ᠨᠡᠪᠲᠡᠷᠡᠨ ᠤᠷᠤᠬᠤ
ᠴᠢ ᠪᠢ ᠬᠤᠶᠠᠷ

ᠠᠯᠤᠰ ᠤᠨ ᠴᠩᠭᠡᠷ ᠣᠨᠢᠶᠠᠷ ᠳᠤ

ᠠᠯᠠᠭ ᠨᠢᠳᠤ ᠮᠢᠨᠢ ᠪᠦᠷᠳᠦᠯᠵᠡᠭᠦ ᠳ᠋ᠤ

ᠠᠭᠯᠠᠭ ᠵᠢᠷᠦᠭᠡᠨ ᠤ ᠭᠦᠨ ᠳᠤ

ᠠᠮᠠᠷᠠᠭ ᠴᠢ ᠮᠢᠨᠢ ᠬᠠᠷᠠᠭᠳᠠᠬᠤ ᠶᠤᠮ᠂

ᠬᠤᠷᠸ᠎ᠠ ᠳᠤ ᠬᠤᠶ‍ᠭᠤᠯᠠ ᠯᠠ ᠪᠣᠯ

ᠬᠤᠴᠤᠷᠴᠤ ᠣᠷᠤᠯᠳᠤᠬᠤ ᠪᠣᠳᠤᠯ ᠨᠠᠳᠠ ᠥᠭᠡᠢ

ᠬᠤᠨᠤᠭ ᠤᠨ ᠵᠡᠭᠦᠳᠤᠨ ᠳᠡᠭᠡᠨ ᠴᠤ

ᠬᠤᠴᠤᠷᠭᠠᠵᠤ ᠳᠠᠨ ᠢ ᠪᠠᠨ ᠰᠠᠭᠤᠬᠤ ᠶᠤᠮ

ᠪᠣᠯᠬᠤ ᠶᠤᠮ ᠪᠣᠯ ᠴᠢᠮ᠎ᠠ ᠳ᠋ᠠᠭᠠᠨ

ᠪᠣᠴᠠᠬᠤ ᠦᠭᠡᠶ ᠰᠡᠳᠭᠢᠯ ᠶᠢᠡᠷ ᠣᠴᠢᠬᠤ ᠳ᠋ᠤ

ᠪᠣᠳᠤᠯ ᠳᠠᠭᠠᠨ ᠳᠤᠩᠭ᠋ᠠᠨ ᠶᠠᠪᠣᠬᠤ ᠵᠢ

ᠪᠣᠷᠤ ᠵᠢᠷᠦᠭᠡ ᠮᠢᠨᠢ ᠭᠦᠰᠡᠭᠦ ᠶᠤᠮ

ᠠᠭᠢ ᠶᠢᠨ ᠦᠨᠦᠷ ᠲᠡᠶ ᠳᠠᠯ᠎ᠠ ᠨᠤᠳᠤᠭ ᠲᠤ

ᠴᠢ ᠴᠡᠴᠡᠭ᠌ ᠨᠢ ᠪᠣᠯᠵᠤ ᠪᠢ ᠡᠷᠪᠠᠭᠡᠢ ᠨᠢ ᠪᠣᠯᠤᠶ᠎ᠠ ︕

ᠠᠮᠢᠳᠤᠷᠠᠯ ᠤᠨ ᠭᠦᠰᠡᠯ ᠠᠢ᠌ᠯ ᠭᠡᠷ ᠳᠡᠭᠡᠨ

ᠴᠢ ᠴᠤᠭ ᠨᠢ ᠪᠣᠯᠵᠤ ᠪᠢ ᠢᠯᠴᠢ ᠨᠢ ᠪᠣᠯᠤᠶ᠎ᠠ ︕

ᠣᠷᠴᠢᠬᠤ ᠢᠷᠡᠭᠡᠳᠦᠢ ᠲᠡᠶ ᠰᠦᠨᠢ ᠶᠢᠨ ᠵᠡᠭᠦᠳᠤᠨ ᠳᠤ ᠴᠢᠨᠢ

ᠴᠢ ᠰᠠᠷᠠ ᠨᠢ ᠪᠣᠯᠵᠤ ᠪᠢ ᠣᠳᠤ ᠨᠢ ᠪᠣᠯᠤᠶ᠎ᠠ ︕

ᠣᠠᠳᠤᠷᠠᠬᠤ ᠪᠣᠯᠠᠭ ᠰᠢᠭ ᠬᠠᠢ᠌ᠷ᠎ᠠ ᠶᠢᠨ ᠰᠢᠳᠦᠭᠡᠨ ᠳᠤ ᠴᠢᠨᠢ

ᠴᠢ ᠠᠮᠳᠠ ᠨᠢ ᠪᠣᠯᠵᠤ ᠪᠢ ᠰᠢᠮ᠎ᠠ ᠨᠢ ᠪᠣᠯᠤᠶ᠎ᠠ ︕

ᠢᠵᠢᠯᠢᠰᠢᠭᠦ ᠰᠡᠳᠭᠢᠯ ᠤᠨ ᠵᠢᠷᠦᠭᠡᠨ ᠳᠠᠭᠤᠨ ᠳᠤ ᠴᠢᠨᠢ

ᠴᠢ ᠡᠭᠡᠰᠢᠭ᠌ ᠨᠢ ᠪᠣᠯᠵᠤ ᠪᠢ ᠠᠶᠠᠯᠭᠤ ᠨᠢ ᠪᠣᠯᠤᠶ᠎ᠠ ︕

ᠢᠪᠠᠭᠡᠯ ᠢᠷᠦᠭᠡᠯ ᠲᠡᠶ ᠬᠠᠢ᠌ᠷ᠎ᠠ ᠶᠢᠨ ᠭᠤᠯᠤᠮᠳᠠ ᠳᠤ ᠴᠢᠨᠢ

ᠴᠢ ᠭᠦᠷᠦᠰᠤ ᠨᠢ ᠪᠣᠯᠵᠤ ᠪᠢ ᠣᠮᠳᠠ ᠨᠢ ᠪᠣᠯᠤᠶ᠎ᠠ ︕

ᠴᠡᠭ᠍ᠭᠡᠷ ᠣᠭᠳᠠᠷᠭᠤᠢ ᠲᠡᠶ ᠠᠭᠤᠳᠠᠮ ᠰᠠᠷᠠᠭᠤᠯ ᠳᠠᠯ᠎ᠠ ᠳᠤ ᠴᠢᠨᠢ

ᠴᠢ ᠬᠤᠨ ᠨᠢ ᠪᠣᠯᠵᠤ ᠪᠢ ᠬᠠᠨᠢ ᠨᠢ ᠪᠣᠯᠤᠶ᠎ᠠ ︕

ᠴᠠᠭᠠᠪᠣᠷ ᠴᠡᠭᠡᠵᠢᠨ ᠤ ᠣᠩᠭ᠋ᠤᠨ ᠬᠠᠢ᠌ᠷ᠎ᠠ ᠳᠤ ᠴᠢᠨᠢ

ᠴᠢ ᠨᠢᠳᠤ ᠨᠢ ᠪᠣᠯᠵᠤ ᠪᠢ ᠨᠢᠯᠪᠣᠰᠤ ᠨᠢ ᠪᠣᠯᠤᠶ᠎ᠠ ︕


ᠵᠤᠬᠢᠶᠠᠭᠴᠢ ᠶᠢᠨ ᠬᠠ‍‌ᠶᠢᠭ ᠄ ᠳᠦᠩᠯᠢᠶᠤᠤ ᠬᠤᠳᠠ ᠶᠢᠨ ᠭᠦᠷᠢᠶ᠎ᠡ ᠬᠤᠰᠢᠭᠤ ᠭᠦᠷᠢᠶ᠎ᠡ ᠪᠠᠯᠭᠠᠰᠤ

ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11695
ᠴᠠᠭ᠄ 2013 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ