☆ ᠰᠣ᠊·ᠦᠨᠡᠠᠴᠢ
ᠶᠠᠭᠤ ᠭᠡᠵᠤ ᠰᠢᠪᠠᠨᠠᠪᠠ
ᠳᠠᠨᠢᠯ ᠰᠠᠷ᠎ᠠ ᠶᠠᠭᠤ ᠭᠡᠵᠤ ᠰᠢᠪᠠᠨᠠᠪᠠ
ᠬᠠᠢ᠌ᠷᠠᠳᠠᠢ ᠨᠤᠳᠤᠭ ᠡᠴᠡ ᠪᠠᠨ ᠨᠡᠭᠦᠴᠢᠭᠡᠪᠠᠤ
ᠬᠠᠯᠠᠭᠤᠨ ᠬᠤᠰᠢᠭᠤᠳᠤ ᠡᠴᠡ ᠪᠠᠨ ᠰᠠᠯᠴᠢᠬᠠᠪᠠᠤ ᠭᠡᠵᠤ
ᠳᠠᠨᠢᠯ ᠰᠠᠷ᠎ᠠ ᠰᠢᠪᠠᠨᠠᠵᠤ ᠪᠠᠢ᠌ᠨ᠎ᠠ
ᠳᠠᠯ᠎ᠠ ᠶᠢᠨ ᠴᠡᠴᠡᠭ᠌ ᠶᠠᠭᠤ ᠭᠡᠵᠤ ᠰᠢᠪᠠᠨᠠᠪᠠ
ᠮᠠᠠᠳᠤᠭᠰᠠᠨ ᠳᠡᠦᠭᠡ ᠪᠠᠨ ᠮᠠᠷᠳᠠᠴᠢᠬᠠᠪᠠᠤ
ᠮᠠᠯᠵᠢᠬᠤ ᠰᠤᠶᠤᠯ ᠶᠢᠡᠨ ᠭᠤᠯᠤᠴᠢᠬᠠᠪᠠᠤ ᠭᠡᠵᠤ
ᠳᠠᠯ᠎ᠠ ᠶᠢᠨ ᠴᠴᠡᠭ᠌ ᠰᠢᠪᠠᠨᠠᠵᠤ ᠪᠠᠢ᠌ᠨ᠎ᠠ
ᠣᠷᠢᠬᠠᠨ ᠰᠠᠯᠭᠢ ᠶᠠᠭᠤ ᠭᠡᠵᠤ ᠰᠢᠪᠠᠨᠠᠪᠠ
ᠣᠷᠭᠢᠯᠤᠮᠠᠯ ᠪᠣᠯᠠᠭ ᠴᠢᠨᠢ ᠰᠢᠷᠭᠢᠴᠢᠭᠡᠪᠠᠤ
ᠣᠰᠤ ᠲᠡᠶ ᠴᠠᠢ᠌ᠳᠠᠮ ᠴᠢᠨᠢ ᠬᠠᠳᠠᠴᠢᠬᠠᠪᠠᠤ ᠭᠡᠵᠤ
ᠣᠷᠢᠬᠠᠨ ᠰᠠᠯᠭᠢ ᠰᠢᠪᠠᠨᠠᠵᠤ ᠪᠠᠢ᠌ᠨ᠎ᠠ
ᠣᠳᠤᠨ ᠮᠠᠴᠢᠳ ᠶᠠᠭᠤ ᠭᠡᠵᠤ ᠰᠢᠪᠨᠠᠪᠠ
ᠠᠷᠢᠭᠢᠴᠢᠨ ᠮᠤᠩᠭ᠋ᠤᠯᠴᠤᠳ ᠠᠷᠪᠢᠳᠤᠴᠢᠬᠠᠪᠠᠤ
ᠠᠢ᠌ᠯ ᠤᠨ ᠭᠡᠦᠭᠡᠡᠴᠦᠳ ᠠᠷᠢᠯᠴᠢᠬᠠᠪᠠᠤ ᠭᠡᠵᠤ
ᠣᠳᠤᠨ ᠮᠠᠴᠢᠳ ᠰᠢᠪᠠᠨᠠᠵᠤ ᠪᠠᠢ᠌ᠨ᠎ᠠ
ᠣᠷᠠᠨ ᠪᠣᠯᠵᠤᠮᠤᠷ ᠶᠠᠭᠤ ᠭᠡᠵᠤ ᠰᠢᠪᠠᠨᠠᠪᠠ
ᠭᠦᠢᠳᠡᠨ ᠰᠢᠯᠢ ᠶᠢᠨ ᠡᠭᠢᠨ ᠳ᠋ᠤ
ᠦᠨᠦᠴᠢᠨ ᠪᠣᠳᠤᠭᠤ ᠪᠣᠢ᠌ᠯᠠᠵᠤ ᠪᠠᠢ᠌ᠨ᠎ᠠ ᠭᠡᠵᠤ
ᠣᠷᠠᠨ ᠪᠣᠯᠵᠤᠮᠤᠷ ᠰᠢᠪᠠᠨᠠᠵᠤ ᠪᠠᠢ᠌ᠨ᠎ᠠ
ᠣᠪᠣᠭᠠᠨ ᠴᠢᠯᠠᠭᠤ ᠶᠠᠭᠤ ᠭᠡᠵᠤ ᠰᠢᠪᠠᠨᠠᠪᠠ
ᠪᠣᠷᠬᠠᠨ ᠬᠠᠯᠳᠤᠨ ᠤ ᠡᠩᠭᠡᠷ ᠳᠤ
ᠪᠣᠭᠤᠷᠤᠯ ᠴᠢᠨ᠋ᠸ᠎ᠠ ᠣᠯᠢᠵᠤ ᠪᠠᠢ᠌ᠨ᠎ᠠ ᠭᠡᠵᠤ
ᠣᠪᠣᠭᠠᠨ ᠴᠢᠯᠠᠭᠤ ᠰᠢᠪᠠᠨᠠᠵᠤ ᠪᠠᠢ᠌ᠨ᠎ᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 9930
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ