☆ ᠪᠠᠶᠠᠨᠪᠠᠭᠠᠲᠤᠷ
ᠦᠷ᠎ᠡ ᠬᠤᠢ᠌ᠴᠢᠰ ᠲᠠᠭᠠᠨ ᠮᠤᠩᠭᠤᠯ ᠨᠡᠷ᠎ᠡ ᠬᠠᠢ᠌ᠷᠠᠯᠠᠮᠤ
ᠥᠡᠳᠦᠰᠦᠳᠡᠨ ᠤ ᠠᠷᠠᠤᠨ ᠢᠷᠭᠡᠤᠨ ᠤᠨ ᠨᠠᠷᠠ ᠦᠭᠭᠦ ᠶᠢᠨ ᠶᠤᠰᠤ ᠵᠢᠷᠤᠮᠯᠠᠯ᠂ ᠭᠦᠭ᠍ᠵᠢᠯ ᠢᠷᠡᠭᠡᠳᠦᠢ ᠶᠠᠮᠠᠷ ᠪᠠᠢ᠌ᠪᠠᠯ ᠵᠤᠭᠢᠬᠤ ᠭᠡᠳᠡᠭ᠌ ᠢ ᠪᠢᠳᠠ ᠥᠪᠠᠷ ᠤᠨ ᠥᠪ ᠤᠯᠡᠮᠵᠢᠯᠡᠯ᠂ ᠵᠠᠩ ᠰᠠᠤᠠᠭᠢᠴᠠ᠂ ᠳᠡᠦᠭᠡ ᠶᠢᠨ ᠳᠤᠷᠰᠢᠯᠭ᠎ᠠ ᠰᠤᠷᠭᠠᠮᠵᠢ ᠡᠴᠠ ᠥᠢᠯᠡᠭᠠᠵᠤ ᠪᠣᠯᠬᠤ ᠪᠦᠭᠡᠤᠨ ᠡᠭᠦᠨ ᠶᠢᠡᠨ ᠵᠦᠪ ᠶᠢᠡᠷ ᠳ᠋ᠦ᠋ᠩᠨᠠᠵᠤ ᠠᠷᠠᠤᠨ ᠤᠯᠡᠨ ᠪᠠ ᠵᠠᠯᠭᠠᠮᠵᠢ ᠬᠣᠢ᠌ᠴᠢᠰ ᠲᠠᠭᠠᠨ ᠤᠬᠠᠭᠤᠯᠵᠤ ᠰᠤᠷᠳᠠᠯᠴᠢᠯᠠᠬᠤ ᠭᠡᠷᠡᠭ᠍ᠳᠡᠢ ᠪᠠᠢ᠌ᠨ᠎ᠠ᠃ ᠡ᠊ᠨᠳᠡ ᠪᠢ᠂ ᠮᠤᠩᠭᠤᠯ ᠭᠦᠮᠤᠨ ᠤ ᠨᠠᠷᠠ ᠶᠢᠨ ᠡᠷᠳᠡᠨ ᠡᠳᠦᠭᠡ ᠶᠢᠨ ᠪᠠᠢ᠌ᠳᠠᠯ ᠭᠢᠭᠡᠤᠨ ᠤᠳᠦᠬᠠᠨ ᠤ ᠨᠡᠢ᠌ᠭᠡᠮ ᠤᠨ ᠭᠦᠭ᠍ᠵᠢᠯᠳᠡ ᠳᠠᠪᠰᠢᠯᠳᠠ᠂ ᠬᠤᠪᠢᠷᠠᠯᠳᠠ ᠬᠠᠠᠳᠤᠰᠢ᠂ ᠮᠤᠩᠭᠤᠯᠴᠤᠳ ᠤᠨ ᠢᠷᠡᠭᠡᠳᠦᠢ ᠵᠡᠷᠭᠡ ᠶᠢ ᠥᠡᠳᠦᠰᠦᠯᠡᠵᠤ᠂ ᠥᠷ᠎ᠡ ᠬᠣᠢ᠌ᠴᠢᠰ ᠲᠠᠭᠠᠨ ᠮᠤᠩᠭᠤᠯ ᠨᠠᠷᠠ ᠦᠭᠭᠦ ᠶᠢᠨ ᠤᠴᠢᠷ ᠵᠦᠢ᠌ ᠶᠢ ᠳᠤᠤᠷ᠎ᠠ ᠮᠠᠳᠤ ᠭᠡᠳᠤᠨ ᠵᠤᠷᠪᠣᠰ ᠲᠤ ᠬᠤᠷᠢᠶᠠᠩᠭᠣᠢ᠌ᠯᠠᠨ ᠢᠯᠡᠳᠭᠡᠶ᠎ᠡ᠃
1. ᠭᠦᠮᠤᠨ ᠤ ᠨᠠᠷᠠ ᠨᠢ ᠥᠪᠠᠷ ᠤᠨ ᠪᠠᠶ᠎ᠠ ᠶᠢ ᠥᠭᠡᠷ᠎ᠡ ᠪᠣᠰᠤᠳ ᠡᠴᠠ ᠢᠯᠭᠠᠨ ᠳᠤᠳᠤᠯᠠᠬᠤ ᠥᠢᠯᠡᠳᠦᠯ ᠲᠡᠶ ᠪᠦᠭᠡᠤᠨ ᠮᠦᠨ ᠨᠠᠷᠠ ᠪᠠᠷ ᠶᠢᠡᠨ ᠨᠡᠢ᠌ᠭᠡᠮ ᠨᠠᠢ᠌ᠳᠠ ᠳᠤ ᠳᠠᠨᠢᠭᠳᠠᠳᠠᠭ᠃ ᠡᠭᠦᠨ ᠳᠤ ᠥᠡᠳᠦᠰᠦᠳᠡᠨ ᠤ ᠪᠠᠨ ᠭᠡᠯᠡ ᠪᠠᠷ ᠨᠡᠷᠡᠯᠡᠭ᠍ᠰᠡᠨ ᠨᠠᠷᠠ ᠨᠢ ᠪᠠᠰᠠ ᠶᠠᠮᠠᠷ ᠥᠡᠳᠦᠰᠦᠳᠡᠨ ᠶᠢᠡᠨ ᠪᠣᠰᠤᠳ ᠲᠤ ᠮᠡᠳᠡᠭᠦᠯᠭᠦ ᠥᠢᠯᠡᠳᠦᠯ ᠲᠡᠶ ᠶᠤᠮ᠃ ᠭᠦᠮᠤᠨ ᠭᠡᠮᠡᠭ᠍ᠴᠢ ᠥᠷ᠎ᠡ ᠵᠠᠶᠠᠭᠠᠵᠤ ᠥᠶ᠎ᠡ ᠵᠠᠯᠭᠠᠮᠵᠢᠯᠠᠨ ᠥᠡᠳᠦᠰᠤ ᠤᠭᠰᠠᠭ᠎ᠠ ᠪᠦᠷᠢᠯᠳᠦᠭ᠍ᠰᠡᠨ ᠳᠡᠦᠭᠡ ᠲᠡᠶ ᠳᠤᠯᠠ ᠥᠪᠠᠷ ᠤᠨ ᠥᠡᠳᠦᠰᠤ ᠤᠭᠰᠠᠭ᠎ᠠ ᠪᠠᠨ ᠳᠣᠢ᠌ᠯ ᠶᠢᠡᠷ ᠴᠢᠬᠤᠯᠠᠴᠢᠯᠠᠵᠤ᠂ ᠳᠡᠯᠡᠭᠡᠢ ᠶᠢᠨ ᠤᠯᠡᠡᠩᠭᠢ ᠥᠡᠳᠦᠰᠦᠳᠡᠨ ᠨᠢ ᠤᠪᠤᠭ ᠨᠠᠷᠠ ᠭᠡᠷᠡᠭᠯᠡᠭᠦ ᠠᠷᠭ᠎ᠠ ᠪᠠᠷ ᠥᠪᠠᠷ ᠤᠨ ᠤᠳᠦᠮ ᠭᠠᠷᠤᠯ ᠪᠣᠶᠤ ᠴᠢᠨᠠᠭᠰᠢᠳᠠ ᠥᠡᠳᠦᠰᠤ ᠤᠭᠰᠠᠭ᠎ᠠ ᠪᠠᠨ ᠳᠡᠮᠳᠡᠭᠯᠡᠨ ᠳᠤᠳᠤᠯᠠᠵᠤ ᠪᠠᠢ᠌ᠳᠠᠭ᠃ ᠡᠭᠦᠨ ᠳᠤ ᠮᠤᠩᠭᠤᠯ ᠥᠡᠳᠦᠰᠦᠳᠡᠨ ᠢ ᠪᠠᠭᠳᠠᠭᠠᠭᠰᠠᠨ ᠨᠠᠯᠢᠶᠠᠤᠨ ᠤᠯᠡᠨ ᠥᠡᠳᠦᠰᠦᠳᠡᠨ ᠨᠢ ᠤᠪᠤᠭ ᠶᠢᠡᠨ ᠭᠡᠵᠢᠶᠡᠳᠡ ᠨᠠᠷᠠ ᠳᠡᠭᠡᠨ ᠳᠠᠭᠠᠭᠤᠯᠵᠤ ᠪᠠᠢ᠌ᠳᠠᠭ ᠪᠢᠰᠢ᠂ ᠡᠩ ᠤᠨ ᠴᠠᠭ ᠲᠤ ᠵᠥᠪᠭᠡᠨ ᠨᠠᠷᠠ ᠪᠠᠷ ᠨᠢ ᠳᠠᠭᠤᠳᠠᠵᠤ ᠳᠡᠮᠳᠡᠭᠯᠡᠭᠦ ᠵᠠᠩᠰᠢᠯ ᠲᠡᠶ ᠪᠠᠢ᠌ᠳᠠᠭ᠃ ᠡᠢ᠌ᠮᠦ ᠪᠠᠷ ᠶᠢᠡᠨ ᠥᠡᠳᠦᠰᠦᠳᠡᠨ ᠤ ᠬᠤᠪᠢ ᠳᠤ᠂ ᠥᠪᠠᠷ ᠤᠨ ᠥᠡᠳᠦᠰᠦᠳᠡᠨ ᠤ ᠥᠭᠡ ᠭᠡᠯᠡ ᠪᠠᠷ ᠶᠢᠡᠨ ᠨᠡᠷᠡᠯᠡᠭ᠍ᠰᠡᠨ ᠨᠠᠷᠠ ᠨᠢ ᠥᠡᠳᠦᠰᠤ ᠤᠳᠦᠮ ᠶᠢᠡᠨ ᠳᠡᠮᠳᠡᠭᠯᠡᠨ ᠳᠤᠳᠤᠷᠠᠭᠤᠯᠬᠤ ᠳᠤ ᠨᠠᠩ ᠴᠢᠬᠤᠯᠠ ᠥᠢᠯᠡᠳᠦᠯ ᠢ ᠥᠵᠡᠭᠦᠯᠳᠡᠭ᠌ ᠳᠤᠯᠠ ᠳᠡᠯᠡᠭᠡᠢ ᠳ᠋ᠠᠭᠢᠨ ᠤ ᠥᠡᠳᠦᠰᠦᠳᠡᠨ ᠪᠦᠭᠦᠨ (ᠥᠪᠠᠷ ᠤᠨ ᠥᠭᠡ ᠭᠡᠯᠡ ᠪᠠᠨ ᠪᠦᠷᠢᠮᠦᠰᠤᠨ ᠠᠯᠳᠠᠭ᠎ᠠ ᠥᠭᠡᠢ ᠯᠠ ᠶᠤᠮ ᠪᠣᠯ) ᠥᠪᠠᠷ ᠤᠨ ᠥᠭᠡ ᠭᠡᠯᠡ ᠪᠠᠷ ᠶᠢᠡᠨ ᠨᠡᠷᠡᠯᠡᠭᠦ ᠶᠢ ᠶᠡᠭᠡᠳᠡ ᠴᠢᠬᠤᠯᠠᠴᠢᠯᠠᠳᠠᠭ᠃ ᠶᠠᠷᠤ ᠨᠢ ᠤᠪᠤᠭ ᠨᠠᠷᠠ ᠭᠡᠮᠡᠭ᠍ᠴᠢ ᠪᠣᠯ ᠭᠦᠮᠤᠨ ᠤ ᠥᠡᠳᠦᠰᠤ ᠤᠭᠰᠠᠭ᠎ᠠ ᠶᠢ ᠢᠯᠭᠠᠬᠤ ᠬᠠᠮᠤᠭ ᠤᠨ ᠨᠠᠭᠠᠳᠤ ᠵᠠᠬ᠎ᠠ ᠶᠢᠨ ᠰᠢᠠᠵᠢ ᠳᠡᠮᠳᠡᠭ᠌ ᠮᠦᠨ ᠪᠦᠭᠡᠤᠨ ᠡᠨᠠ ᠨᠢ ᠥᠡᠳᠦᠰᠦᠳᠡᠨ ᠤ ᠤᠰᠠᠳᠬᠤ ᠶᠠᠪᠣᠴᠠ ᠳᠤ ᠬᠠᠮᠤᠭ ᠤᠨ ᠡᠴᠤᠰ ᠲᠤ ᠭᠡᠭᠡᠭ᠍ᠳᠡᠭᠦ ᠵᠣᠢ᠌ᠯ ᠮᠦᠨ᠃ ᠡᠢ᠌ᠮᠤ ᠡᠴᠠ ᠮᠠᠨ ᠤ ᠥᠡᠳᠦᠰᠦᠳᠡᠨ ᠪᠦᠷᠢᠮᠦᠰᠤᠨ ᠤᠰᠠᠳᠴᠤ ᠠᠷᠢᠯᠤᠭ᠎ᠠ ᠥᠭᠡᠢ ᠴᠠᠭ ᠲᠤ᠂ ᠪᠢᠳᠠ ᠥᠪᠠᠷ ᠤᠨ ᠥᠡᠳᠦᠰᠦᠳᠡᠨ ᠶᠠᠰᠤᠳᠠᠨ ᠡᠴᠠ ᠪᠠᠨ ᠵᠤᠷᠢᠭᠤᠳᠠ ᠤᠷᠪᠠᠨ ᠳᠠᠷᠰᠯᠠᠵᠤ ᠪᠠᠢ᠌ᠭ᠎ᠠ ᠪᠢᠰᠢ᠂ ᠡᠰᠡᠭᠦᠯ᠎ᠡ ᠭᠡᠪ ᠤᠨ ᠪᠣᠰᠤ ᠤᠷᠴᠢᠨ ᠳᠤᠭᠤᠷᠢᠨ ᠪᠣᠶᠤ ᠤᠴᠢᠷ ᠰᠢᠯᠳᠠᠭᠠᠨ ᠡᠴᠠ ᠪᠣᠯᠵᠤ ᠥᠪᠠᠷ ᠤᠨ ᠥᠡᠳᠦᠰᠤ ᠭᠠᠷᠤᠯ ᠶᠢᠡᠨ ᠪᠣᠰᠤᠳ ᠲᠤ ᠮᠡᠳᠡᠭ᠍ᠳᠡᠭᠦ ᠡᠴᠠ ᠠᠶᠤᠨ ᠳᠤᠰᠬᠠᠢ᠌ᠯᠠᠨ ᠨᠢᠭᠤᠨ ᠳᠠᠯᠳᠠᠯᠠᠵᠤ ᠪᠠᠢ᠌ᠭ᠎ᠠ ᠪᠢᠰᠢ ᠶᠤᠮ ᠪᠣᠯ ᠥᠷ᠎ᠡ ᠬᠣᠢ᠌ᠴᠢᠰ ᠲᠠᠭᠠᠨ ᠮᠤᠩᠭᠤᠯ ᠨᠠᠷᠠ ᠦᠭᠭᠦ ᠶᠤᠰᠤᠳᠠᠢ᠃
2. ᠥᠪᠠᠷ ᠤᠨ ᠭᠡᠯᠡ ᠪᠠᠷ ᠶᠢᠡᠨ ᠨᠠᠷᠠᠯᠠᠨ᠎ᠡ ᠦᠦ᠂ ᠬᠠᠷᠢ ᠭᠡᠯᠡ ᠪᠠᠷ ᠨᠠᠷᠠᠯᠠᠨ᠎ᠡ ᠦᠦ︖ ᠭᠡᠳᠡᠭ᠌ ᠨᠢ ᠳᠤᠬᠠᠢ ᠶᠢᠨ ᠥᠡᠳᠦᠰᠦᠳᠡᠨ ᠤ ᠳᠤᠷᠤᠢ ᠪᠠᠭᠤᠷᠠᠢ ᠡᠴᠠ ᠪᠣᠯᠵᠤ ᠪᠣᠰᠤᠳ ᠲᠤ ᠳᠤᠷᠤᠮᠵᠢᠯᠠᠭᠳᠠᠬᠤ ᠤᠴᠢᠷ ᠲᠡᠶ ᠬᠤᠯᠪᠣᠭ᠎ᠠ ᠲᠡᠶ ᠶᠤᠮ᠃ ᠮᠤᠩᠭᠤᠯᠴᠤᠳ ᠥᠩᠭᠡᠷᠡᠭ᠍ᠰᠡᠨ ᠳᠤ ᠥᠡᠳᠦᠰᠦᠳᠡᠨ ᠤ ᠳᠠᠷᠤᠯᠠᠯ ᠬᠠᠪᠴᠢᠯ ᠢ ᠠᠮᠰᠠᠵᠤ ᠪᠠᠢ᠌ᠭᠰᠠᠨ ᠪᠠ ᠠᠵᠤ ᠠᠬᠤᠢ᠂ ᠰᠤᠶᠤᠯ ᠮᠡᠳᠡᠯᠭᠡ᠂ ᠭᠦᠴᠤᠨ ᠴᠢᠳᠠᠪᠣᠷᠢ ᠵᠡᠷᠭᠡ ᠤᠯᠡᠨ ᠳᠠᠯ᠎ᠠ ᠪᠠᠷ ᠪᠣᠰᠤᠳ ᠡᠴᠠ ᠬᠤᠴᠤᠷᠤᠩᠭᠤᠢ ᠪᠠᠢ᠌ᠭᠰᠠᠨ ᠳᠤᠯᠠ ᠨᠠᠷᠠ ᠶᠢ ᠨᠢ ᠰᠤᠨᠤᠰᠪᠠᠯ ᠨᠢᠳᠠᠷ ᠢ ᠨᠢ ᠪᠣᠤ ᠠᠰᠠᠭᠤ ᠭᠡᠳᠡᠭ᠌ ᠶᠢᠡᠷ ᠥᠪᠠᠷ ᠤᠨ ᠪᠠᠭᠤᠷᠠᠢ ᠪᠠᠨ ᠮᠡᠳᠡᠭ᠍ᠳᠡᠵᠤ ᠳᠤᠷᠤᠮᠵᠢᠯᠠᠭᠳᠠᠬᠤ ᠡᠴᠠ ᠭᠢᠴᠢᠶᠠᠨ ᠮᠤᠩᠭᠤᠯ ᠨᠠᠷᠠ ᠭᠡᠷᠡᠭᠯᠡᠭᠦ ᠡᠴᠠ ᠵᠠᠢ᠌ᠯᠠᠰᠭᠢᠵᠤ ᠪᠠᠢ᠌ᠭᠰᠠᠨ ᠥᠵᠡᠭ᠍ᠳᠡᠯ ᠪᠣᠢ᠃ ᠭᠡᠳᠡᠯ᠎ᠡ ᠡᠳᠦᠭᠡ ᠨᠡᠢ᠌ᠭᠡᠮ ᠭᠦᠭ᠍ᠵᠢᠵᠤ ᠰᠢᠡᠵᠢᠯᠡᠭᠦ ᠤᠬᠠᠭᠠᠨ ᠳᠸᠭ᠍ᠨᠢᠭ᠌ ᠮᠡᠷᠭᠡᠵᠢᠯ ᠢ ᠥᠷᠭᠡᠨ ᠶᠢᠡᠷ ᠭᠡᠷᠡᠭᠯᠡᠭᠦ ᠪᠣᠯᠤᠭᠰᠠᠨ ᠳᠤᠯᠠ ᠳᠡᠯᠡᠭᠡᠢ ᠶᠢᠨ ᠤᠯᠦᠰ ᠥᠡᠳᠦᠰᠦᠳᠡᠨ ᠤ ᠬᠤᠭᠤᠷᠤᠠᠳᠤᠭᠢ ᠵᠠᠢ ᠵᠠᠪᠰᠠᠷ ᠪᠠᠭᠠᠰᠴᠤ ᠬᠠᠷᠢᠴᠠᠭ᠎ᠠ ᠬᠤᠯᠪᠣᠭ᠎ᠠ ᠤᠯᠡᠮ ᠥᠷᠭᠡᠵᠢᠨ᠂ ᠭᠦᠮᠦᠰ ᠤᠨ ᠥᠡᠳᠦᠰᠦᠳᠡᠨ ᠢ ᠥᠨᠡᠯᠡᠭᠦ ᠥᠵᠡᠯᠳᠡ ᠪᠠ ᠥᠡᠳᠦᠰᠦᠳᠡᠨ ᠤ ᠤᠳᠬ᠎ᠠ ᠰᠤᠶᠤᠯ ᠤᠨ ᠳᠤᠬᠠᠢ ᠥᠢᠯᠡᠭᠠᠯᠳᠡ ᠳᠤ ᠶᠡᠭᠡᠭᠡᠨ ᠬᠤᠪᠢᠷᠠᠯᠳᠠ ᠭᠠᠷᠴᠠᠢ᠃ ᠠᠵᠤ ᠠᠬᠤᠢ᠂ ᠤᠳᠬ᠎ᠠ ᠰᠤᠶᠤᠯ ᠤᠨ ᠳᠡᠯᠡᠭᠡᠢ᠌ᠴᠢᠯᠡᠯᠳᠡ ᠡᠴᠠ ᠪᠣᠯᠵᠤ ᠮᠤᠩᠭᠤᠯᠴᠤᠳ ᠴᠤ ᠳᠡᠯᠡᠭᠡᠢ ᠶᠢᠨ ᠤᠯᠡᠨ ᠥᠡᠳᠦᠰᠦᠳᠡᠨ ᠲᠡᠶ ᠬᠠᠷᠢᠴᠠᠭ᠎ᠠ ᠡᠭᠦᠰᠭᠦ ᠪᠦᠭᠡᠤᠨ ᠥᠡᠳᠦᠰᠦᠳᠡᠨ ᠤ ᠥᠪᠠᠷᠮᠢᠴᠡ ᠤᠨᠴᠠᠯᠢᠭ ᠪᠦᠭᠦᠢ ᠰᠤᠶᠤᠯ ᠨᠢ ᠨᠠᠩ ᠥᠨ᠎ᠡ ᠥᠷᠳᠡᠭ᠌ ᠲᠡᠶ ᠪᠣᠯᠤᠨ᠎ᠡ᠃
ᠨᠢᠭᠡᠨ ᠥᠡᠳᠦᠰᠦᠳᠡᠨ ᠤ ᠪᠦᠭᠦᠯᠢ ᠴᠤᠭᠴᠠ ᠶᠢᠨ ᠬᠤᠪᠢ ᠳᠤ ᠭᠦᠴᠦᠷᠭᠡᠭ᠌ ᠪᠠ ᠪᠠᠭᠤᠷᠠᠢ ᠶᠢᠨ ᠵᠦᠷᠢᠶ᠎ᠠ ᠤᠯᠡᠮ ᠶᠢᠡᠷ ᠪᠠᠭᠠᠰᠴᠤ᠂ ᠳᠠᠪᠰᠢᠩᠭᠤᠢ ᠭᠢᠭᠡᠤᠨ ᠬᠤᠴᠤᠷᠤᠩᠭᠤᠢ ᠭᠡᠳᠡᠭ᠌ ᠨᠢ ᠴᠤ ᠢᠳᠡᠭ᠌ ᠢᠳᠡᠭ᠌ ᠶᠢᠡᠷ ᠤᠳᠬ᠎ᠠ ᠠᠭᠤᠯᠭ᠎ᠠ ᠪᠠᠨ ᠠᠯᠳᠠᠭᠠᠤᠨ᠂ ᠬᠠᠷᠢᠨ ᠥᠪᠠᠷ ᠤᠨ ᠭᠡᠭᠦ ᠤᠨᠴᠠᠯᠢᠭ ᠶᠢᠡᠨ ᠪᠠᠳᠠᠷᠠᠭᠤᠯᠵᠤ᠂ ᠡᠭᠦᠨ ᠶᠢᠡᠷ ᠶᠢᠡᠨ ᠠᠵᠤ ᠠᠬᠤᠢ ᠶᠢᠨ ᠥᠷᠳᠡᠭ᠌ ᠢ ᠤᠯᠵᠤ ᠴᠢᠳᠠᠭᠰᠠᠨ ᠪᠦᠭᠡᠤᠨ ᠳᠡᠯᠡᠭᠡᠢ ᠨᠠᠢ᠌ᠳᠠ ᠶᠢᠨ ᠰᠤᠶᠤᠯ ᠳᠤ ᠥᠩᠭᠡ ᠨᠠᠮᠠᠵᠤ ᠴᠢᠳᠠᠭᠰᠠᠨ ᠡᠰᠡᠭᠦ ᠨᠢ ᠥᠡᠳᠦᠰᠦᠳᠡᠨ ᠤ ᠴᠢᠨᠠᠷ ᠢ ᠭᠡᠮᠵᠢᠭᠦ ᠴᠢᠬᠤᠯᠠ ᠪᠠᠷᠢᠮᠵᠢᠶ᠎ᠠ ᠪᠣᠯᠤᠨ᠎ᠡ᠃ ᠡᠢ᠌ᠮᠤ ᠪᠠᠢ᠌ᠳᠠᠯ ᠳᠤᠤᠷ᠎ᠠ ᠥᠪᠠᠷ ᠤᠨ ᠨᠠᠷᠠ ᠪᠠᠨ ᠭᠦᠷᠳᠡᠯ᠎ᠡ ᠥᠭᠡᠷ᠎ᠡ ᠭᠡᠯᠡ ᠪᠠᠷ ᠤᠷᠦᠯᠡᠭᠤᠯᠤᠭᠰᠠᠨ ᠭᠦᠮᠤᠨ ᠪᠣᠰᠤᠳ ᠤᠨ ᠪᠢᠰᠢᠷᠠᠯ ᠢ ᠤᠯᠵᠤ ᠴᠢᠳᠠᠬᠤ ᠥᠭᠡᠢ᠂ ᠴᠢᠨᠠᠭᠰᠢᠳᠠ ᠡᠯᠡᠭ᠌ ᠳᠤᠷᠤᠮᠵᠢᠯᠠᠯ ᠭᠦᠷᠳᠡᠵᠤ ᠶᠠᠪᠤᠨ᠎ᠡ᠃ ᠡᠢ᠌ᠮᠤ ᠡᠴᠠ ᠪᠢᠳᠠ ᠥᠷ᠎ᠡ ᠭᠡᠦᠭᠡᠤᠨ ᠤᠨ ᠶᠢᠡᠨ ᠠᠮᠢᠳᠤᠷᠠᠨ ᠤᠷᠦᠰᠢᠬᠤ ᠢᠷᠡᠭᠡᠳᠦᠢ ᠶᠢᠨ ᠴᠠᠭ ᠥᠶ᠎ᠡ ᠶᠠᠮᠠᠷ ᠪᠣᠯᠤᠨ᠎ᠡ ᠭᠡᠳᠡᠭ᠌ ᠢ ᠪᠣᠳᠤᠯᠭᠢᠯᠠᠵᠤ ᠭᠡᠦᠭᠡᠤᠨ ᠶᠢᠡᠨ ᠢᠷᠡᠭᠡᠳᠦᠢ ᠳᠤ ᠬᠠᠠᠳᠤᠭᠤᠯᠵᠤ᠂ ᠳᠡᠯᠡᠭᠡᠢ ᠳᠤ ᠬᠠᠠᠳᠤᠭᠤᠯᠵᠤ ᠨᠠᠷᠠᠯᠠᠶ᠎ᠠ ᠭᠡᠪᠠᠯ ᠬᠠᠰᠢ ᠯᠠ ᠮᠤᠩᠭᠤᠯ ᠨᠠᠷᠠ ᠦᠭᠭᠦ ᠶᠤᠰᠤᠳᠠᠢ᠃
3. ᠥᠪᠠᠷ ᠤᠨ ᠥᠭᠡ ᠭᠡᠯᠡ ᠪᠠᠷ ᠶᠢᠡᠨ ᠨᠡᠷᠡᠯᠡᠭᠦ ᠡᠰᠡᠭᠦ ᠨᠢ ᠳᠤᠬᠠᠢ ᠶᠢᠨ ᠥᠡᠳᠦᠰᠦᠳᠡᠨ ᠤ ᠠᠷᠠᠤᠨ ᠢᠷᠭᠡᠤᠨ ᠤᠨ ᠰᠤᠶᠤᠯ ᠮᠡᠳᠡᠯᠭᠡ᠂ ᠥᠵᠡᠯ ᠤᠬᠠᠮᠰᠡᠷ ᠤᠨ ᠭᠢᠷᠢ ᠭᠡᠮᠵᠢᠶ᠎ᠡ᠂ ᠢᠯᠠᠩᠭᠤᠶ᠎ᠠ ᠥᠪᠠᠷ ᠤᠨ ᠰᠤᠶᠤᠯ ᠪᠣᠯᠪᠠᠰᠤᠷᠠᠯ᠂ ᠵᠠᠩ ᠰᠤᠷᠳᠠᠬᠤᠨ ᠶᠢᠡᠨ ᠬᠠᠢ᠌ᠷᠠᠯᠠᠵᠤ ᠬᠠᠮᠠᠭᠠᠯᠠ ᠭᠦᠡᠳᠦᠦᠡᠭᠡᠵᠤ ᠭᠦᠭ᠍ᠵᠢᠭᠦᠯᠭᠦ ᠵᠡᠷᠭᠡ ᠥᠡᠳᠦᠰᠦᠳᠡᠨ ᠤ ᠤᠬᠠᠮᠰᠡᠷ ᠤᠨ ᠭᠢᠷᠢ ᠭᠡᠮᠵᠢᠶ᠎ᠡ ᠲᠡᠶ ᠰᠢᠭᠤᠳ ᠬᠤᠯᠪᠣᠭ᠎ᠠ ᠲᠡᠶ ᠪᠠᠢ᠌ᠳᠠᠭ᠃ ᠮᠤᠩᠭᠤᠯᠴᠤᠳ ᠥᠩᠭᠡᠷᠡᠭ᠍ᠰᠡᠨ ᠳᠤ ᠲᠦᠪᠡᠳ᠂ ᠮᠠᠠᠵᠤ᠂ ᠭᠢᠳᠠᠤᠨ᠂ ᠤᠷᠦᠰ ᠨᠠᠷᠠ ᠶᠢ ᠢᠳᠠᠪᠭᠢᠳᠠᠢ ᠭᠡᠷᠡᠭᠯᠡᠵᠤ ᠪᠠᠢ᠌ᠪᠠ᠃ ᠡᠭᠦᠨ ᠢ ᠪᠢᠳᠠ ᠭᠡᠨ ᠲᠡᠶ ᠥᠢᠷᠡᠳᠦᠪᠠᠯ ᠳᠡᠭᠦᠨ ᠤ ᠨᠠᠷᠠ ᠶᠢ ᠭᠡᠷᠡᠭᠯᠡᠨ ᠭᠡᠮᠡᠨ ᠳᠦᠭᠦᠮᠭᠡᠨ ᠶᠢᠡᠷ ᠥᠢᠯᠡᠭᠠᠵᠤ ᠪᠣᠯᠬᠤ ᠥᠭᠡᠢ᠃ ᠡᠨᠠ ᠨᠢ ᠬᠠᠷᠢᠨ ᠮᠤᠩᠭᠤᠯᠴᠤᠳ ᠤᠨ ᠥᠵᠡᠯ ᠤᠬᠠᠮᠰᠡᠷ ᠳᠤᠷᠤᠢ ᠪᠠᠢ᠌ᠭᠰᠠᠨ ᠪᠣᠶᠤ ᠤᠬᠠᠮᠰᠡᠷᠴᠤ ᠰᠡᠭᠡᠭᠡᠷᠡᠭᠦ ᠳᠡᠩᠭᠡᠭᠡ ᠴᠢᠳᠠᠯ᠂ ᠡᠷᠭᠡ ᠮᠠᠳᠠᠯ ᠶᠢᠡᠷ ᠳᠤᠳᠠᠮᠠᠭ ᠪᠠᠢ᠌ᠭᠰᠠᠨ ᠢ ᠬᠠᠷᠠᠭᠤᠯᠵᠤ ᠪᠠᠢ᠌ᠭ᠎ᠠ ᠶᠤᠮ᠃
ᠡᠭᠦᠨ ᠢ ᠪᠢᠳᠠ ᠤᠳᠦᠬᠠᠨ ᠤ ᠮᠤᠩᠭᠤᠯ ᠭᠦᠮᠤᠨ ᠤ ᠨᠠᠷᠠ ᠶᠢᠨ ᠪᠠᠢ᠌ᠳᠠᠯ ᠨᠢ ᠥᠩᠭᠡᠷᠡᠭ᠍ᠰᠡᠨ ᠲᠡᠶ ᠶᠠᠭ ᠰᠠᠢ᠌ᠬᠠᠨ ᠡᠰᠡᠷᠭᠦ ᠬᠠᠠᠳᠤᠰᠢ ᠲᠡᠶ ᠪᠣᠯᠤᠭᠰᠠᠨ ᠤᠴᠢᠷ ᠡᠴᠠ ᠨᠠᠩ ᠳᠤᠳᠤᠷᠬᠠᠢ ᠥᠢᠯᠡᠭᠠᠵᠤ ᠪᠣᠯᠤᠨ᠎ᠡ᠃ ᠳᠡᠭᠡᠷ᠎ᠡ ᠶᠠᠷᠢᠵᠤ ᠥᠩᠭᠡᠷᠡᠭ᠍ᠰᠡᠨ ᠮᠠᠳᠤᠴᠢᠯᠠᠨ ᠤᠳᠤ ᠶᠢᠨ ᠨᠡᠢ᠌ᠭᠡᠮ ᠨᠢ ᠡᠯ᠎ᠠ ᠳᠠᠯ᠎ᠠ ᠪᠠᠷ ᠬᠤᠪᠢᠷᠠᠵᠤ ᠭᠦᠭ᠍ᠵᠢᠭ᠍ᠰᠡᠨ ᠡᠴᠠ ᠪᠣᠯᠵᠤ ᠮᠤᠩᠭᠤᠯᠴᠤᠳ ᠤᠨ ᠮᠡᠳᠡᠯᠭᠡ ᠳᠠᠨᠢᠯᠳᠠ᠂ ᠥᠵᠡᠯ ᠤᠬᠠᠮᠰᠡᠷ ᠵᠤᠭᠢᠬᠤ ᠭᠡᠮᠵᠢᠶ᠎ᠡ ᠪᠠᠷ ᠳᠡᠭᠡᠭ᠍ᠰᠢᠯᠡᠭ᠍ᠰᠡᠨ ᠳᠤᠯᠠ᠂ ᠨᠢᠳᠤ ᠨᠡᠭᠡᠭᠡᠵᠤ ᠮᠡᠳᠡᠯᠭᠡ ᠤᠬᠠᠮᠰᠡᠷ ᠳᠡᠭᠡᠭ᠍ᠰᠢᠯᠡᠭ᠍ᠰᠡᠨ ᠬᠤᠳᠠ ᠶᠢᠨ ᠮᠤᠩᠭᠤᠯᠴᠤᠳ ᠪᠠ ᠭᠢᠳᠠᠤᠨ ᠤᠨ ᠳᠤᠮᠳᠠ ᠰᠠᠭᠤᠷᠢᠰᠢᠵᠤ᠂ ᠮᠤᠩᠭᠤᠯ ᠥᠭᠡ ᠭᠡᠯᠡ ᠪᠠᠨ ᠠᠯᠳᠠᠬᠤ ᠰᠢᠬᠠᠭᠰᠠᠨ ᠮᠤᠩᠭᠤᠯᠴᠤᠳ ᠴᠤ ᠭᠡᠦᠭᠡᠤᠨ ᠲᠡᠭᠡᠨ ᠮᠤᠩᠭᠤᠯ ᠨᠠᠷᠠ ᠦᠭᠭᠦ ᠶᠢ ᠶᠡᠭᠡᠳᠡ ᠡᠷᠭᠢᠮᠯᠡᠭᠦ ᠪᠣᠯᠤᠭᠰᠠᠨ ᠪᠠᠢ᠌ᠬᠤ ᠳᠤ ᠬᠠᠷᠢᠨ ᠪᠣᠢ᠌ᠳᠠ ᠪᠦᠭᠯᠡᠭᠦᠤ ᠭᠦᠳᠡᠭᠡ ᠳᠤ ᠰᠠᠭᠤᠭᠰᠠᠨ ᠮᠤᠩᠭᠤᠯᠴᠤᠳ ᠪᠣᠶᠤ ᠭᠢᠳᠠᠤᠨ ᠭᠡᠯᠡ ᠶᠢ ᠳᠠᠮᠠᠢ ᠰᠠᠢ᠌ᠨ ᠭᠡᠷᠡᠭᠯᠡᠳᠡᠭ᠌ ᠴᠤ ᠥᠭᠡᠢ᠂ ᠮᠡᠳᠡᠳᠡᠭ᠌ ᠴᠤ ᠥᠭᠡᠢ ᠮᠤᠩᠭᠤᠯᠴᠤᠳ ᠮᠠᠨᠢ ᠮᠦᠨ ᠬᠠᠭᠤᠴᠢᠨ ᠵᠤᠷᠰᠢᠯ ᠶᠢᠡᠨ ᠪᠠᠷᠢᠵᠤ ᠪᠣᠰᠤᠳ ᠤᠨ ᠠᠶ᠎ᠠ ᠶᠢ ᠳᠠᠭᠠᠭᠤᠯᠤᠨ ᠤᠳᠬ᠎ᠠ ᠶᠢ ᠨᠢ ᠴᠤ ᠮᠡᠳᠡᠭᠦ ᠥᠭᠡᠢ ᠭᠢᠳᠠᠤᠨ ᠥᠭᠡ ᠪᠠᠷ ᠭᠡᠦᠭᠡᠤᠨ ᠶᠢᠡᠨ ᠨᠡᠷᠡᠯᠡᠭ᠍ᠰᠡᠭᠡᠷ ᠠᠵᠢ᠃ ᠡᠨᠠ ᠨᠢ ᠶᠠᠭᠤ ᠶᠢ ᠬᠠᠷᠠᠭᠤᠯᠵᠤ ᠪᠠᠢ᠌ᠬᠤ ᠪᠣᠢ ⁈ ᠤᠳᠤᠬᠠᠨ ᠳᠤ ᠮᠤᠩᠭᠤᠯᠴᠤᠳ ᠤᠨ ᠳᠠᠨᠢᠯᠳᠠ ᠤᠬᠠᠮᠰᠡᠷ ᠤᠨ ᠳᠡᠭᠡᠭ᠍ᠰᠢᠯᠡᠯᠳᠡ ᠳᠡᠭ᠍ᠰᠢ ᠪᠣᠰᠤ ᠪᠠᠢ᠌ᠭ᠎ᠠ ᠪᠣᠯᠪᠠᠴᠤ᠂ ᠬᠤᠵᠢᠮ ᠬᠣᠢ᠌ᠰᠢᠳᠠ ᠭᠦᠳᠡᠭᠡ ᠴᠤ ᠭᠡᠰᠡᠨ ᠥᠭᠡᠢ ᠪᠦᠭᠦ ᠠᠷᠠᠤᠨ ᠢᠷᠭᠡᠤᠨ ᠶᠢᠡᠷ ᠶᠢᠡᠨ ᠰᠤᠶᠤᠯᠵᠢᠵᠤ ᠴᠢᠨᠡᠭᠡᠯᠢᠭ᠍ᠵᠢᠨ᠂ ᠤᠬᠠᠮᠰᠡᠷᠴᠤ ᠰᠡᠭᠡᠭᠡᠷᠡᠭᠦ ᠪᠣᠯ ᠵᠠᠢ᠌ᠯᠠᠰᠢ ᠥᠭᠡᠢ ᠵᠠᠮᠨᠠᠬᠤ ᠳᠡᠯᠡᠭᠡᠢ ᠨᠠᠢ᠌ᠳᠠ ᠶᠢᠨ ᠱᠠᠭᠠᠷᠳᠠᠯᠭ᠎ᠠ ᠮᠦᠨ᠃ ᠡᠢ᠌ᠮᠤ ᠡᠴᠠ ᠮᠤᠩᠭᠤᠯᠴᠦᠳ ᠥᠷ᠎ᠡ ᠬᠣᠢ᠌ᠴᠢᠰ ᠲᠠᠭᠠᠨ ᠮᠤᠩᠭᠤᠯ ᠨᠠᠷᠠ ᠦᠭᠭᠦ ᠨᠢ ᠴᠤ ᠥᠡᠳᠦᠰᠦᠳᠡᠨ ᠤ ᠭᠦᠭ᠍ᠵᠢᠯᠳᠡ ᠳᠠᠪᠰᠢᠯᠳᠠ ᠶᠢᠨ ᠵᠦᠢ ᠶᠤᠰᠤᠨ ᠤ ᠬᠠᠠᠳᠤᠰᠢ ᠪᠣᠯᠤᠨ᠎ᠡ᠃
4. ᠡᠪᠦᠭᠡ ᠢᠵᠠᠭᠤᠷ ᠡᠴᠠ ᠪᠠᠨ ᠥᠪᠯᠡᠵᠤ᠂ ᠤᠶᠤᠨ ᠤᠬᠠᠭᠠᠨ ᠶᠢᠡᠨ ᠭᠦᠢᠴᠡᠳ ᠰᠢᠩᠭᠡᠭᠡᠨ᠂ ᠠᠮᠢ ᠭᠤᠤᠯ ᠲᠡᠶ ᠪᠠᠨ ᠬᠠᠮᠳᠤᠤᠠᠬᠠᠵᠤ ᠢᠷᠡᠭ᠍ᠰᠡᠨ ᠥᠪᠠᠷ ᠤᠨ ᠥᠡᠳᠦᠰᠦᠳᠡᠨ ᠤ ᠥᠭᠡ ᠭᠡᠯᠡ ᠳᠤ ᠥᠭᠡᠷ᠎ᠡ ᠶᠠᠭᠤ ᠪᠠᠷ ᠴᠤ ᠢᠯᠡᠳᠭᠡᠵᠤ ᠴᠢᠳᠠᠬᠤ ᠥᠭᠡᠢ ᠭᠦᠨ ᠵᠤᠵᠠᠭᠠᠨ ᠬᠠᠢ᠌ᠷ᠎ᠠ ᠰᠡᠳᠬᠢᠯᠭᠡ ᠰᠢᠩᠭᠡᠵᠤ ᠪᠠᠢ᠌ᠳᠠᠭ᠃ ᠭᠡᠭᠦ ᠳᠡᠭᠡᠨ ᠳᠡᠭᠦᠨ ᠤ ᠤᠳᠬ᠎ᠠ ᠠᠬᠤᠭᠤᠯᠤᠮᠵᠢ ᠳᠤ ᠯᠠ ᠪᠢᠰᠢ᠂ ᠠᠪᠢᠶ᠎ᠠ ᠳᠠᠭᠤᠳᠠᠯᠭ᠎ᠠ ᠳ᠋ᠤᠨᠢ ᠭᠦᠷᠳᠡᠯ᠎ᠡ ᠰᠢᠩᠭᠡᠭ᠍ᠰᠡᠨ ᠵᠣᠢ᠌ᠯ ᠢ ᠤᠨᠳᠦᠤ ᠶᠠᠭᠤᠮ᠎ᠠ ᠪᠠᠷ ᠴᠤ ᠤᠷᠦᠯᠡᠭᠤᠯᠤᠨ ᠢᠯᠡᠳᠭᠡᠵᠤ ᠪᠣᠯᠳᠠᠭ ᠥᠭᠡᠢ ᠪᠢᠯᠠ᠃ ᠭᠦᠮᠤᠨ ᠤ ᠨᠠᠷᠠ ᠪᠣᠯᠤᠭᠰᠠᠨ ᠥᠭᠡ ᠨᠢ ᠨᠠᠩ ᠴᠤ ᠡᠢ᠌ᠮᠤ ᠪᠠᠢ᠌ᠵᠤ᠂ ᠳᠡᠭᠦᠨ ᠳᠤ ᠥᠡᠳᠦᠰᠦᠳᠡᠨ ᠤ ᠰᠤᠶᠤᠯ ᠰᠡᠳᠭᠢᠭᠦᠢ᠂ ᠶᠤᠰᠤ ᠰᠤᠷᠳᠠᠬᠤᠨ ᠳᠤᠤᠱᠯᠠᠭᠳᠠᠨ᠂ ᠨᠠᠷᠠ ᠦᠭᠭᠦᠭ᠍ᠰᠡᠳ ᠤᠨ ᠥᠵᠡᠯ ᠤᠬᠠᠮᠰᠠᠷ᠂ ᠭᠦᠰᠡᠯ ᠵᠦᠩᠨᠠᠯ ᠳᠤᠰᠬᠠᠭᠳᠠᠵᠤ ᠪᠠᠢ᠌ᠳᠠᠭ ᠶᠢᠡᠷ ᠪᠠᠷᠠᠬᠤ ᠥᠭᠡᠢ ᠠᠪᠣ ᠡᠵᠢ ᠪᠣᠯᠤᠭᠰᠠᠤᠨ ᠤᠨ ᠥᠷ᠎ᠡ ᠭᠡᠦᠭᠡᠤᠨ ᠲᠡᠭᠡᠨ ᠬᠠᠠᠳᠤᠭᠰᠠᠨ ᠤᠨᠴᠡᠭᠠᠢ ᠬᠠᠢ᠌ᠷ᠎ᠠ ᠰᠡᠳᠬᠢᠯᠭᠡ ᠨᠢ ᠴᠤ ᠰᠢᠩᠭᠡᠵᠤ ᠪᠠᠢ᠌ᠳᠠᠭ᠃
ᠭᠦᠮᠤᠨ ᠤ ᠨᠠᠷᠠ ᠭᠡᠮᠡᠭ᠍ᠴᠢ ᠥᠷ᠎ᠡ ᠭᠡᠦᠭᠡᠤᠨ ᠶᠢᠡᠨ ᠥᠭᠦᠭᠡᠷᠳᠡᠵᠤ ᠬᠠᠢ᠌ᠷᠠᠯᠠᠨ ᠳᠠᠭᠤᠳᠠᠬᠤ ᠶᠠᠪᠣᠳᠠᠯ ᠡᠴᠠ ᠡᠭᠢ ᠡᠭᠦᠰᠦᠯᠳᠡ ᠲᠡᠶ ᠪᠠᠢ᠌ᠵᠤ ᠴᠢᠨᠠᠭᠰᠢᠳᠠ ᠪᠠᠶᠠᠯᠢᠭᠵᠢᠨ ᠭᠦᠭ᠍ᠵᠢᠵᠤ ᠢᠷᠡᠭ᠍ᠰᠡᠨ ᠪᠦᠭᠡᠤᠨ ᠤᠷᠢᠳᠡᠪᠠᠷ ᠠᠪᠣ ᠡᠵᠢ ᠲᠦᠷᠦᠯ ᠰᠠᠳᠤᠨ ᠤ ᠳᠤᠳᠤᠷ᠎ᠠ ᠪᠠᠨ ᠭᠡᠷᠡᠭᠯᠡᠭ᠍ᠳᠡᠵᠤ ᠳᠠᠷᠠᠭ᠎ᠠ ᠨᠢ ᠨᠡᠢ᠌ᠭᠡᠮ ᠨᠠᠢ᠌ᠳᠠ ᠳᠤ ᠳᠠᠷᠬᠠᠳᠠᠭ ᠤᠴᠢᠷ ᠡᠴᠠ ᠳᠡᠭᠦᠨ ᠳᠤ ᠭᠦᠮᠤᠨ ᠤ ᠡᠰᠢ ᠳᠠᠭᠤᠳᠠᠯᠭ᠎ᠠ (ᠡᠪᠦᠭᠡ ᠡᠮᠡᠭᠡ᠂ ᠠᠪᠣ ᠡᠵᠢ ᠪᠣᠶᠤ ᠠᠧᠨ ᠮᠥᠮᠥ᠂ ᠠᠬ᠎ᠠ ᠡᠭᠡᠴᠢ ᠭᠡᠭᠦ ᠮᠠᠳᠤ ᠵᠢᠨ) ᠳᠤ ᠠᠭᠤᠯᠤᠭᠳᠠᠵᠤ ᠪᠠᠢ᠌ᠳᠠᠭ ᠭᠦᠡᠳᠦᠦᠡᠭᠡᠯ ᠳᠤᠳᠤᠨᠤᠴᠢᠯᠠᠯ ᠤᠨ ᠤᠳᠬ᠎ᠠ ᠰᠠᠨᠠᠭ᠎ᠠ ᠴᠤ ᠵᠤᠭᠢᠬᠤ ᠭᠡᠮᠵᠢᠶ᠎ᠡ ᠪᠠᠷ ᠠᠭᠤᠰᠤᠭᠳᠠᠵᠤ ᠪᠠᠢ᠌ᠳᠠᠭ᠃
ᠳᠤᠬᠠᠢ᠌ᠯᠠᠪᠠᠯ᠂ ᠭᠦᠮᠤᠨ ᠤ ᠲᠦᠷᠦᠯ ᠳᠦᠷᠦᠭ᠍ᠰᠡᠳ ᠤᠨ ᠳᠤᠳᠤᠷ᠎ᠠ ᠬᠠᠮᠤᠭ ᠤᠨ ᠥᠢᠷ᠎ᠡ ᠬᠠᠷᠢᠴᠠᠭ᠎ᠠ ᠪᠦᠭᠦᠢ ᠳᠡᠭᠡᠷ᠎ᠡ ᠳᠤᠤᠷ᠎ᠠ ᠥᠶ᠎ᠡ᠂ ᠠᠬ᠎ᠠ ᠳᠡᠭᠦᠦᠨᠡᠷ ᠤᠨ ᠬᠤᠭᠤᠷᠤᠠᠳᠤᠭᠢ ᠬᠠᠷᠢᠯᠴᠠᠨ ᠭᠦᠡᠳᠦᠦᠡᠭᠡᠵᠤ ᠬᠠᠢ᠌ᠷᠠᠯᠠᠬᠤ ᠶᠢᠨ ᠶᠤᠰᠤᠨ ᠪᠠ ᠳᠤᠳᠤᠨᠤᠴᠢᠯᠠᠯ ᠤᠨ ᠭᠡᠮᠵᠢᠶ᠎ᠡ ᠨᠢ ᠠᠳᠠᠯᠢᠬᠠᠨ ᠪᠠᠢ᠌ᠵᠤ᠂ ᠵᠥᠪᠭᠡᠨ ᠳᠠᠭᠤᠳᠠᠵᠤ ᠢᠯᠡᠳᠭᠡᠭᠦ ᠠᠷᠭ᠎ᠠ ᠶᠢᠨ ᠬᠤᠪᠢ ᠳᠤ ᠯᠠ ᠢᠯᠭᠠᠭ᠎ᠠ ᠲᠡᠶ ᠶᠤᠮ᠃ ᠮᠤᠩᠭᠤᠯᠴᠤᠳ ᠥᠪᠠᠷ ᠤᠨ ᠪᠠᠶ᠎ᠠ ᠶᠢ ᠨᠢ ᠲᠦᠷᠦᠵᠤ ᠥᠰᠭᠡᠭ᠍ᠰᠡᠨ ᠳᠡᠭᠡᠳᠦᠰ ᠠᠬᠠᠰ ᠶᠢᠡᠨ ᠡᠴᠢᠭᠡ ᠡᠭᠡ ᠭᠡᠭᠦ ᠪᠣᠶᠤ ᠨᠠᠷᠠ ᠪᠠᠷ ᠨᠢ ᠳᠠᠭᠤᠳᠠᠬᠤ ᠥᠭᠡᠢ᠂ ᠠᠪᠣ ᠡᠵᠢ ᠪᠣᠶᠤ ᠠᠵᠠᠢ ᠡᠮᠧ ᠭᠡᠭᠦ ᠮᠠᠳᠤ ᠳᠤᠰᠬᠠᠢ ᠥᠭᠡ ᠪᠠᠷ ᠳᠠᠭᠤᠳᠠᠵᠤ ᠠᠴᠢᠯᠠᠵᠤ ᠭᠦᠡᠳᠦᠦᠡᠭᠡᠭ᠍ᠰᠡᠨ ᠰᠡᠳᠬᠢᠯᠭᠡ ᠪᠠᠨ ᠢᠯᠡᠳᠭᠡᠳᠡᠭ᠌᠃ ᠬᠠᠷᠢᠨ ᠥᠪᠠᠷ ᠡᠴᠠ ᠳᠦᠷᠦᠭ᠍ᠰᠡᠨ ᠥᠷ᠎ᠡ ᠠᠴᠢᠨᠠᠷ ᠶᠢᠡᠨ ᠨᠠᠷᠠ ᠪᠠᠷ ᠨᠢ ᠳᠠᠭᠤᠳᠠᠳᠠᠭ ᠪᠦᠭᠡᠤᠨ ᠡᠨᠡᠭᠦ ᠨᠠᠷᠠ ᠳᠠᠭᠤᠳᠠᠯᠭ᠎ᠠ ᠳ᠋ᠤᠨᠢ ᠬᠠᠯᠠᠮᠵᠢᠯᠠᠵᠤ ᠬᠠᠢ᠌ᠷᠠᠯᠠᠭᠰᠠᠨ ᠰᠡᠳᠬᠢᠯᠭᠡ ᠭᠢᠭᠡᠤᠨ ᠥᠪᠠᠷ ᠤᠨ ᠪᠠᠶ᠎ᠠ ᠡᠴᠠ ᠳᠤᠷᠤᠭᠰᠢᠭᠢ ᠭᠦᠮᠤᠨ ᠭᠡᠰᠡᠨ ᠢ ᠳᠤᠳᠤᠯᠠᠬᠤ ᠰᠠᠨᠠᠭ᠎ᠠ ᠠᠬᠤᠭᠤᠯᠤᠭᠳᠠᠵᠤ ᠪᠠᠢ᠌ᠳᠠᠭ᠃ ᠮᠤᠩᠭᠤᠯ ᠭᠦᠮᠤᠨ ᠤ ᠨᠠᠷᠠ ᠶᠢᠨ ᠴᠡᠭᠡᠷᠯᠡᠯ ᠤᠨ ᠶᠤᠰᠤᠨ ᠳᠤ ᠥᠷ᠎ᠡ ᠭᠡᠦᠭᠡᠤᠨ ᠤᠨ ᠨᠠᠷᠠ ᠨᠢ ᠳᠡᠭᠡᠳᠤ ᠥᠶ᠎ᠡ ᠶᠢᠨ ᠲᠦᠷᠦᠯ ᠰᠠᠳᠤᠨ ᠤ ᠨᠠᠷᠠ ᠲᠡᠶ ᠳᠠᠪᠬᠤᠴᠠᠬᠤ ᠶᠢ ᠤᠨᠴᠡ ᠴᠡᠭᠡᠷᠯᠡᠳᠡᠭ᠌ ᠪᠠ ᠮᠤᠩᠭᠤᠯᠴᠤᠳ ᠶᠠᠷᠤ ᠡᠴᠠ ᠪᠠᠨ ᠲᠦᠷᠦᠯ ᠰᠠᠳᠤᠨ ᠪᠣᠰᠤ ᠠᠬᠠᠰ ᠭᠦᠮᠦᠰ ᠢ ᠴᠤ ᠨᠠᠷᠠ ᠪᠠᠷ ᠨᠢ ᠳᠠᠭᠤᠳᠠᠳᠠᠭ ᠥᠭᠡᠢ ᠨᠢ ᠮᠦᠨ ᠡᠭᠦᠨ ᠢ ᠬᠠᠷᠠᠭᠤᠯᠵᠤ ᠪᠠᠢ᠌ᠭ᠎ᠠ ᠶᠤᠮ᠃
ᠭᠡᠦᠭᠡᠤᠨ ᠲᠡᠭᠡᠨ ᠮᠤᠩᠭᠤᠯ ᠨᠠᠷᠠ ᠦᠭᠭᠦ ᠡᠰᠡᠭᠦ ᠤᠴᠢᠷ ᠨᠢ ᠶᠠᠷᠤ ᠡᠴᠠ ᠥᠡᠳᠦᠰᠦᠳᠡᠨ ᠤ ᠵᠠᠩ ᠰᠤᠷᠳᠠᠬᠤᠨ᠂ ᠰᠤᠶᠤᠯ ᠪᠣᠯᠪᠠᠰᠤᠷᠠᠯ ᠶᠢᠡᠨ ᠬᠠᠢ᠌ᠷᠠᠯᠠᠵᠤ ᠭᠦᠡᠳᠦᠦᠡᠭᠡᠭᠦ ᠳᠠᠨᠢᠯᠳᠠ ᠤᠬᠠᠮᠰᠡᠷ ᠲᠡᠶ ᠰᠢᠭᠤᠳ ᠬᠤᠯᠪᠣᠭᠳᠠᠵᠤ ᠪᠠᠢ᠌ᠳᠠᠭ ᠪᠣᠯᠬᠤᠷ ᠪᠢᠳᠠ ᠡ᠊ᠨᠳᠠ ᠮᠤᠩᠭᠤᠯᠴᠤᠳ ᠤᠨ ᠡᠢ᠌ᠮᠦᠷᠭᠦ ᠳᠠᠨᠢᠯᠳᠠ ᠤᠬᠠᠮᠰᠡᠷ ᠤᠨ ᠢᠯᠠᠷᠠᠯ ᠪᠠᠢ᠌ᠳᠠᠯ ᠢ ᠭᠦᠮᠤᠨ ᠤ ᠡᠰᠢ ᠳᠠᠭᠤᠳᠠᠯᠭ᠎ᠠ ᠶᠢᠨ ᠳᠠᠯ᠎ᠠ ᠳ᠋ᠠᠭᠢ ᠵᠠᠷᠢᠮ ᠥᠵᠡᠭ᠍ᠳᠡᠯ ᠶᠢᠡᠷ ᠵᠢᠱᠢᠶᠠᠯᠠᠨ ᠶᠠᠷᠢᠶ᠎ᠠ᠃
ᠭᠦᠮᠤᠨ ᠤ ᠨᠠᠷᠠ᠂ ᠢᠯᠠᠩᠭᠤᠶ᠎ᠠ ᠭᠦᠮᠤᠨ ᠤ ᠡᠰᠢ ᠳᠠᠭᠤᠳᠠᠯᠭ᠎ᠠ ᠶᠢᠨ ᠥᠭᠡ ᠶᠢᠨ ᠤᠳᠬ᠎ᠠ ᠪᠠ ᠵᠢᠴᠢ ᠳᠡᠭᠦᠨ ᠤ ᠭᠡᠯᠡᠨ ᠤ ᠠᠪᠢᠶᠠᠯᠭ᠎ᠠ ᠨᠢ ᠭᠦᠮᠤᠨ ᠤ ᠲᠦᠷᠦᠯ ᠰᠠᠳᠤᠨ ᠤ ᠬᠠᠷᠢᠴᠠᠭ᠎ᠠ ᠶᠢ ᠢᠯᠡᠳᠭᠡᠨ᠂ ᠬᠠᠢ᠌ᠷ᠎ᠠ ᠭᠦᠡᠳᠦᠦᠡᠭᠡᠯ ᠤᠨ ᠰᠡᠳᠬᠢᠯᠭᠡ ᠶᠢ ᠳᠤᠰᠬᠠᠳᠠᠭ ᠳᠤᠯᠠ ᠮᠤᠩᠭᠤᠯᠴᠤᠳ ᠴᠤ ᠤᠤᠯ ᠡᠴᠠ ᠪᠠᠨ ᠥᠪᠠᠷ ᠤᠨ ᠡᠰᠢ ᠳᠠᠭᠤᠳᠠᠯᠭ᠎ᠠ ᠪᠠᠨ ᠳᠣᠢ᠌ᠯ ᠶᠢᠡᠷ ᠡᠷᠭᠢᠮᠯᠡᠳᠡᠭ᠌ ᠪᠠᠢ᠌ᠪᠠ᠃
ᠭᠡᠭᠦ ᠳᠡᠭᠡᠨ ᠮᠤᠩᠭᠤᠯ ᠭᠡᠯᠡ ᠪᠠᠨ ᠮᠠᠷᠳᠠᠵᠤ ᠴᠤᠯᠤ ᠭᠢᠳᠠᠤᠨ ᠶᠢᠡᠷ ᠶᠠᠷᠢᠯᠴᠠᠳᠠᠭ ᠪᠣᠯᠤᠭᠰᠠᠨ ᠪᠠᠢ᠌ᠳᠠᠯ᠎ᠠ ᠪᠠᠨ ᠬᠠᠷᠢᠨ ᠡᠰᠢ ᠳᠠᠭᠤᠳᠠᠯᠭ᠎ᠠ ᠪᠠᠨ ᠴᠢᠩᠭ᠎ᠠ ᠪᠠᠷᠢᠮᠳᠠᠯᠠᠵᠤ ᠮᠤᠩᠭᠤᠯ ᠶᠢᠡᠷ ᠳᠠᠭᠤᠳᠠᠳᠠᠭ (ᠡᠢ᠌ᠮᠤ ᠭᠦᠮᠦᠰ ᠤᠨ ᠥᠷ᠎ᠡ ᠭᠡᠦᠭᠡᠤᠨ ᠨᠢ ᠴᠤ ᠤᠯᠡᠡᠩᠭᠢ ᠳᠠᠭᠠᠨ ᠮᠤᠩᠭᠤᠯ ᠨᠠᠷᠠ ᠲᠡᠶ ᠪᠠᠢ᠌ᠳᠠᠭ)᠃ ᠵᠠᠷᠢᠮ ᠳᠠᠭᠠᠨ ᠶᠡᠭᠡᠰ ᠡᠴᠠ ᠪᠠᠨ ᠳᠠᠯᠳᠠ ᠪᠣᠰᠤᠳ ᠭᠦᠮᠦᠰ ᠲᠡᠶ ᠶᠠᠷᠢᠯᠴᠠᠬᠤ ᠳᠠᠭᠠᠨ ᠴᠤ 《ᠸᠧ (我) ᠠᠪᠤ᠁》᠂ 《ᠸᠧ ᠡᠵᠢ᠁》 ᠭᠡᠭᠦ ᠮᠠᠳᠤᠴᠢᠯᠠᠨ ᠶᠠᠷᠢᠵᠤ ᠪᠠᠢ᠌ᠳᠠᠭ᠃ ᠭᠡᠷᠪᠡ ᠥᠷ᠎ᠡ ᠭᠡᠦᠭᠡᠤᠨ ᠪᠣᠯᠤᠭᠰᠠᠤᠨ ᠨᠢ ᠡᠴᠢᠭᠡ ᠡᠭᠡ ᠶᠢ ᠪᠠᠨ ᠰᠢᠭᠤᠳ 《ᠪᠠ》᠂ 《ᠮᠠ》 ᠭᠡᠵᠤ ᠳᠠᠭᠤᠳᠠᠬᠤ ᠳᠤ ᠭᠦᠷᠪᠠᠯ᠄ 《ᠴᠢ ᠤᠳᠤ ᠨᠠᠮᠠᠶ᠋ᠢ ᠠᠳᠤᠭᠤᠰᠤ ᠮᠠᠯ ᠭᠡᠵᠤ ᠳᠠᠭᠤᠳᠠᠬᠤ ᠨᠢ ᠳᠤᠳᠠᠵᠤ ᠪᠠᠢ᠌ᠨ᠎ᠡ》 ᠭᠡᠮᠡᠨ ᠠᠭᠤᠷᠯᠠᠳᠠᠭ ᠠᠵᠢ᠃ ᠭᠡᠳᠡᠯ᠎ᠡ ᠡᠭᠦᠨ ᠤ ᠡᠰᠡᠷᠭᠦ ᠪᠠᠷ ᠮᠠᠨ ᠤ ᠵᠠᠷᠢᠮ ᠭᠦᠮᠦᠰ ᠭᠢᠳᠠᠤᠨ ᠭᠡᠯᠡ ᠶᠢ ᠰᠠᠢ᠌ᠨ ᠮᠡᠳᠡᠳᠡᠭ᠌ ᠴᠤ ᠪᠢᠰᠢ᠂ ᠭᠡᠷ ᠵᠠᠭᠤᠷ᠎ᠠ ᠪᠠᠨ ᠴᠦᠮ ᠮᠤᠩᠭᠤᠯ ᠶᠢᠡᠷ ᠬᠠᠷᠢᠴᠠᠳᠠᠭ ᠪᠠᠢ᠌ᠳᠠᠯ᠎ᠠ ᠪᠠᠨ ᠭᠡᠦᠭᠡᠤᠨ ᠨᠢ ᠲᠦᠷᠦᠵᠤ ᠭᠠᠷᠤᠮᠠᠭᠴᠠ 《ᠪᠠ ᠪᠠ ᠳᠠᠭᠠᠨ》᠂ 《ᠮᠠ ᠮᠠ ᠳᠠᠭᠠᠨ》 ᠭᠡᠭ᠍ᠰᠡᠭᠡᠷ ᠪᠠᠢ᠌ᠭᠠᠤᠨ ᠪᠦᠷ 《ᠪᠠ ᠪᠠ᠂ ᠮᠠ ᠮᠠ᠂ ᠭᠧ ᠭᠧ᠂ ᠵᠢᠶᠧ ᠵᠢᠶᠧ》 ᠭᠡᠭᠦ ᠮᠠᠳᠤᠴᠢᠯᠠᠨ ᠳᠠᠭᠤᠳᠠᠬᠤ ᠪᠣᠯᠭᠠᠴᠢᠬᠠᠭᠰᠠᠨ ᠪᠠᠢ᠌ᠪᠠ᠃
ᠡᠨᠠ ᠨᠢ ᠶᠠᠭᠤᠨ ᠡᠴᠠ ᠪᠣᠯᠴᠢᠬᠠᠪᠠ ︖ ᠭᠡᠯᠡᠭᠦ ᠳᠤ ᠡᠪᠳᠡᠢ᠂ ᠭᠡᠷᠡᠭᠯᠡᠭᠦ ᠳᠤ ᠳᠦᠭᠦᠮ ᠢ ᠪᠣᠳᠤᠭᠰᠠᠨ ᠤ ᠦᠦ︖ ᠰᠤᠨᠤᠰᠬᠤ ᠳᠤ ᠰᠠᠢ᠌ᠬᠠᠨ᠂ ᠰᠠᠨᠠᠭᠠᠨ ᠳᠤ ᠳᠠᠭᠠᠳᠠᠢ ᠪᠠᠢ᠌ᠭᠰᠠᠨ ᠡᠴᠠ ᠦᠦ ︖ ᠡᠰᠡᠭᠦᠯ᠎ᠡ ᠥᠷ᠎ᠡ ᠬᠣᠢ᠌ᠴᠢᠰ ᠲᠠᠭᠠᠨ ᠬᠠᠠᠳᠤᠭᠰᠠᠨ ᠤᠨᠴᠡᠭᠠᠢ ᠬᠠᠢ᠌ᠷ᠎ᠠ ᠪᠠᠢ᠌ᠵᠤ᠂ ᠢᠷᠡᠭᠡᠳᠦᠢ ᠶᠢ ᠨᠢ ᠪᠣᠳᠤᠯᠭᠢᠯᠠᠨ ᠥᠭᠡᠨ ᠳᠤ ᠤᠷᠦᠬᠤ ᠡᠴᠠ ᠪᠠᠨ ᠡᠭᠢᠯᠠᠵᠤ 《ᠭᠡᠷᠡᠭ᠍ᠴᠡᠭᠡ ᠶᠡᠭᠡᠳᠡᠢ ᠭᠡᠯᠡ》 ᠶᠢ ᠰᠤᠷᠭᠠᠵᠤ ᠪᠠᠢ᠌ᠭ᠎ᠠ ᠨᠢ ᠦᠦ ︖ ᠪᠣᠳᠤᠪᠠᠯ ᠮᠦᠨ ᠯᠠ ᠪᠣᠰᠤᠳ ᠤᠨ ᠶᠠᠭᠤᠮ᠎ᠠ ᠶᠢ ᠥᠪᠠᠷ ᠤᠨ ᠭᠢ ᠡᠴᠠ ᠪᠠᠨ ᠢᠯᠡᠭᠦᠤ ᠡᠷᠭᠢᠮ ᠳᠤ ᠥᠵᠡᠨ ᠰᠤᠬᠤᠷ ᠪᠠᠯᠠᠢ ᠪᠠᠷ ᠨᠡᠭᠦᠯᠭᠡᠨ ᠭᠡᠷᠡᠭᠯᠡᠳᠡᠭ᠌ ᠬᠠᠭᠤᠴᠢᠨ ᠵᠤᠷᠰᠢᠯ᠂ ᠥᠭᠡᠡᠴᠡ ᠴᠢᠨᠠᠷ ᠤᠨ ᠭᠢᠨᠢ ᠥᠷᠭᠦᠯᠵᠢᠯᠡᠯ ᠪᠠᠢ᠌ᠭ᠎ᠠ᠃ ᠥᠷ᠎ᠡ ᠭᠡᠦᠭᠡᠤᠨ ᠭᠡᠮᠡᠭ᠍ᠴᠢ ᠮᠢᠬ᠎ᠠ ᠶᠠᠰᠤᠨ ᠤ ᠭᠢᠨᠢ ᠳᠠᠰᠤᠷᠬᠠᠢ᠂ ᠥᠡᠳᠦᠰᠤ ᠤᠭᠰᠠᠭᠠᠨ ᠤ ᠭᠢᠨᠢ ᠵᠠᠯᠭᠠᠮᠵᠢᠯᠠᠭᠴᠢ ᠪᠢᠯᠠ᠃ ᠡᠢ᠌ᠮᠤ ᠠᠳᠠᠯ᠎ᠠ ᠪᠠᠨ ᠭᠠᠵᠠᠷ ᠳᠡᠭᠡᠷᠡᠭᠢ ᠭᠠᠭᠴᠠ ᠬᠤᠶᠠᠷᠬᠠᠨ ᠥᠷ᠎ᠡ ᠪᠠᠨ ᠬᠠᠮᠢᠶ᠎ᠠ ᠨᠠᠮᠢᠶ᠎ᠠ ᠥᠭᠡᠢ ᠨᠠᠷᠠᠯᠠᠵᠤ ᠰᠤᠯᠤᠭᠠᠢ ᠰᠥᠭᠡᠷᠭᠦ ᠪᠠᠷ ᠳᠠᠭᠤᠳᠠᠨᠡ ᠭᠡᠭ᠍ᠴᠢ ᠶᠠᠭᠠᠭᠢᠴᠢᠬᠠᠭᠰᠠᠨ ᠤᠬᠠᠭ᠎ᠠ ᠰᠡᠭᠡᠭᠡ ᠪᠣᠢ︕
ᠵᠥᠪᠭᠡᠨ ᠭᠦᠮᠤᠨ ᠤ ᠨᠠᠷᠠ ᠳᠠᠭᠤᠳᠠᠯᠭ᠎ᠠ ᠳᠤ ᠯᠠ ᠪᠢᠰᠢ᠂ ᠮᠤᠩᠭᠤᠯᠴᠤᠳ ᠤᠨ ᠶᠤᠰᠤ ᠵᠢᠷᠤᠮᠯᠠᠯ᠂ ᠪᠣᠯᠪᠠᠰᠤᠷᠠᠯ ᠭᠦᠮᠦᠵᠢᠯ ᠵᠡᠷᠭᠡ ᠨᠠᠯᠢᠶᠠᠤᠨ ᠳᠠᠯ᠎ᠠ ᠳᠤ ᠰᠤᠯᠠᠷᠠᠵᠤ ᠵᠠᠳᠠᠭᠠᠢ᠌ᠷᠠᠬᠤ ᠥᠵᠡᠭ᠍ᠳᠡᠯ ᠭᠠᠷᠴᠤ ᠪᠠᠢ᠌ᠨ᠎ᠡ᠃ ᠡᠭᠦᠨ ᠤ ᠤᠴᠢᠷ ᠰᠢᠯᠳᠠᠭᠠᠨ ᠤᠯᠡᠨ ᠪᠠᠢ᠌ᠭ᠎ᠠ ᠪᠣᠯᠪᠠᠴᠤ 《ᠮᠤᠩᠭᠤᠯ ᠭᠦᠮᠤᠨ ᠪᠣᠶᠠᠨ ᠶᠢᠡᠷ ᠶᠢᠡᠨ》 ᠭᠡᠭᠦ ᠮᠠᠳᠤ ᠶᠢᠨ ᠥᠵᠡᠯᠳᠡ ᠶᠢᠨ ᠨᠥᠯᠦᠭᠡ ᠪᠠᠷ ᠠᠯᠵᠠᠭᠤ ᠵᠠᠯᠬᠠᠭᠤ ᠵᠠᠩ ᠲᠡᠶ ᠪᠣᠯᠤᠭᠰᠠᠨ ᠳᠤᠯᠠ᠂ ᠪᠣᠰᠤᠳ ᠤᠨ ᠶᠠᠭᠤᠮ᠎ᠠ ᠶᠢ ᠰᠤᠷᠤᠶ᠎ᠠ ᠭᠡᠪᠠᠴᠤ ᠳᠤᠤᠱᠯᠠᠵᠤ ᠳᠡᠢ᠌ᠯᠭᠦ ᠥᠭᠡᠢ᠃ ᠥᠪᠠᠷ ᠤᠨ ᠶᠠᠭᠤᠮ᠎ᠠ ᠪᠠᠨ ᠳᠤᠭᠤᠳᠠᠭ ᠥᠭᠡᠢ ᠪᠣᠯᠬᠤᠷ ᠰᠤᠷᠴᠤ ᠵᠢᠷᠤᠮᠯᠠᠬᠤ ᠶᠢ ᠪᠣᠳᠤᠵᠤ ᠴᠤ ᠤᠯᠬᠤ ᠥᠭᠡᠢ᠃ ᠡᠴᠤᠰ ᠲᠡᠭᠡᠨ ᠠᠯᠢ ᠨᠢ ᠴᠤ ᠥᠭᠡᠢ᠂ ᠬᠤᠶᠠᠷ ᠤᠨ ᠬᠤᠭᠤᠷᠤᠠᠳᠤ ᠭᠤᠷᠪᠠ ᠶᠢᠨ ᠳᠤᠮᠳᠠ ᠤᠨᠵᠢᠩᠨᠠᠭᠰᠡᠨ᠂ ᠰᠠᠯᠭᠢᠨ ᠳᠤ ᠭᠡᠢ᠌ᠰᠦᠭ᠍ᠰᠡᠨ ᠬᠠᠮᠬᠤᠤᠯ ᠮᠠᠳᠤ ᠤᠷᠦᠩᠨᠠᠭᠰᠡᠨ ᠶᠠᠭᠤᠮ᠎ᠠ ᠪᠣᠯᠵᠤ ᠪᠠᠢ᠌ᠭ᠎ᠠ ᠤᠴᠢᠷ ᠲᠤ ᠶᠡᠭᠡᠭᠡᠨ ᠬᠤᠯᠪᠣᠭ᠎ᠠ ᠲᠡᠶ᠃ ᠢᠩᠭᠢᠭᠡᠤᠨ ᠯᠠ ᠪᠠᠢ᠌ᠪᠠᠯ 《ᠬᠤᠵᠠ》᠂ 《ᠡᠷᠯᠢᠵᠡ》 ᠭᠡᠵᠤ ᠬᠠᠷᠢᠶᠠᠭᠳᠠᠬᠤ ᠶᠢ ᠪᠣᠤ ᠭᠡᠯᠡ᠂ ᠨᠢᠭᠡᠨ ᠥᠡᠳᠦᠰᠦᠳᠡᠨ ᠤ ᠴᠢᠨᠠᠷ ᠮᠠᠭᠤᠳᠠᠵᠤ᠂ ᠡᠴᠤᠰ ᠲᠡᠭᠡᠨ ᠴᠤᠬᠤᠮ ᠭᠦ ᠪᠣᠰᠤᠳ ᠤᠨ ᠳᠤᠮᠳᠠ ᠥᠡᠳᠦᠰᠤ ᠤᠭᠰᠠᠭ᠎ᠠ ᠪᠠᠨ ᠨᠢᠭᠤᠨ᠂ ᠨᠠᠷᠠ ᠤᠪᠤᠭ ᠶᠢᠡᠨ ᠪᠣᠷᠤᠭᠤᠯᠠᠵᠤ ᠶᠠᠪᠣᠬᠤ ᠡᠴᠠ ᠥᠭᠡᠷ᠎ᠡ ᠠᠷᠭ᠎ᠠ ᠥᠭᠡᠢ ᠪᠣᠯᠤᠨ᠎ᠡ ᠭᠡᠳᠡᠭ᠌ ᠢ ᠳᠠᠭᠠᠤ ᠳ᠋ᠤᠨᠢ ᠳᠤᠷᠠᠳᠤᠭᠠᠤᠨ ᠤᠷᠭᠢᠶᠡ᠃
ᠶᠡᠷᠦᠩᠭᠡᠢ᠌ᠯᠡᠪᠠᠯ᠂ ᠥᠷ᠎ᠡ ᠬᠣᠢ᠌ᠴᠢᠰ ᠲᠠᠭᠠᠨ ᠮᠤᠩᠭᠤᠯ ᠨᠠᠷᠠ ᠦᠭᠭᠦ ᠨᠢ ᠥᠪᠠᠷ ᠤᠨ ᠥᠡᠳᠦᠰᠤ ᠤᠭᠰᠠᠭ᠎ᠠ ᠪᠠᠨ ᠳᠤᠳᠤᠯᠠᠵᠤ᠂ ᠭᠡᠯᠡ ᠰᠤᠶᠤᠯ ᠶᠢᠡᠨ ᠭᠦᠡᠳᠦᠦᠡᠭᠡᠨ ᠭᠦᠭ᠍ᠵᠢᠭᠦᠯᠤᠨ ᠪᠣᠰᠤᠳ ᠲᠡᠶ ᠡᠷᠭᠡ ᠳᠡᠭ᠍ᠰᠢ ᠪᠠᠷ ᠵᠡᠷᠭᠡᠴᠡᠨ ᠤᠷᠦᠰᠢᠵᠤ ᠴᠢᠳᠠᠵᠤ ᠪᠠᠢ᠌ᠬᠤ ᠡᠰᠡᠭᠦ ᠲᠡᠶ ᠬᠤᠯᠪᠣᠭᠳᠠᠬᠤ ᠴᠢᠬᠤᠯᠠ ᠤᠴᠢᠷ ᠪᠣᠯᠬᠤ ᠪᠦᠭᠡᠤᠨ ᠨᠡᠢ᠌ᠭᠡᠮ ᠤᠨ ᠭᠦᠭ᠍ᠵᠢᠯ ᠱᠠᠭᠠᠷᠳᠠᠯᠭ᠎ᠠ᠂ ᠥᠡᠳᠦᠰᠦᠳᠡᠨ ᠤ ᠳᠠᠨᠢᠯᠳᠠ ᠤᠬᠠᠮᠰᠡᠷ ᠤᠨ ᠳᠡᠭᠡᠭ᠍ᠰᠢᠯᠡᠯᠳᠡ ᠶᠢᠨ ᠵᠠᠢ᠌ᠯᠠᠰᠢ ᠥᠭᠡᠢ ᠬᠠᠠᠳᠤᠰᠢ ᠮᠦᠨ᠃ ᠭᠦᠮᠦᠰ ᠳᠡᠯᠡᠭᠡᠢ ᠶᠢᠨ ᠤᠯᠡᠨ ᠥᠡᠳᠦᠰᠦᠳᠡᠨ ᠲᠡᠶ ᠶᠠᠪᠣᠯᠴᠠᠬᠤ ᠳᠠᠭᠠᠨ ᠪᠣᠰᠤᠳ ᠢ ᠭᠦᠡᠳᠦᠦᠡᠭᠡᠭᠦ ᠪᠣᠶᠤ ᠬᠠᠷᠢᠴᠠᠬᠤ ᠳᠤ ᠳᠦᠭᠦᠮ ᠢ ᠪᠣᠳᠤᠵᠤ ᠲᠦᠷ ᠴᠠᠭ ᠭᠡᠷᠡᠭᠯᠡᠭᠦ ᠪᠣᠰᠤᠳ ᠭᠡᠯᠡᠨ ᠤ ᠨᠠᠷᠠ ᠶᠢ ᠠᠪᠴᠤ ᠪᠣᠯᠤᠨ᠎ᠡ᠃ ᠭᠡᠪᠠᠴᠤ ᠠᠪᠣ ᠡᠵᠢ ᠡᠴᠠ ᠬᠠᠢ᠌ᠷᠠᠯᠠᠭᠰᠠᠨ᠂ ᠤᠭᠰᠠᠭ᠎ᠠ ᠤᠳᠦᠮ ᠢ ᠴᠢᠨᠢ ᠳᠡᠮᠳᠡᠭᠯᠡᠵᠤ ᠪᠦᠭᠦᠢ ᠲᠦᠷᠦᠯᠭᠢ ᠭᠡᠯᠡᠨ ᠤ ᠨᠠᠷᠠ ᠪᠠᠨ ᠨᠢᠭᠡᠮᠦᠰᠤᠨ ᠥᠭᠡᠢ᠌ᠰᠭᠡᠵᠤ ᠪᠣᠯᠬᠤ ᠥᠭᠡᠢ ᠠᠵᠢ᠃
ᠵᠤᠬᠢᠶᠠᠭᠴᠢ ᠶᠢᠨ ᠬᠠᠶᠢᠭ᠄ ᠣᠷᠳᠤᠰ ᠬᠤᠳᠠ ᠶᠢᠨ ᠳ᠋ᠦ᠋ᠩᠱᠸᠩ
ᠵᠤᠬᠢᠶᠠᠭᠴᠢ᠄ ᠪᠠᠶᠠᠨᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 12117
ᠴᠠᠭ᠄ 2009 ᠤᠨ ᠤ 12 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ