ᠨᠡᠪᠲᠡᠷᠡᠨ ᠤᠷᠤᠬᠤ
ᠪᠢ ᠪᠠᠰᠠ ᠪᠢᠴᠢᠨ᠎ᠠ

ᠳᠡᠭ᠍ᠷᠢ ᠮᠢᠨᠢ ᠴᠡᠩᠭᠡᠷ ᠪᠠᠢ᠌ᠭᠰᠠᠨ

ᠳᠠᠯ᠎ᠠ ᠮᠢᠨᠢ ᠳᠡᠨᠢᠭᠡᠷ ᠪᠠᠢ᠌ᠭᠰᠠᠨ

ᠳᠡᠭᠡᠳᠦᠰ ᠮᠢᠨᠢ ᠠᠶᠤᠩᠭ᠋᠎ᠠ ᠪᠠᠢ᠌ᠭᠰᠠᠨ


ᠪᠢ ᠪᠠᠰᠠ ᠪᠢᠴᠢᠨ᠎ᠠ

ᠪᠢᠷ ᠮᠢᠨᠢ ᠬᠤᠷᠴᠠ ᠪᠠᠢ᠌ᠭᠰᠠᠭᠠᠷ

ᠪᠢᠯᠢᠭ᠌ ᠮᠢᠨᠢ ᠰᠠᠷᠠᠭᠤᠯ ᠪᠠᠢ᠌ᠭᠰᠠᠭᠠᠷ

ᠪᠢᠴᠢᠭ᠌ ᠮᠢᠨᠢ ᠪᠣᠰᠤᠭ᠎ᠠ ᠪᠠᠢ᠌ᠭᠰᠠᠭᠠᠷ


ᠪᠢ ᠪᠠᠰᠠ ᠪᠢᠴᠢᠨ᠎ᠠ

ᠴᠢᠰᠤ ᠮᠢᠨᠢ ᠣᠨᠤᠨ ᠭᠤᠤᠯ ᠡᠴᠡ ᠡᠭᠢ ᠲᠡᠶ

ᠰᠡᠳᠭᠢᠯ ᠮᠢᠨᠢ ᠮᠤᠩᠭ᠋ᠤᠯ ᠳᠠᠯ᠎ᠠ ᠳᠤ ᠪᠠᠨ ᠦᠨᠳᠦᠰᠦ ᠲᠡᠶ

ᠰᠢᠠᠳᠠᠰᠤ ᠮᠢᠨᠢ ᠬᠤᠯᠠᠨ ᠳᠠᠭᠢ ᠶᠢᠨ ᠳᠦᠪᠠᠷᠭᠡᠨ ᠲᠡᠶ


ᠪᠢ ᠪᠠᠰᠠ ᠪᠢᠴᠢᠨ᠎ᠠ

ᠣᠩᠰᠢᠵᠤ ᠨᠢᠳᠦᠯᠡᠭᠦ ᠡᠴᠡ ᠮᠤᠩᠭ᠋ᠤᠯ ᠮᠠᠯᠮᠠᠢ ᠲᠡᠶ

ᠣᠬᠠᠵᠤ ᠰᠡᠭᠡᠷᠡᠭᠦ ᠡᠴᠡ ᠮᠤᠩᠭ᠋ᠤᠯ ᠳᠤᠪᠴᠢᠶᠠᠨ ᠲᠡᠶ

ᠣᠶᠠᠷᠠᠭᠤᠯᠵᠤ ᠢᠭ᠍ᠳᠦᠭᠦᠯᠭᠦ ᠡᠴᠡ ᠣᠷᠳᠤ ᠶᠢᠨ ᠳᠠᠭᠤᠤ ᠳᠠᠢ


ᠪᠢ ᠪᠠᠰᠠ ᠪᠢᠴᠢᠨ᠎ᠠ

ᠠᠪᠣ ᠶᠢᠨ ᠰᠤᠷᠭᠠᠯ ᠳᠤ ᠪᠣᠭᠴᠤ ᠡᠭᠦᠷᠦᠭ᠍ᠰᠡᠨ

ᠠᠠᠳᠠ ᠶᠢᠨ ᠠᠴᠢ ᠳᠤ ᠪᠢᠷ ᠬᠤᠷᠴᠠᠯᠠᠭᠰᠠᠨ

ᠠᠰᠢᠳᠠ ᠶᠢᠨ ᠭᠦᠰᠡᠯ ᠳᠤ ᠨᠣᠢ᠌ᠷ ᠬᠤᠯᠵᠢᠭᠰᠠᠨ


ᠪᠢ ᠪᠠᠰᠠ ᠪᠢᠴᠢᠨ᠎ᠠ

ᠪᠣᠰᠤᠭ᠎ᠠ ᠶᠠᠪᠣᠭᠰᠠᠨ ᠳᠡᠭᠡᠳᠦᠰ ᠶᠢᠡᠨ ᠮᠤᠷᠢ ᠲᠡᠶ ᠨᠢ ᠪᠢᠴᠢᠨ᠎ᠠ

ᠪᠣᠳᠠᠷᠠᠵᠤ ᠰᠠᠷᠨᠢᠭᠰᠠᠨ ᠳᠡᠦᠭᠡ ᠪᠠᠨ ᠮᠦᠷ ᠲᠡᠶ ᠨᠢ ᠪᠢᠴᠢᠨ᠎ᠠ

ᠪᠦᠳᠦᠵᠤ ᠡᠪᠳᠡᠷᠡᠭ᠍ᠰᠡᠨ ᠬᠤᠶᠠᠷ ᠢ ᠦᠨᠡᠨ ᠲᠡᠶ ᠨᠢ ᠪᠢᠴᠢᠨ᠎ᠠ


ᠪᠢ ᠪᠠᠰᠠ ᠪᠢᠴᠢᠨ᠎ᠠ

ᠳᠠᠭᠢᠨᠢ ᠡᠴᠡ ᠮᠡᠷᠭᠡᠨ ᠠᠯᠤᠠᠭᠤᠸ᠎ᠠ ᠡᠭᠡ ᠶᠢᠨ ᠰᠤᠷᠭᠠᠯ ᠢ ᠪᠢᠴᠢᠨ᠎ᠠ

ᠳᠠᠭᠢᠨᠢ ᠡᠴᠡ ᠥᠩᠭᠡᠳᠡᠢ ᠥᠭᠡᠯᠤᠨ ᠡᠭᠡ ᠶᠢᠨ ᠠᠴᠢᠯᠠᠯ ᠢ ᠪᠢᠴᠢᠨ᠎ᠠ

ᠳᠠᠭᠢᠨᠢ ᠡᠴᠡ ᠰᠠᠴᠠᠨ ᠮᠠᠠᠳᠤᠬᠠᠢ ᠬᠠᠳᠤᠨ ᠤ ᠣᠢ᠌ᠯᠠᠰ ᠢ ᠪᠢᠴᠢᠨ᠎ᠠ


ᠪᠢ ᠪᠠᠰᠠ ᠪᠢᠴᠢᠨ᠎ᠠ

ᠳᠠᠮᠤᠵᠢᠨ᠂ ᠪᠣᠭᠤᠷᠴᠤ ᠬᠤᠶᠠᠷ ᠤᠨ ᠨᠥᠭᠦᠷᠯᠡᠯ ᠡᠴᠡ ᠨᠢ ᠪᠢᠴᠢᠨ᠎ᠠ

ᠪᠠᠳᠠᠢ᠂ ᠭᠢᠰᠢᠯᠢᠭ᠌ ᠬᠤᠶᠠᠷ ᠤᠨ ᠭᠡᠯᠡ ᠡᠴᠡ ᠨᠢ ᠪᠢᠴᠢᠨ᠎ᠠ

ᠳᠤᠭᠳᠠᠬᠤ᠂ ᠭᠠᠳᠠ ᠬᠤᠶᠠᠷ ᠤᠨ ᠪᠣᠰᠤᠯᠭ᠎ᠠ ᠡᠴᠡ ᠨᠢ ᠪᠢᠴᠢᠨ᠎ᠠ


ᠪᠢ ᠪᠠᠰᠠ ᠪᠢᠴᠢᠨ᠎ᠠ

ᠳᠠᠩᠭ᠋ᠠᠷᠢᠭ ᠡᠴᠡ ᠪᠠᠨ ᠳᠡᠷᠰᠯᠡᠭ᠍ᠰᠡᠨ ᠵᠠᠮᠤᠬ᠎ᠠ ᠶᠢᠨ ᠡᠴᠦᠰᠯᠡᠯ ᠢ ᠪᠢᠴᠢᠨ᠎ᠠ

ᠳᠦᠷᠤ ᠪᠠᠨ ᠮᠥᠭᠦᠭᠡᠭ᠍ᠰᠡᠨ ᠬᠠᠭᠠᠤᠨ ᠤᠨ ᠭᠡᠮᠰᠢᠯ ᠢ ᠪᠢᠴᠢᠨ᠎ᠠ

ᠳᠠᠢ᠌ᠴᠢᠩ ᠲᠦᠷᠤ ᠶᠢ ᠲᠡᠳᠬᠦᠭ᠍ᠰᠡᠨ ᠸᠡᠩ ᠤᠨ ᠭᠠᠪᠢᠶ᠎ᠠ ᠶᠢ ᠪᠢᠴᠢᠨ᠎ᠠ


ᠪᠢ ᠪᠠᠰᠠ ᠪᠢᠴᠢᠨ᠎ᠠ

ᠳᠠᠢ᠌ᠵᠢ ᠢᠠᠵᠠᠠᠨᠠᠰᠢ ᠶᠢᠨ ᠶᠢᠡᠨ ᠰᠤᠳᠤᠷ ᠡᠴᠡ ᠨᠢ ᠪᠢᠴᠢᠨ᠎ᠠ

ᠳᠠᠨᠢᠮᠠᠷ ᠬᠠᠰᠪᠣ ᠶᠢᠨ ᠶᠢᠡᠨ ᠵᠡᠭᠦᠳᠤᠨ ᠡᠴᠡ ᠨᠢ ᠪᠢᠴᠢᠨ᠎ᠠ

ᠳᠠᠪᠤᠨ ᠬᠤᠰᠢᠭᠤ ᠮᠠᠯ ᠤᠨ ᠶᠢᠡᠨ ᠵᠢᠰᠤᠮ ᠡᠴᠡ ᠨᠢ ᠪᠢᠴᠢᠨ᠎ᠠ


ᠪᠢ ᠪᠠᠰᠠ ᠪᠢᠴᠢᠨ᠎ᠠ

ᠣᠷᠭᠤᠵᠤ ᠪᠠᠢ᠌ᠭ᠎ᠠ ᠨᠠᠷᠠ ᠶᠢ ᠳᠤᠯᠤᠩ ᠲᠡᠶ ᠨᠢ ᠪᠢᠴᠢᠨ᠎ᠠ

ᠠᠮᠢᠯᠠᠭᠤᠯᠵᠤ ᠪᠠᠢ᠌ᠭ᠎ᠠ ᠬᠤᠷ᠎ᠠ ᠶᠢ ᠡᠭᠦᠯᠡ ᠲᠡᠶ ᠨᠢ ᠪᠢᠴᠢᠨ᠎ᠠ

ᠦᠪ ᠵᠠᠯᠭᠠᠭᠰᠠᠨ ᠨᠢᠯᠬ᠎ᠠ ᠪᠠᠨ ᠵᠡᠭᠦᠳᠤ ᠲᠡᠶ ᠨᠢ ᠪᠢᠴᠢᠨ᠎ᠠ


ᠪᠢ ᠪᠠᠰᠠ ᠪᠢᠴᠢᠨ᠎ᠠ

ᠡᠳ᠋ ᠰᠤᠷᠢᠠᠵᠢᠨ ᠴᠤ ᠥᠵᠦᠭ᠌ ᠶᠢᠡᠨ ᠳᠠᠳᠠᠭᠳᠠᠭᠤᠯᠬᠤ ᠥᠭᠡᠢ

ᠡᠷᠭᠡ ᠠᠭᠤᠯᠠ ᠴᠤ ᠡᠷᠢᠯ ᠶᠢᠡᠨ ᠳᠠᠷᠤᠭᠳᠠᠭᠤᠯᠬᠤ ᠥᠭᠡᠢ

ᠶ‍ᠢᠷᠳᠢᠠᠴᠤ ᠡᠷᠢᠶᠡᠨ ᠴᠤ ᠰᠡᠳᠭᠢᠯ ᠶᠢᠡᠨ ᠪᠣᠯᠠᠩᠭᠢᠷᠳᠤᠭᠤᠯᠬᠤ ᠦᠭᠡᠶ


ᠪᠢ ᠪᠠᠰᠠ ᠪᠢᠴᠢᠨ᠎ᠠ

ᠪᠠᠷᠠᠭᠤᠨ ᠭᠠᠷ ᠶᠢᠡᠷ ᠶᠢᠡᠨ ᠶᠠᠭᠤ ᠪᠦᠳᠦᠭᠡᠵᠤ ᠴᠢᠳᠠᠭᠰᠠᠨ ᠴᠤ

ᠪᠢᠷ ᠪᠠᠷᠢᠵᠤ ᠪᠢᠴᠢᠭ᠌ ᠵᠤᠬᠢᠶᠠᠯ ᠣᠷᠤᠯᠳᠤᠭ᠎ᠠ ᠦᠭᠡᠶ ᠪᠣᠯ

ᠪᠠᠶ᠎ᠠ ᠡᠷᠡᠭᠦᠯ ᠴᠤ ᠪᠢᠯᠢᠭ᠌ ᠡᠷᠡᠮᠳᠡᠭ᠌ ᠪᠣᠯᠬᠤ ᠨᠢ ᠡ ︕


ᠵᠤᠬᠢᠶᠠᠭᠴᠢ ᠶᠢᠨ ᠬᠠᠶ‍ᠢᠭ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ