠤ ᠰᠢᠭ ᠠᠮᠢᠳᠤᠷᠠᠯ ᠤᠨ ᠪᠦᠳᠦᠴᠡᠭᠡ ᠵᠢ
ᠬᠠᠮᠳᠤ ᠳᠤ ᠪᠠᠨ ᠬᠤᠶᠠᠭᠤᠯᠠ ᠳᠤᠭᠤᠯᠤᠭᠰᠠᠨ ᠶᠢᠡᠨ ᠶᠠᠷᠢᠶ᠎ᠠ
ᠬᠠᠨᠢ ᠶᠢᠨ ᠵᠠᠶᠠᠭ᠎ᠠ ᠲᠡᠶ ᠨᠤᠳᠤᠭ ᠤᠨ ᠴᠢᠮ᠎ᠠ ᠶᠢ ᠪᠠᠨ
ᠬᠠᠢ᠌ᠷ᠎ᠠ ᠶᠢᠨ ᠶᠢᠡᠨ ᠳᠡᠭᠷᠢ ᠳᠤ ᠨᠠᠷᠠ ᠲᠡᠶ ᠳᠡᠭᠡᠳᠦᠯᠡᠶ᠎ᠡ
ᠵᠠᠯᠠᠭᠤ ᠽᠠᠠᠳᠠᠨ ᠨᠠᠰᠤᠨ ᠤ ᠬᠠᠢ᠌ᠷ᠎ᠠ ᠶᠢ
ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ
ᠠᠭᠤᠳᠠᠮ ᠰᠠᠷᠠᠭᠤᠯ ᠣᠬᠠᠭᠠᠨ ᠪᠣᠳᠤᠯ ᠢ ᠴᠢᠨᠢ
ᠣᠯᠠᠭᠠᠨ ᠵᠢᠷᠦᠭᠡᠨ ᠤ ᠪᠠᠨ ᠳᠤᠯᠳᠤ ᠳᠤ ᠰᠠᠢ᠌ᠯᠤᠶᠠ
ᠣᠶᠠᠬᠠᠨ ᠽᠠᠮᠪᠣᠯᠢᠩ ᠳᠤ ᠪᠦᠰᠡᠭᠦᠢ ᠴᠢᠮ᠎ᠠ ᠶᠢ ᠪᠠᠨ
ᠣᠳᠤᠮ ᠰᠤᠳᠤᠷ ᠤᠨ ᠶᠢᠡᠨ ᠭᠠᠯ ᠲᠡᠶ ᠳᠡᠭᠡᠳᠦᠯᠡᠶ᠎ᠡ
ᠵᠠᠯᠠᠭᠤ ᠽᠠᠠᠳᠠᠨ ᠨᠠᠰᠤᠨ ᠤ ᠬᠠᠢ᠌ᠷ᠎ᠠ ᠵᠢ
ᠽᠠᠮᠪᠣᠯᠢᠩ ᠳᠤ ᠬᠤᠶᠠᠭᠤᠯᠠ ᠪᠠᠨ ᠳᠡᠭᠡᠳᠦᠯᠡᠵᠤ ᠶᠠᠪᠣᠶ᠎ᠠ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠶᠤᠯ ᠳᠠᠮᠢᠷ ᠷᠠᠳᠢᠤ᠋ ᠳᠸᠯᠸᠢᠰ ᠳᠤᠪᠴᠢᠶ᠎ᠠ
ᠵᠤᠬᠢᠶᠠᠭᠴᠢ᠄ ᠭᠤ᠋·ᠰᠤᠶᠤᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ