☆ ᠡᠷᠳᠡᠨᠢᠪᠠᠭᠠᠨ᠎ᠠ
ᠨᠤᠳᠤᠭ ᠤᠨ ᠰᠠᠷ᠎ᠠ
(ᠬᠡᠦᠬᠡᠳ ᠤᠨ ᠰᠢᠯᠦᠭ᠌)
ᠭᠦᠪᠤᠰ ᠭᠦᠪᠤᠰ ᠰᠠᠷ᠎ᠠ
ᠨᠠᠳᠠ ᠲᠡᠶ ᠨᠢᠭᠤᠯᠴᠠᠭ᠎ᠠ ᠭᠢᠨ᠎ᠠ
ᠭᠦᠭᠡ ᠳᠡᠭ᠍ᠷᠢ ᠶᠢᠨ ᠣᠳᠤ
ᠨᠠᠳᠠ ᠶᠢ ᠬᠠᠷᠠᠭᠠᠤᠨ ᠢᠨᠢᠶᠠᠨ᠎ᠠ
ᠡᠮᠦᠨ᠎ᠡ ᠳᠠᠯ᠎ᠠ ᠶᠢᠨ ᠨᠠᠭᠤᠷ
ᠳᠡᠭ᠍ᠷᠢ ᠶᠢᠨ ᠮᠠᠠᠳᠠᠯ ᠳᠤ ᠭᠢᠯᠠᠯᠵᠠᠨ᠎ᠠ
ᠡᠩᠭᠡᠷ ᠳᠦᠭᠦᠷᠡᠩ ᠭᠡᠷᠡᠯ ᠨᠢ
ᠳᠡᠷᠳᠡᠭᠡ ᠠᠯᠤᠰ ᠡᠴᠠ ᠠᠰᠬᠠᠷᠠᠨ᠎ᠠ
ᠰᠢᠪᠠᠭᠤᠳ ᠤᠨ ᠵᠢᠷᠭᠢᠶᠠᠨ ᠶᠢᠡᠨ ᠡᠷᠢᠨ
ᠰᠢᠵᠢᠷ ᠳᠤᠶᠠᠭ᠎ᠠ ᠶᠢ ᠨᠢ ᠰᠢᠷᠳᠠᠨ᠎ᠠ
ᠬᠤᠨᠢᠨ ᠤ ᠮᠠᠢ᠌ᠯᠠᠭᠠᠨ ᠶᠢᠡᠨ ᠬᠠᠢ᠌ᠨ
ᠬᠣᠢ᠌ᠭᠤᠷ ᠡᠮᠦᠨᠡᠭᠦᠷ ᠨᠢ ᠠᠵᠢᠶᠠᠷᠠᠨᠠ
ᠮᠡᠯᠡᠭᠡᠢ ᠶᠢᠨ ᠳᠠᠭᠤᠨ ᠶᠢᠡᠨ ᠠᠯᠳᠠᠭᠠᠤᠨ
ᠮᠡᠯᠳᠡᠭᠡᠷ ᠰᠠᠷᠠᠨ ᠳᠤ ᠭᠤᠮᠤᠷᠬᠠᠨᠠ
ᠮᠤᠷᠢᠨ ᠤ ᠰᠢᠳᠤ ᠪᠠᠨ ᠦᠵᠡᠭᠡᠳ
ᠮᠠᠨ ᠤ ᠵᠤᠰᠠᠯᠠᠩ ᠶᠢᠡᠨ ᠰᠠᠨᠠᠨ᠎ᠠ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 13235
ᠴᠠᠭ᠄ 2014 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ