☆ ᠰᠠᠢ᠌ᠠᠪᠠᠶᠠᠷ
ᠪᠦᠭᠡᠭᠡᠰᠢᠭ᠌ ᠊᠊᠊᠊᠊᠊᠊᠊᠊᠊᠊᠊᠊᠊᠊ ᠭᠡᠪᠯᠡᠯ ᠤᠨ ᠣᠢ᠌ᠯᠠᠰ ᠤᠨ ᠠᠯᠳᠠᠷᠳᠤ ᠵᠢᠦᠡᠭᠦᠯᠴᠢᠨ ᠪᠦᠭᠡᠳ ᠨᠠᠢ᠌ᠷᠠᠭᠤᠯᠤᠭᠴᠢ
ᠪᠦᠭᠡᠭᠡᠰᠢᠭ᠌ ᠤᠨ ᠭᠢᠳᠠᠤᠨ ᠨᠠᠷᠠ ᠨᠢ ᠯᠢᠶᠠᠩ ᠢᠤᠢ ᠯᠠᠨ (梁玉岚) ᠪᠢᠴᠢᠭ᠌ ᠤᠨ ᠨᠠᠷᠠ ᠨᠢ ᠼᠤᠢ᠌ ᠱᠦᠢ ᠰᠢᠤᠸᠠᠨ ᠭᠡᠳᠡᠭ᠌᠃ 1902 ᠣᠨ ᠳᠤ ᠦᠪᠣᠷ ᠮᠤᠩᠭ᠋ᠤᠯ ᠤᠨ ᠵᠤᠤ ᠣᠳᠠ ᠶᠢᠨ ᠴᠢᠭᠤᠯᠭᠠᠨ ᠤ ᠨᠢ᠋ᠮᠠᠨ ᠬᠤᠰᠢᠭᠤ (ᠣᠳᠤ ᠲᠦᠩᠯᠢᠶᠤᠤ ᠳᠤ ᠬᠠᠮᠢᠶᠠᠷᠤᠭᠳᠠᠨ᠎ᠠ) ᠪᠠᠭᠢ ᠶᠢᠨ ᠣᠰᠤ ᠠᠢ᠌ᠯ ᠤᠨ ᠦᠯᠢᠩᠭᠠ ᠬᠤᠰᠢᠭᠤᠨ ᠵᠠᠭᠢᠷᠤᠭᠴᠢ ᠶᠢᠨ ᠭᠡᠷ ᠲᠤ ᠳᠦᠷᠤᠵᠠᠢ᠃ ᠮᠤᠩᠭ᠋ᠤᠯ᠂ ᠭᠢᠳᠠᠤᠨ᠂ ᠮᠠᠠᠵᠤ ᠪᠢᠴᠢᠭ᠌ ᠲᠤ ᠴᠠᠭᠠᠷᠠᠭᠰᠠᠨ ᠡᠷᠳᠡᠮ ᠮᠡᠳᠡᠯᠭᠡ ᠲᠡᠶ ᠭᠦᠮᠤᠨ᠃ 1922 ᠣᠨ ᠳᠤ ᠪᠠᠭᠡᠵᠢᠩ ᠤᠨ ᠬᠠᠤᠯᠢ ᠵᠠᠰᠠᠭ ᠤᠨ ᠶᠡᠭᠡ ᠰᠤᠷᠭᠠᠭᠤᠯᠢ ᠳᠤ ᠪᠠᠭᠰᠢᠯᠠᠵᠤ᠂ ᠡᠷᠳᠡᠨ ᠤ ᠮᠤᠩᠭ᠋ᠤᠯ ᠭᠡᠯᠡ᠂ ᠣᠢ᠌ᠭᠤᠷ ᠡᠶᠥᠺ ᠭᠡᠯᠡ ᠪᠠ ᠲᠦᠪᠡᠳ ᠭᠡᠯᠡ ᠶᠢ ᠰᠤᠳᠤᠯᠤᠨ ᠰᠤᠷᠤᠯᠴᠠᠵᠠᠢ᠃ 1926 ᠣᠨ ᠳᠤ ᠰᠦᠬᠡᠪᠠᠭᠠᠲᠤᠷ᠂ ᠮᠠᠭᠰᠠᠷ ᠨᠡᠷ ᠲᠡᠶ ᠬᠠᠮᠵᠢᠯᠴᠠᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠡᠷᠳᠡᠮ ᠰᠢᠡᠵᠢᠯᠡᠭᠡᠨ ᠤ ᠨᠡᠢ᠌ᠭᠡᠮᠯᠢᠭ᠌ ᠪᠣᠯᠬᠤ 《ᠮᠤᠩᠭ᠋ᠤᠯ ᠣᠤᠠᠬ᠎ᠠ ᠶᠢᠨ ᠰᠤᠷᠭᠠᠯ ᠤᠨ ᠬᠤᠷᠠᠯ》 ᠢ ᠵᠤᠬᠢᠶᠠᠨ ᠪᠠᠢ᠌ᠭᠤᠯᠵᠤ᠂ ᠡᠨᠡ ᠬᠤᠷᠠᠯ ᠤᠨ ᠳᠦᠷᠢᠮ ᠳᠡᠭᠡᠨ᠄ 《ᠳᠤᠰ ᠬᠤᠷᠠᠯ ᠪᠣᠯᠪᠠᠰᠤ ᠮᠤᠩᠭ᠋ᠤᠯ ᠣᠤᠠᠬ᠎ᠠ ᠪᠠᠨ ᠰᠥᠪᠠᠭ᠍ᠴᠢᠯᠡᠨ ᠨᠢᠭᠳᠠᠯᠠᠵᠤ᠂ ᠠᠯᠢᠪᠠ ᠰᠤᠷᠭᠠᠯ ᠡᠷᠳᠡᠮ ᠢ ᠮᠤᠩᠭ᠋ᠤᠯ ᠣᠤᠠᠬ᠎ᠠ ᠳᠡᠭᠡᠷ᠎ᠡ ᠪᠠᠨ ᠳᠡᠯᠭᠡᠷᠡᠭᠦᠯᠤᠨ᠂ ᠦᠵᠡᠯ ᠰᠠᠨᠠᠭ᠎ᠠ ᠪᠠᠨ ᠰᠢᠨᠡᠳᠭᠡᠨ ᠰᠠᠢ᠌ᠵᠢᠷᠠᠭᠤᠯᠵᠤ᠂ ᠮᠤᠩᠭ᠋ᠤᠯ ᠦᠨᠳᠦᠰᠦᠳᠠᠨ ᠤ ᠣᠶᠤᠨ ᠪᠢᠯᠢᠭ᠌ ᠢ ᠨᠡᠭᠡᠭᠡᠭ᠍ᠳᠡᠭᠦᠯᠤᠨ ᠭᠦᠭ᠍ᠵᠢᠭᠦᠯᠭᠦ ᠪᠠᠷ ᠭᠤᠤᠯ ᠵᠤᠷᠢᠯᠳᠠ ᠪᠣᠯᠭᠠᠮᠤᠢ︕》 ᠭᠡᠵᠤ ᠵᠤᠷᠢᠯᠭ᠎ᠠ ᠪᠠᠨ ᠳᠤᠳᠤᠷᠬᠠᠢ᠌ᠯᠠᠨ ᠨᠠᠢ᠌ᠳᠠᠯᠠᠪᠠ᠃ ᠡᠨᠡᠭᠦ ᠬᠤᠷᠠᠯ ᠨᠢ 《ᠣᠯᠠᠭᠠᠨ ᠪᠠᠷᠰ》᠂ 《ᠭᠦᠭᠡ ᠮᠤᠩᠭ᠋ᠤᠯ ᠤᠨ ᠭᠦᠭᠡ ᠳᠤᠭ》᠂ 《ᠮᠤᠩᠭ᠋ᠤᠯ ᠤᠨ ᠢᠵᠠᠭᠤᠷ ᠳᠡᠦᠭᠡ》᠂ 《ᠮᠤᠩᠭ᠋ᠤᠯ ᠤᠨ ᠨᠢᠭᠤᠴᠠ ᠳᠤᠪᠴᠢᠶᠠᠨ》᠂ 《ᠠᠷᠠᠤᠨ ᠤᠨ ᠠᠮᠠᠨ ᠦᠯᠢᠭᠡᠷ》᠂ 《ᠶᠠᠫᠣᠨ ᠤ ᠰᠤᠷᠭᠠᠨ ᠭᠦᠮᠦᠵᠢᠯ ᠢ ᠪᠠᠢ᠌ᠴᠠᠭᠠᠭᠰᠠᠨ ᠡᠳᠦᠷ ᠪᠦᠷᠢ ᠶᠢᠨ ᠳᠡᠮᠳᠡᠭᠯᠡᠯ》᠂ 《ᠮᠤᠩᠭ᠋ᠤᠯ ᠥᠰᠦᠭ᠌ ᠤᠨ ᠰᠢᠨ᠎ᠡ ᠳᠤᠯᠢ》 ᠵᠡᠷᠭᠡ ᠨᠤᠮ ᠤᠳ ᠢ ᠣᠷᠴᠢᠭᠤᠯᠤᠨ ᠭᠡᠪᠯᠡᠨ ᠳᠠᠷᠬᠠᠭᠠᠭᠰᠠᠨ ᠪᠦᠭᠡᠳ 《ᠣᠯᠠᠭᠠᠨ ᠪᠠᠷᠰ》 ᠰᠡᠳᠭᠦᠯ ᠳᠡᠭᠡᠷ᠎ᠡ ᠪᠠᠨ 《ᠮᠤᠩᠭ᠋ᠤᠯ ᠭᠦᠮᠤᠨ ᠪᠣᠶᠠᠨ ᠶᠢᠡᠷ ᠶᠢᠡᠨ ᠭᠡᠭ᠍ᠴᠢ ᠦᠨᠡᠨ ᠶᠤ》᠂ 《ᠭᠠᠰᠢᠭᠤᠨ ᠤ ᠳᠤᠳᠤᠷᠠᠭᠢ ᠳᠡᠯᠴᠢᠯᠡᠭ᠍ᠴᠢ》 ᠵᠡᠷᠭᠡ ᠶᠢᠨ ᠵᠤᠬᠢᠶᠠᠯ ᠭᠢᠭᠡᠳ ᠳᠡᠦᠭᠡ᠂ ᠰᠢᠭᠦᠮᠵᠢ ᠥᠭᠦᠯᠡᠯ᠂ ᠨᠠᠢ᠌ᠷᠠᠭᠤᠯᠤᠯ᠂ ᠰᠢᠯᠦᠭ᠌᠂ ᠳᠤᠭᠤᠵᠢ᠂ ᠠᠷᠠᠤᠨ ᠤᠨ ᠠᠮᠠᠨ ᠵᠤᠬᠢᠶᠠᠯ᠂ ᠠᠵᠤ ᠠᠬᠤᠢ ᠶᠢᠨ ᠣᠬᠠᠭᠠᠨ᠂ ᠪᠠᠢ᠌ᠭᠠᠯᠢ ᠶᠢᠨ ᠰᠢᠡᠵᠢᠯᠡᠭᠦ ᠣᠬᠠᠭᠠᠨ᠂ ᠡᠷᠡᠭᠦᠯ ᠬᠠᠮᠠᠭᠠᠯᠠᠯ ᠤᠨ ᠮᠡᠳᠡᠯᠭᠡ᠂ ᠨᠠᠷᠠ ᠳᠤᠮᠢᠶᠠᠨ ᠤ ᠮᠡᠳᠡᠯᠭᠡ ᠵᠡᠷᠭᠡ ᠦᠷᠭᠡᠨ ᠳᠡᠯᠭᠡᠷ ᠠᠭᠤᠯᠭ᠎ᠠ ᠶᠢ ᠪᠠᠭᠳᠠᠭᠠᠨ ᠨᠠᠢ᠌ᠳᠠᠯᠠᠵᠤ ᠪᠠᠢ᠌ᠪᠠ᠃ 1933 ᠣᠨ ᠳᠤ ᠪᠦᠭᠡᠭᠡᠰᠢᠭ᠌ ᠪᠠᠭᠡᠵᠢᠩ ᠡᠴᠠ ᠵᠢᠷᠢᠮ ᠠᠢ᠌ᠮᠠᠭ ᠤᠨ ᠺᠠᠢ᠌ᠯᠤ ᠳᠤ ᠰᠢᠯᠵᠢᠨ ᠢᠷᠡᠭ᠍ᠰᠡᠨ ᠤ ᠳᠠᠷᠠᠭ᠎ᠠ ᠬᠠᠭᠤᠷᠮᠠᠭ ᠮᠠᠠᠵᠤ ᠶᠢᠨ ᠭᠢᠩᠭ᠋ᠠᠨ ᠪᠠᠷᠠᠭᠤᠨ ᠮᠤᠵᠢ ᠶᠢᠨ ᠵᠠᠭᠢᠷᠭᠠᠨ ᠤ ᠰᠤᠶᠤᠯ ᠰᠤᠷᠭᠠᠨ ᠭᠦᠮᠦᠵᠢᠯ ᠤᠨ ᠰᠠᠯᠠᠭᠠᠨ ᠳᠠᠷᠤᠭ᠎ᠠ ᠶᠢᠨ ᠳᠤᠰᠢᠶᠠᠯ ᠳᠤ ᠳᠠᠪᠰᠢᠵᠤ᠂ ᠳᠤᠰ ᠮᠤᠵᠢ ᠶᠢᠨ ᠠᠷᠠᠤᠨ ᠤᠨ ᠶᠠᠪᠣᠳᠠᠯ ᠤᠨ ᠳᠢᠩᠭᠢᠮ ᠤᠨ ᠳᠠᠷᠤᠭ᠎ᠠ ᠷᠤᠯᠭᠠᠷᠵᠠᠪ᠂ ᠣᠷᠤᠨ ᠨᠤᠳᠤᠭ ᠤᠨ ᠰᠠᠯᠠᠭᠠᠨ ᠳᠠᠷᠤᠭ᠎ᠠ ᠬᠠᠹᠦ᠋ᠩᠭ᠎ᠠ ᠨᠡᠷ ᠤᠨ ᠳᠡᠮᠵᠢᠯᠭᠡ ᠶᠢ ᠣᠯᠪᠠ᠃ ᠵᠡᠭᠦᠨ ᠮᠤᠩᠭ᠋ᠤᠯ ᠤᠨ ᠡᠯ᠎ᠡ ᠬᠤᠰᠢᠭᠤᠳ ᠤᠨ ᠬᠠᠪᠰᠤᠷᠤᠯᠭ᠎ᠠ ᠶᠢ ᠭᠦᠷᠳᠡᠨ᠂ ᠨᠡᠢ᠌ᠭᠡᠮ ᠤᠨ ᠭᠦᠴᠤᠨ ᠳ᠋ᠤ ᠳᠦᠰᠢᠭ᠍ᠯᠡᠨ ᠬᠤᠪᠢ ᠣᠷᠤᠬᠤ ᠪᠣᠶᠤ ᠵᠤᠭᠤᠰ ᠮᠦᠩᠭᠦ ᠪᠠᠷ ᠳᠤᠰᠠᠯᠠᠬᠤ ᠭᠡᠯᠪᠠᠷᠢ ᠪᠠᠷ 《ᠮᠤᠩᠭ᠋ᠤᠯ ᠣᠤᠠᠬ᠎ᠠ ᠶᠢᠨ ᠰᠤᠷᠭᠠᠯ ᠤᠨ ᠬᠤᠷᠠᠯ》 ᠶᠢᠡᠨ ᠦᠷᠭᠡᠳᠭᠡᠨ᠂ ᠪᠠᠯᠠ ᠮᠦᠩᠭᠦ ᠬᠤᠷᠠᠮᠳᠤᠭᠤᠯᠤᠨ᠂ 《ᠣᠯᠠᠭᠠᠨ ᠪᠠᠷᠰ》 ᠰᠡᠳᠭᠦᠯ ᠶᠢᠡᠨ ᠦᠷᠭᠦᠯᠵᠢᠯᠡᠨ ᠨᠠᠢ᠌ᠳᠠᠯᠠᠵᠤ᠂ ᠦᠪᠡᠷ ᠤᠨ ᠬᠠᠳᠠᠭᠠᠯᠠᠵᠤ ᠪᠠᠢ᠌ᠭᠰᠠᠨ ᠪᠦᠷᠢᠨ ᠪᠣᠰᠤ ᠢᠠᠵᠠᠨᠠᠰᠢ ᠶᠢᠨ ᠵᠤᠬᠢᠶᠠᠭᠰᠠᠨ ᠭᠠᠷ ᠪᠢᠴᠢᠮᠠᠯ 《ᠭᠦᠭᠡ ᠰᠤᠳᠤᠷ》 ᠳᠡᠭᠡᠷ᠎ᠡ ᠨᠢ᠋ᠮᠠᠨ ᠸᠠᠩ ᠤᠨ ᠪᠢᠴᠢᠭᠡᠴᠢ ᠰᠢᠷᠠᠩᠭᠠ᠂ ᠣᠩᠨᠢᠭᠤᠳ ᡀ ᠸᠠᠩ ᠤᠨ ᠬᠠᠮᠳᠤ ᠰᠤᠷᠤᠭᠴᠢ᠂ ᠣᠩᠨᠢᠭᠤᠳ ᠵᠡᠭᠦᠨ ᠭᠠᠷ ᠤᠨ ᠳᠠᠪᠤᠨ ᠬᠤᠳᠠ ᠶᠢᠨ ᠳᠠᠢ᠌ᠵᠢ ᠷᠠᠵᠢᠮᠪᠠ ᠨᠡᠷ ᠤᠨ ᠬᠠᠳᠠᠭᠠᠯᠠᠵᠤ ᠪᠠᠢ᠌ᠭᠰᠠᠨ ᠭᠠᠷ ᠪᠢᠴᠢᠮᠠᠯ ᠲᠡᠶ ᠨᠡᠢ᠌ᠯᠡᠭᠦᠯᠵᠤ ᠪᠦᠷᠢᠨ ᠪᠦᠳᠤᠨ ᠪᠣᠯᠭᠠᠭᠠᠤᠨ ᠴᠢᠯᠠᠭᠤᠨ ᠪᠠᠷ ᠶᠢᠡᠷ ᠭᠡᠪᠯᠡᠨ ᠳᠠᠷᠬᠠᠭᠠᠪᠠ᠃ ᠮᠦᠨ ᠴᠤ ᠰᠢᠷᠠᠩᠭᠠ ᠶᠢᠨ ᠬᠠᠷᠠᠴᠢᠨ ᠡᠴᠠ ᠣᠯᠵᠤ ᠢᠷᠡᠭ᠍ᠰᠡᠨ 《ᠨᠢᠭᠡᠨ ᠳᠠᠪᠬᠤᠷ ᠠᠰᠠᠷ》᠂ 《ᠣᠯᠠᠭᠠᠨ᠎ᠠ ᠣᠭᠢᠯᠠᠬᠤ ᠳᠠᠩᠭᠢᠮ》 ᠢ ᠮᠤᠩᠭ᠋ᠤᠯ ᠶᠢᠡᠷ ᠣᠷᠴᠢᠭᠤᠯᠤᠨ ᠭᠡᠪᠯᠡᠨ ᠳᠠᠷᠬᠠᠭᠠᠬᠤ ᠶᠢᠨ ᠬᠠᠮᠳᠤ ᠨᠢ᠋ᠮᠠᠨ ᠬᠤᠰᠢᠭᠤᠨ ᠤ ᠭᠡᠯᠮᠡᠷᠴᠢ ᠶᠢᠨ ᠥᠭᠡ (ᠨᠠᠷᠠ ᠵᠢᠯ ᠠᠰᠠᠭᠤᠬᠤ᠂ ᠰᠤᠮᠤ ᠢᠷᠦᠭᠡᠭᠦ᠂ ᠨᠤᠳᠤᠭ ᠵᠢᠭᠠᠵᠤ ᠦᠭᠭᠦ᠂ ᠭᠦᠰᠢᠭᠡ ᠮᠢᠯᠢᠶᠠᠬᠤ᠂ ᠭᠦᠰᠢᠭᠡ ᠳᠠᠢ᠌ᠯᠠᠬᠤ)᠂ ᠭᠡᠰᠢᠭ᠍ᠳᠡᠨ ᠭᠡᠯᠡᠮᠦᠷᠴᠢ ᠶᠢᠨ ᠥᠭᠡ (ᠬᠤᠷᠢᠮ ᠤᠨ ᠴᠠᠢ ᠣᠤᠭᠤᠯᠭᠠᠬᠤ ᠨᠠᠢ᠌ᠷ ᠲᠤ ᠭᠡᠯᠡᠭᠦ ᠥᠭᠡ᠂ ᠬᠤᠷᠢᠮ ᠤᠨ ᠨᠠᠢ᠌ᠷ ᠤᠨ ᠪᠠᠯᠭᠡ ᠮᠡᠳᠡᠭᠦᠯᠭᠦ ᠥᠭᠡ᠂ ᠡᠭᠦᠳᠡᠨ ᠤ ᠥᠭᠡ) ᠵᠡᠷᠭᠡ ᠳᠦᠷᠪᠠ᠂ ᠳᠠᠪᠤᠨ ᠵᠠᠭᠤᠨ ᠪᠠᠳᠠᠭ ᠵᠣᠢ᠌ᠷ ᠥᠭᠡ᠂ ᠬᠠᠪᠣᠳᠤ ᠥᠭᠡ ᠶᠢ ᠳᠠᠷᠬᠠᠭᠠᠪᠠ᠃
1940 ᠣᠨ ᠳᠤ ᠪᠦᠭᠡᠭᠡᠰᠢᠭ᠌ ᠭᠢᠩᠭ᠋ᠠᠨ ᠪᠠᠷᠠᠭᠤᠨ ᠮᠤᠵᠢ ᠶᠢᠨ ᠣᠢ᠌ᠯᠠᠳᠪᠣᠷᠢ ᠬᠤᠳᠠᠯᠳᠤᠭ᠎ᠠ ᠶᠢᠨ ᠳᠢᠩᠭᠢᠮ ᠤᠨ ᠳᠠᠷᠤᠭ᠎ᠠ ᠪᠣᠯᠪᠠ᠃ ᠪᠦᠭᠡᠭᠡᠰᠢᠭ᠌ ᠺᠠᠢ᠌ᠯᠤ ᠳᠤ 《ᠮᠤᠩᠭ᠋ᠤᠯ ᠪᠠᠭᠰᠢ ᠨᠡᠷ ᠢ ᠭᠦᠮᠦᠵᠢᠭᠦᠯᠭᠦ ᠰᠤᠷᠭᠠᠭᠤᠯᠢ》 (国高) 《ᠮᠤᠩᠭ᠋ᠤᠯ ᠠᠷᠠᠤᠨ ᠤᠨ ᠪᠣᠯᠪᠠᠰᠤᠷᠠᠯ ᠤᠨ ᠰᠤᠷᠭᠠᠭᠤᠯᠢ》 ᠵᠢ ᠪᠠᠢ᠌ᠭᠤᠯᠵᠤ᠂ ᠦᠷᠭᠡᠨ ᠣᠯᠠᠨ ᠥᠭᠡᠭᠦᠤ ᠶᠠᠳᠠᠭᠤ ᠮᠠᠯᠴᠢᠳ ᠤᠨ ᠦᠷ᠎ᠡ ᠬᠡᠦᠬᠡᠳ ᠪᠠ ᠪᠠᠭ᠎ᠠ ᠨᠠᠰᠤᠨ ᠤ ᠯᠠᠮᠠ ᠨᠡᠷ ᠭᠦᠷᠳᠡᠯ᠎ᠡ ᠰᠤᠷᠭᠠᠭᠤᠯᠢ ᠳᠠᠭᠠᠨ ᠡᠯᠰᠡᠨ ᠦᠪᠡᠷ ᠲᠡᠭᠡᠨ ᠰᠤᠷᠭᠠᠭᠤᠯᠢ ᠶᠢᠨ ᠵᠠᠭᠢᠷᠤᠯ ᠤᠨ ᠠᠵᠢᠯ ᠢ ᠬᠠᠷᠢᠭᠤᠴᠠᠪᠠ᠃ ᠪᠠᠰᠠ ᠭᠢᠳᠠᠤᠨ ᠠᠩᠭᠢ ᠨᠢᠭᠡ ᠭᠠᠷᠭᠠᠪᠠ᠃ ᠡᠨᠡᠭᠦ ᠪᠠᠢ᠌ᠳᠠᠯ ᠳᠤᠤᠷ᠎ᠠ ᠬᠠᠷᠠᠴᠢᠨ ᠸᠠᠩ ᠡᠴᠠ ᠥᠰᠦᠭ᠌ ᠭᠡᠪᠯᠡᠭᠦ ᠬᠤᠷᠭᠤᠯᠵᠢᠨ ᠪᠠᠷ ᠥᠭ᠍ᠴᠤ ᠳᠡᠮᠵᠢᠭᠦ ᠳᠤ᠂ ᠨᠢ᠋ᠮᠠᠨ ᠸᠠᠩ ᠤᠨ ᠶᠡᠭᠡ ᠠᠬ᠎ᠠ ᠪᠣᠷᠤ ᠬᠤᠰᠢᠭᠤᠨ ᠭᠡᠭᠡᠨ᠂ ᠨᠢ᠋ᠮᠠᠨ ᠸᠠᠩ ᠤᠨ ᠪᠠᠭ᠎ᠠ ᠳᠡᠭᠦᠤ ᠶᠡᠭᠡ ᠳ᠋ᠠᠴᠢᠨ ᠰᠦᠮ᠎ᠡ ᠶᠢᠨ ᠭᠡᠭᠡᠨ᠂ ᠨᠢ᠋ᠮᠠᠨ ᠰᠤᠤᠠᠨᠠᠮᠳᠤᠷᠵᠢ ᠸᠠᠩ ᠲᠡᠶ ᠵᠦᠪᠯᠠᠨ ᠯᠤᠤᠬ᠎ᠠ ᠶᠢᠨ ᠭᠤᠤᠯ ᠤᠨ ᠠᠷᠤ ᠡᠷᠭᠢ ᠳ᠋ᠠᠭᠢ ᠭᠤᠷᠪᠠᠨ ᠵᠠᠭᠤᠨ ᠮᠤ ᠰᠠᠢ᠌ᠨ ᠳᠠᠷᠢᠶᠠᠨ ᠭᠠᠵᠠᠷ ᠢ ᠺᠠᠢ᠌ᠯᠤ ᠳ᠋ᠠᠭᠢ ᠰᠢᠨ᠎ᠡ ᠪᠠᠢ᠌ᠭᠤᠯᠤᠭᠰᠠᠨ ᠮᠤᠩᠭ᠋ᠤᠯ ᠰᠤᠷᠭᠠᠭᠤᠯᠢ ᠳᠤ ᠪᠠᠯᠡᠭᠯᠡᠪᠡ᠃ ᠵᠠᠯᠭᠠᠪᠠᠷ ᠠᠷᠤ ᠬᠤᠷᠴᠢᠨ ᠬᠤᠰᠢᠭᠤ᠂ ᠵᠠᠷᠤᠳ ᠬᠤᠰᠢᠭᠤ᠂ ᠳᠠᠷᠬᠠᠨ ᠬᠤᠰᠢᠭᠤ᠂ ᠣᠩᠨᠢᠭᠤᠳ ᠬᠤᠰᠢᠭᠤ ᠶᠢᠨ ᠳᠤᠬᠠᠢ ᠶᠢᠨ ᠦᠶ᠎ᠡ ᠶᠢᠨ ᠨᠠᠷᠠᠳᠤ ᠭᠦᠮᠦᠰ᠂ ᠪᠠᠶᠠᠴᠤᠳ᠂ ᠣᠷᠤᠭᠰᠢᠯᠠᠭᠰᠠ ᠰᠡᠭᠡᠭᠡᠳᠡᠨ ᠨᠡᠷ ᠵᠤᠭᠢᠬᠤ ᠭᠡᠮᠵᠢᠶ᠎ᠡ ᠶᠢᠨ ᠵᠤᠭᠤᠰ ᠮᠦᠩᠭᠦ᠂ ᠡᠳ᠋ ᠪᠣᠳᠠᠰ᠂ ᠮᠠᠯ ᠣᠨᠤᠭ᠎ᠠ ᠪᠠᠷ ᠳᠠᠮᠵᠢᠪᠠ᠃
ᠪᠦᠭᠡᠭᠡᠰᠢᠭ᠌ ᠢ ᠨᠢᠭᠤᠴᠠ ᠡᠪ ᠬᠠᠮᠳᠤ ᠨᠠᠮ ᠤᠨ ᠭᠡᠰᠢᠭᠦᠨ ᠭᠡᠳᠡᠭ᠌᠃ ᠶᠠᠫᠣᠨ ᠭᠦᠮᠤᠨ ᠴᠠᠩᠴᠦ᠋ᠨ ᠬᠤᠳᠠ ᠳᠤ ᠭᠡᠳᠦᠡᠳᠡ ᠳᠠᠭᠤᠳᠠᠨ ᠴᠠᠭᠠᠯᠠᠭᠰᠠᠨ ᠴᠤ ᠥ ᠰᠠᠪ ᠣᠯᠤᠭᠰᠠᠨ ᠦᠭᠡᠶ᠃ ᠭᠡᠳᠡᠯ᠎ᠡ 1943 ᠣᠨ ᠤ 1 ᠰᠠᠷ᠎ᠠ ᠳᠤ ᠺᠠᠢ᠌ᠯᠤ ᠳ᠋ᠠᠭᠢ ᠶᠠᠫᠣᠨ ᠤ ᠵᠤᠯᠢᠭ ᠤᠳ ᠨᠢᠭᠤᠴᠠ ᠪᠠᠷ ᠭᠡᠮ ᠭᠢᠵᠤ᠂ ᠳᠠᠢ᠌ᠯᠠᠯᠭ᠎ᠠ ᠳᠤ ᠣᠷᠢᠪᠠ᠃ ᠮᠤᠩᠭ᠋ᠤᠯ ᠦᠨᠳᠦᠰᠦᠳᠠᠨ ᠤ ᠰᠤᠶᠤᠯ ᠤᠨ ᠪᠠᠭᠠᠳᠤᠷ ᠪᠦᠭᠡᠭᠡᠰᠢᠭ᠌ ᠮᠠᠨᠢ ᠡᠨᠡᠭᠦ ᠳᠠᠢ᠌ᠯᠠᠯᠭ᠎ᠠ ᠳᠤ ᠣᠷᠤᠯᠴᠠᠭᠠᠤᠨ ᠰᠦᠨᠢ ᠳᠡᠭᠡᠨ ᠣᠯᠠᠭᠠᠨ᠂ ᠨᠤᠭᠤᠭᠠᠨ ᠶᠢᠡᠷ ᠪᠦᠭᠡᠯᠵᠢᠨ ᠨᠠᠰᠤ ᠪᠠᠷᠠᠪᠠ᠃ ᠪᠦᠭᠡᠭᠡᠰᠢᠭ᠌ ᠮᠤᠩᠭ᠋ᠤᠯ᠂ ᠮᠠᠠᠵᠤ᠂ ᠭᠢᠳᠠᠤᠨ᠂ ᠲᠦᠪᠡᠳ᠂ ᠣᠷᠤᠰ᠂ ᠠᠩᠭ᠍ᠯᠢ᠂ ᠣᠢ᠌ᠭᠤᠷ ᠵᠡᠷᠭᠡ ᠳᠤᠯᠤᠭᠠᠨ ᠵᠣᠢ᠌ᠯ ᠤᠨ ᠥᠭᠡ ᠭᠡᠯᠡ᠂ ᠥᠰᠦᠭ᠌ ᠪᠢᠴᠢᠭ᠌ ᠢ ᠮᠡᠳᠡᠳᠡᠭ᠌ ᠮᠤᠩᠭ᠋ᠤᠯᠴᠢ ᠡᠷᠳᠡᠮᠳᠡᠨ᠃ ᠪᠦᠭᠡᠭᠡᠰᠢᠭ᠌ ᠮᠤᠩᠭ᠋ᠤᠯ ᠤᠨ ᠰᠤᠶᠤᠯ ᠢ ᠳᠡᠯᠭᠡᠷᠡᠭᠦᠯᠵᠤ᠂ ᠮᠤᠩᠭ᠋ᠤᠯ ᠣᠭᠰᠠᠭᠠᠳᠠᠨ ᠤ ᠣᠶᠤᠨ ᠪᠢᠯᠢᠭ᠌ ᠢ ᠨᠡᠭᠡᠭᠡᠭ᠍ᠳᠡᠭᠦᠯᠤᠨ ᠭᠡᠭᠡᠷᠡᠭᠦᠯᠵᠤ᠂ ᠮᠤᠩᠭ᠋ᠤᠯ ᠦᠨᠳᠦᠰᠦᠳᠠᠨ ᠤ ᠬᠤᠪᠢ ᠵᠠᠶᠠᠭ᠎ᠠ ᠶᠢ ᠠᠪᠣᠷᠠᠬᠤ ᠶᠢᠨ ᠲᠦᠯᠦᠭᠡ ᠦᠪᠡᠷ ᠤᠨ ᠪᠦᠭᠦᠢᠯᠡ ᠣᠶᠤᠨ ᠣᠬᠠᠭᠠᠨ ᠭᠦᠴᠤᠨ ᠴᠢᠳᠠᠯ ᠶᠢᠡᠨ ᠵᠤᠷᠢᠭᠵᠢᠭᠤᠯᠤᠨ ᠳᠠᠭᠠᠭᠠᠮᠠᠭᠠᠢ ᠵᠢᠦᠡᠭᠦᠵᠤ ᠶᠠᠪᠣᠭᠰᠠᠨ ᠮᠤᠩᠭ᠋ᠤᠯ ᠰᠤᠶᠤᠯ ᠤᠨ ᠴᠢᠩ ᠵᠤᠷᠢᠭᠳᠤ ᠪᠠᠭᠠᠳᠤᠷ ᠮᠦᠨ᠃ ᠳᠡᠭᠦᠨ ᠤ ᠠᠯᠳᠠᠷ᠂ ᠳᠡᠭᠦᠨ ᠤ ᠣᠢ᠌ᠯᠠᠰ ᠨᠢ ᠠᠷᠢᠭᠤᠨ ᠴᠠᠭᠠᠨ ᠮᠤᠩᠭ᠋ᠤᠯᠴᠤᠳ ᠤᠨ ᠵᠢᠷᠦᠭᠡᠨ ᠳᠤ ᠦᠨᠢᠳᠠ ᠬᠤᠨᠤᠭᠰᠢᠬᠤ ᠪᠣᠯᠤᠨ᠎ᠠ᠃
ᠪᠦᠭᠡᠭᠡᠰᠢᠭ᠌ ᠤᠨ ᠳᠡᠭᠦᠤ ᠨᠢ ᠪᠦᠭᠡᠦ᠌ᠡᠳᠦᠰᠤ᠂ ᠭᠢᠳᠠᠤᠨ ᠨᠠᠷᠠ ᠨᠢ ᠯᠢᠶᠠᠩ ᠢᠤᠢ ᠭᠠᠩ (梁玉岗) ᠪᠠᠭᠡᠵᠢᠩ ᠳ᠋ᠠᠭᠢ 《ᠮᠤᠩᠭ᠋ᠤᠯ ᠣᠤᠠᠬ᠎ᠠ ᠶᠢᠨ ᠰᠤᠷᠭᠠᠯ ᠤᠨ ᠬᠤᠷᠠᠯ》 ᠤᠨ ᠭᠤᠤᠯ ᠭᠡᠰᠢᠭᠦᠨ ᠤ ᠨᠢᠭᠡ᠃ ᠪᠠᠭᠡᠵᠢᠩ ᠤᠨ ᠡᠮᠴᠢ ᠶᠢᠨ ᠶᠡᠭᠡ ᠰᠤᠷᠭᠠᠭᠤᠯᠢ ᠳᠡᠭᠦᠰᠦᠭᠡᠳ ᠬᠠᠭᠤᠷᠮᠠᠭ ᠮᠠᠠᠵᠤ ᠶᠢᠨ ᠦᠶ᠎ᠡ ᠳᠤ ᠶᠠᠫᠣᠨ ᠤ ᠲᠤᠺᠢᠤ᠋ ᠶᠢᠨ ᠦᠨᠳᠦᠷ ᠵᠡᠷᠭᠡ ᠶᠢᠨ ᠪᠠᠭᠰᠢ ᠶᠢᠨ ᠶᠡᠭᠡ ᠰᠤᠷᠭᠠᠭᠤᠯᠢ (东京高等师范) ᠢ ᠳᠡᠭᠦᠰᠴᠤ ᠣᠯᠤᠰ ᠲᠠᠭᠠᠨ ᠪᠣᠴᠠᠵᠤ ᠲᠦᠩᠯᠢᠶᠤᠤ ᠪᠠᠷ ᠠᠵᠢᠯᠯᠠᠪᠠ᠃
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠰᠠᠢ᠌ᠠᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠬᠢᠮ ᠴᠤᠤᠲᠠᠳᠳᠠᠷᠤᠮ᠄ 5269
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ