☆ ᠪᠠ᠊·ᠣᠤᠠᠬᠤᠠᠪᠠᠭᠠᠳᠤᠷ
ᠮᠦᠷᠦᠭᠡᠳᠦᠯ
ᠰᠠᠯᠭᠢᠨ ᠤ ᠰᠡᠮᠡᠷᠡᠭᠡᠨ ᠵᠢᠠᠷ
ᠮᠦᠷᠦᠭᠡᠳᠦᠯ ᠳᠠᠮᠨᠠᠨ ᠣᠳᠤᠭᠰᠠᠨ ᠶᠤᠮ
ᠰᠠᠠᠴᠢᠭ ᠤᠨ ᠭᠡᠵᠢᠭᠡ ᠶᠢ ᠴᠢᠨᠢ
ᠢᠯᠪᠢᠭᠡᠳ ᠨᠢᠭᠡ ᠢᠷᠡᠭᠦ ᠪᠣᠢ
ᠰᠠᠯᠬᠤ ᠶᠢᠨ ᠣᠴᠢᠷ ᠥᠭᠡᠢ
ᠠᠭᠤᠯᠵᠠᠭ᠎ᠠ ᠦᠭᠡᠶ ᠴᠢᠮ᠎ᠠ ᠳᠤ ᠪᠠᠨ
ᠰᠠᠷ᠎ᠠ ᠮᠠᠠᠳᠤ
ᠠᠮᠤᠷ ᠲᠡᠶ ᠪᠠᠨ ᠬᠠᠮᠳᠤ ᠣᠴᠢᠬᠤ ᠯᠠ ᠪᠠᠢ᠌ᠬᠤ
ᠣᠮᠳᠠᠭᠠᠰᠴᠤ ᠭᠦᠷᠦᠭ᠍ᠰᠡᠨ ᠣᠷᠤᠭᠤᠯ ᠳ᠋ᠤᠨᠢ
ᠳᠤᠰᠤᠯᠠᠩᠭᠬᠠᠨ ᠨᠢᠯᠪᠣᠰᠤ ᠪᠠᠨ ᠬᠠᠢ᠌ᠷᠠᠯᠠᠭᠠᠴᠢ
ᠭᠠᠵᠠᠷ ᠤᠨ ᠵᠠᠢ ᠵᠢ
ᠡᠯᠢᠭᠡᠳᠡᠨ ᠪᠠᠢ᠌ᠵᠤ ᠭᠦᠷᠦᠭᠡ ᠶᠤᠮ ᠰᠢᠤ
ᠠᠶᠠᠨ ᠤ ᠳᠤᠭᠤᠰᠤ ᠪᠠᠨ
ᠠᠯᠵᠢᠶᠠᠯ ᠲᠡᠶ ᠪᠠᠨ ᠬᠠᠮᠳᠤ ᠣᠷᠭᠢᠨ᠎ᠠ ᠪᠠᠢ᠌ᠬᠤ
ᠭᠠᠭᠴᠠ ᠮᠦᠷᠦᠭᠡᠳᠦᠯ ᠵᠢᠠᠨ
ᠠᠷᠭᠠᠳᠠᠨ ᠪᠠᠢ᠌ᠵᠤ ᠣᠴᠢᠭ᠎ᠠ ᠶᠤᠮ ᠰᠢᠤ
ᠬᠤᠠᠳᠤ ᠣᠯᠠᠭᠠᠨ ᠬᠠᠴᠠᠷ ᠤᠨ ᠴᠢᠨᠢ
ᠦᠩᠭᠡᠨ ᠳᠤ ᠨᠢ ᠨᠢᠭᠡ ᠰᠢᠩᠭᠡᠭ᠌
ᠵᠠᠳᠠᠷᠠᠵᠤ ᠪᠠᠭᠤᠭᠰᠠᠨ ᠭᠡᠵᠢᠭᠡ ᠶᠢᠨ ᠴᠢᠨᠢ
ᠦᠨᠦᠷ ᠲᠤ ᠨᠢ ᠨᠢᠭᠡ ᠰᠤᠭᠳᠤᠭ
ᠬᠠᠷ᠎ᠠ ᠰᠤᠷᠮᠤᠰᠤᠨ ᠮᠠᠯᠮᠠᠢ ᠶᠢ ᠴᠢᠨᠢ
ᠬᠠᠯᠠᠭᠤᠨ ᠠᠮᠢᠰᠬᠤᠯ ᠶᠢᠡᠷ ᠶᠢᠡᠨ ᠨᠤᠷᠭᠠᠶᠠ
ᠬᠠᠩᠭ᠋ᠠᠢ ᠦᠷᠭᠡᠨ ᠴᠡᠭᠡᠵᠢ ᠳᠤ ᠪᠠᠨ
ᠣᠷᠤᠮ ᠢ ᠴᠢᠨᠢ ᠥᠯᠡᠳᠡᠭᠡᠳᠡᠯᠡ ᠳᠠᠪᠠᠷᠢᠶ᠎ᠠ ᠁
ᠠᠯᠢᠶᠠᠷᠬᠠᠭ ᠵᠠᠩ ᠶᠢᠡᠷ ᠵᠢᠠᠨ
ᠠᠷᠭᠠᠳᠠᠨ ᠪᠠᠢ᠌ᠵᠤ ᠶᠠᠪᠣᠭᠤᠯᠤᠭᠠᠴᠢ
ᠠᠩᠭ᠋ᠠᠭᠰᠠᠨ ᠬᠤᠪᠳᠤᠯ ᠤᠨ ᠭᠦᠷᠦᠰᠤ ᠨᠢ
ᠣᠮᠳᠠᠯᠭᠳᠠᠨ ᠪᠠᠢ᠌ᠵᠤ ᠨᠤᠭᠤᠭᠠᠷᠠᠨ᠎ᠠ ᠳ᠋ᠠ
ᠰᠤᠭᠤ ᠭᠣᠢ᠌ᠪᠠᠬᠠᠨ ᠳᠦᠷᠢ ᠶᠢ ᠴᠢᠨᠢ ᠠᠪᠣᠭᠠᠤᠨ
ᠰᠢᠨᠡᠭᠡᠨ ᠶᠢᠡᠷ ᠶᠢᠡᠨ ᠪᠠᠢ᠌ᠯᠭᠠᠵᠤ ᠰᠢᠯᠦᠭᠯᠡᠨ᠎ᠡ ᠳ᠋ᠠ
2011 .5 .11 ᠬᠦᠬᠡᠬᠤᠲᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ