☆ ᠠ᠊·ᠰᠠᠴᠠᠠᠪᠠᠭᠠᠳᠤᠷ
ᠨᠠᠷᠠ ᠪᠢᠴᠢᠭ᠍ᠰᠡᠨ ᠢᠮᠠᠭᠠᠨ ᠤ ᠪᠠᠯᠡᠭ᠌
ᠪᠠ᠊ ᠰᠠᠯᠭᠠᠨ ᠳᠠᠷᠤᠭ᠎ᠠ ᠪᠠᠢ᠌ᠭᠤᠯᠭ᠎ᠠ ᠶᠢᠨ ᠶᠢᠡᠨ ᠳᠤᠪᠴᠢᠶᠠᠨ ᠳᠠᠷᠤᠭ᠎ᠠ ᠪᠣᠯᠤᠯ᠎ᠠ ᠭᠡᠰᠡᠨ ᠴᠢᠮᠡᠭᠡ ᠵᠢᠭᠦᠷ ᠣᠷᠭᠤᠭᠰᠠᠨ ᠴᠤ ᠭᠡᠮᠡᠷ ᠬᠤᠰᠢᠭᠤ ᠳᠠᠶᠠᠭᠠᠷ ᠳᠠᠪᠵᠢᠶᠠᠨ ᠪᠣᠯᠪᠠ᠃
ᠡᠨᠡ ᠡᠳᠦᠷ᠃ ᠣᠯᠢᠶᠠᠰᠤᠳᠠᠢ ᠭᠠᠴᠠᠭ᠎ᠠ ᠡᠴᠠ ᠬᠤᠰᠢᠭᠤᠨ ᠲᠥᠪ ᠭᠦᠷᠭᠦ ᠵᠠᠰᠠᠮᠠᠯ ᠵᠠᠮ ᠶᠢᠡᠷ ᠨᠢᠭᠡ ᠮᠤᠲ᠋ᠤᠷ ᠳᠤᠭᠤᠰᠤ ᠳᠠᠳᠠᠭᠤᠯᠤᠨ ᠳᠠᠪᠭᠢᠨ᠎ᠠ᠃ ᠮᠤᠲ᠋ᠤᠷ ᠵᠢᠯᠤᠭᠤᠳᠴᠤ ᠪᠠᠢ᠌ᠭ᠎ᠠ ᠨᠢ ᠳᠤᠪᠴᠢᠨ᠂ ᠠᠷᠤ ᠳᠤ ᠨᠢ ᠢᠮᠠᠭ᠎ᠠ ᠳᠠᠪᠠᠷᠢᠨ ᠰᠤᠠᠳᠠᠯᠠᠵᠤ ᠪᠠᠢ᠌ᠭ᠎ᠠ ᠨᠢ ᠸᠠᠩᠴᠢᠨ ᠪᠠᠢ᠌ᠯ᠎ᠠ᠃ ᠮᠤᠲ᠋ᠤᠷ ᠤᠨ ᠭᠦᠷᠴᠢᠭᠢᠨᠡᠭᠦ ᠳᠠᠭᠤᠨ ᠪᠠ ᠢᠮᠠᠭᠠᠨ ᠤ ᠰᠤᠯᠠᠪᠳᠤᠷᠬᠠᠨ ᠮᠠᠢ᠌ᠯᠠᠬᠤ ᠳᠠᠭᠤ ᠨᠢ ᠭᠦᠭ᠌ ᠠᠶᠠᠰ ᠨᠠᠢ᠌ᠯᠠᠵᠤ᠂ ᠭᠦᠮᠤᠨ ᠤ ᠶᠢᠷᠳᠢᠠᠴᠤ ᠶᠢᠨ ᠭᠦᠭ᠍ᠵᠢᠯᠳᠡᠢ ᠨᠠᠢ᠌ᠷᠠᠯ ᠭᠦᠭ᠍ᠵᠢᠮ ᠢ ᠴᠢᠪᠬᠠᠳᠠᠨ᠎ᠠ᠃
ᠮᠤᠲ᠋ᠤᠷ ᠳᠡᠷᠭᠡ ᠪᠠ᠊ ᠳᠤᠪᠴᠢᠶᠠᠨ ᠳᠠᠷᠤᠭ᠎ᠠ ᠶᠢᠨ ᠳᠠᠮᠤᠷ ᠬᠠᠭᠠᠯᠭ᠎ᠠ ᠶᠢᠨ ᠡᠮᠦᠨ᠎ᠡ ᠳᠤᠷᠮᠤᠰᠯᠠᠨ ᠵᠤᠭᠰᠤᠪᠠ᠃ ᠳᠤᠪᠴᠢᠨ ᠸᠠᠩᠴᠢᠨ ᠮᠤᠲ᠋ᠤᠷ ᠡᠴᠠ ᠪᠠᠨ ᠶᠠᠭᠠᠷᠠᠤ ᠪᠠᠭᠤᠵᠤ ᠬᠠᠭᠠᠯᠭ᠎ᠠ ᠶᠢ ᠨᠢ ᠭᠦᠩᠭᠡᠨ ᠭᠡᠳᠤ ᠳᠤᠭᠰᠢᠭᠰᠠᠨ ᠪᠣᠯᠪᠠᠴᠤ ᠴᠢᠮᠡᠭᠡ ᠦᠭᠡᠶ᠃ ᠢᠮᠠᠭᠠᠨ ᠤ ᠮᠠᠢ᠌ᠯᠠᠬᠤ ᠳᠠᠭᠤᠨ ᠶᠢᠡᠷ ᠵᠡᠷᠭᠡᠯᠡᠳᠡᠭᠡ ᠭᠡᠷ ᠤᠨ ᠨᠤᠬᠠᠢ ᠭᠢᠠᠵᠢ ᠪᠠᠨ ᠬᠠᠷᠴᠢᠭᠢᠨᠠᠭᠤᠯᠬᠤ ᠨᠢ ᠠᠶᠤᠮᠠᠷ᠃ ᠭᠦᠮᠤᠨ ᠡᠴᠠ ᠬᠤᠯᠠ ᠦᠨᠳᠦᠷ ᠪᠠᠷᠢᠭᠰᠠᠨ ᠳᠤᠭᠤᠰᠬᠠᠨ ᠭᠡᠷᠡᠮ ᠤᠨ ᠴᠠᠭᠠᠨ᠎ᠠ ᠴᠤᠬᠤᠮ ᠭᠦᠮᠤᠨ ᠪᠠᠢ᠌ᠬᠤ ᠡᠰᠡᠭᠦ ᠶᠢ ᠨᠢ ᠮᠡᠳᠡᠭᠦ ᠳᠤ ᠥᠨᠡᠭᠡᠷ ᠪᠠᠷᠭᠡ ᠪᠠᠢ᠌ᠯ᠎ᠠ᠃ ᠡᠨᠡ ᠢᠮᠠᠭ᠎ᠠ ᠴᠢᠨᠢ ᠢᠮᠠᠭ᠎ᠠ ᠪᠢᠰᠢ ᠰᠢᠤ᠂ ᠬᠠᠷᠢᠨ ᠬᠤᠶᠠᠷ ᠰᠠᠯᠭᠠᠨ ᠳᠠᠷᠤᠭ᠎ᠠ ᠨᠢᠭᠡ ᠨᠠᠷᠢᠨ ᠪᠢᠴᠢᠭᠡᠴᠢ ᠭᠡᠰᠡᠨ ᠥᠭᠡ ᠭᠡᠵᠤ ᠳᠤᠪᠴᠢᠨ ᠪᠣᠳᠤᠨ᠎ᠠ᠃ ᠳᠠᠳᠠ ᠬᠠᠭᠠᠯᠭ᠎ᠠ ᠶᠢ ᠪᠠᠰᠠ ᠨᠢᠭᠡᠨ ᠵᠡᠷᠭᠡ ᠳᠤᠭᠰᠢᠪᠠ᠃ 《ᠳᠤᠪᠴᠢᠶᠠᠨ ᠳᠠᠷᠤᠭ᠎ᠠ ᠡ ︕》 ᠭᠡᠵᠤ ᠡᠪ ᠢ ᠨᠢ ᠦᠵᠡᠵᠤ ᠣᠳᠠᠳᠠᠯ᠎ᠠ ᠪᠠᠷᠭᠢᠷᠠᠪᠠ᠃ ᠮᠦᠨ ᠯᠠ ᠴᠢᠮᠡᠭᠡ ᠠᠨᠢᠷ ᠠᠯᠠᠭ᠎ᠠ᠃ ᠨᠢᠭᠡᠨᠲᠡ ᠳᠠᠢ᠌ᠮᠤ ᠬᠤᠯᠠ ᠡᠴᠠ ᠠᠪᠣᠭᠠᠤᠨ ᠢᠷᠡᠴᠢᠭᠡᠭ᠍ᠰᠡᠨ ᠪᠠᠯᠡᠭ᠌ ᠰᠢᠤ᠂ ᠡᠨᠡ ᠡᠳᠦᠷ ᠥᠭ᠍ᠴᠤ ᠵᠠᠪᠳᠤᠬᠤ ᠦᠭᠡᠶ ᠪᠣᠯ ᠮᠠᠷᠭᠠᠰᠢ ᠨᠥᠭᠦᠭᠡᠳᠦᠷ ᠳᠠᠷᠤᠢ ᠣᠳᠤᠷᠢᠳᠬᠤ ᠪᠠᠭ ᠤᠨ ᠣᠷᠤᠨ ᠳᠤᠭ᠎ᠠ ᠪᠠᠨ ᠳᠤᠭᠳᠠᠭᠠᠴᠢᠬᠠᠨᠠ᠃ ᠶᠠᠭᠠᠭᠢᠪᠠᠯ ᠵᠤᠭᠢᠰᠳᠠᠢ ᠪᠢᠯᠠ ︖ ᠬᠠᠮᠤᠭ ᠰᠡᠭᠦᠯ ᠳᠤ ᠳᠤᠪᠴᠢᠨ ᠸᠠᠩᠴᠢᠨ ᠶᠠᠷᠢᠯᠴᠠᠨ ᠵᠦᠪᠳᠠᠵᠤ ᠳᠤᠭᠢᠷᠠᠮᠵᠢᠳᠠᠢ ᠰᠠᠢ᠌ᠨ ᠠᠷᠭ᠎ᠠ ᠳᠤᠭᠳᠠᠭᠠᠵᠤ ᠬᠤᠶᠠᠭᠤᠯᠠ ᠪᠠᠨ ᠰᠡᠮᠡᠭᠡᠷ ᠢᠨᠢᠶᠠᠯᠴᠠᠪᠠ᠃ ᠸᠠᠩᠴᠢᠨ ᠭᠠᠷ ᠤᠨ ᠳᠢᠭ᠌ ᠰᠠᠢ᠌ᠬᠠᠨ ᠭᠡᠰᠡᠨ ᠶᠢᠡᠷ ᠶᠢᠡᠨ ᠬᠠᠷᠮᠠᠨ ᠡᠴᠠ ᠪᠠᠨ 《ᠱᠦᠨ ᠳ᠋ᠠ》 ᠳᠡᠮᠳᠡᠭ᠍ᠳᠤ ᠰᠢᠷᠭᠠᠯ ᠪᠣᠯᠤᠳ ᠪᠢᠷ ᠭᠠᠷᠭᠠᠵᠤ᠂ ᠢᠮᠠᠭᠠᠨ ᠤ ᠪᠠᠷᠠᠭᠤᠨ ᠡᠪᠠᠷ ᠳᠡᠭᠡᠷ᠎ᠡ ᠨᠢ 《ᠳᠤᠪᠴᠢᠨ》 ᠭᠡᠳᠡᠭ᠌ ᠬᠠᠷ᠎ᠠ ᠥᠰᠦᠭ᠌ ᠳᠠᠳᠠᠯᠠᠪᠠ᠃ 《ᠪᠠᠷᠭᠡᠨ ᠤ ᠨᠠᠷᠠ ᠶᠢ ᠬᠠᠮᠢᠭ᠎ᠠ ᠨᠢ ᠪᠢᠴᠢᠭᠦ ᠪᠣᠢ ︖》 ᠭᠡᠵᠤ ᠸᠠᠩᠴᠢᠨ ᠳᠤᠪᠴᠢᠨ ᠡᠴᠠ ᠠᠰᠠᠭᠤᠨ᠎ᠠ᠃ 《ᠢᠮᠠᠭᠠᠨ ᠡᠪᠡᠷ ᠰᠢᠭ᠌ ᠵᠤᠭᠢᠴᠠᠭᠰᠠᠨ ᠬᠤᠶᠠᠷ ᠶᠤᠮ ᠴᠢᠨᠢ ᠬᠠᠰᠢᠯᠠ᠁》 ᠭᠡᠳᠡᠯ᠎ᠡ᠂ ᠸᠠᠩᠴᠢᠨ ᠲᠤᠷ ᠭᠢᠳᠠᠯ᠎ᠠ ᠮᠠᠳᠠᠵᠤ᠂ ᠢᠮᠠᠭᠠᠨ ᠤ ᠵᠡᠭᠦᠨ ᠡᠪᠠᠷ ᠳᠡᠭᠡᠷ᠎ᠡ ᠨᠢ 《ᠶᠠᠩᠵᠢᠮ᠎ᠠ》 ᠭᠡᠳᠡᠭ᠌ ᠥᠰᠦᠭ᠌ ᠢ ᠮᠤᠷᠤᠢ ᠬᠠᠵᠠᠭᠠᠢ ᠪᠢᠴᠢᠵᠤ ᠵᠠᠪᠳᠤᠪᠠ᠃ ᠸᠠᠩᠴᠢᠨ ᠬᠤᠶᠠᠷ ᠥᠰᠦᠭ᠌ ᠶᠢᠡᠨ ᠪᠢᠴᠢᠵᠤ ᠪᠠᠷᠠᠴᠢᠬᠠᠭᠠᠤᠨ ᠳᠤᠪᠴᠢᠨ ᠢ ᠦᠷᠤ ᠡᠪᠠᠳᠦᠯᠳᠡᠢ ᠰᠢᠷᠳᠠᠵᠤ ᠠᠪᠣᠪᠠ᠃ ᠴᠠᠭᠠᠨ᠎ᠠ ᠨᠢ ᠸᠠᠩᠴᠢᠨ ᠭᠡᠰᠡᠨ ᠨᠠᠷᠠ ᠶᠢ ᠪᠠᠰᠠ ᠨᠢᠭᠡ ᠣᠷᠤᠨ ᠪᠠᠢ᠌ᠷᠢ ᠣᠯᠵᠤ ᠦᠭᠪᠠᠯ ᠵᠤᠭᠢᠬᠤ ᠪᠢᠰᠢᠤ ᠭᠡᠰᠡᠨ ᠰᠠᠨᠠᠭ᠎ᠠ ᠨᠢᠭᠤᠭᠳᠠᠵᠤ ᠪᠠᠢ᠌ᠯ᠎ᠠ᠃ ᠰᠠᠨᠠᠭ᠎ᠠ ᠶᠢ ᠨᠢ ᠨᠠᠪᠳᠠ ᠦᠵᠡᠵᠤ ᠭᠠᠷᠤᠭᠰᠠᠨ ᠳᠤᠪᠴᠢᠨ ᠸᠠᠩᠴᠢᠨ ᠢ ᠭᠢᠯᠠᠪᠭᠢᠨ ᠬᠠᠷᠠᠵᠤ ᠥᠵᠡᠭᠡᠳ᠄ 《ᠡᠢ᠌ᠮᠤ ᠬᠤᠯᠠ ᠡᠴᠠ ᠢᠮᠠᠭ᠎ᠠ ᠳᠠᠪᠠᠷᠢᠵᠤ ᠢᠷᠡᠭ᠍ᠰᠡᠨ ᠭᠦᠮᠤᠨ ᠶᠤᠮ ᠴᠢᠨᠢ᠂ ᠴᠢᠨᠤ ᠨᠠᠷᠠ ᠪᠠᠨ ᠪᠠᠰᠠ ᠨᠢᠭᠡ ᠭᠠᠵᠠᠷ ᠢ ᠨᠢ ᠣᠯᠵᠤ ᠪᠢᠴᠢ ᠯᠠ ᠳ᠋ᠠ ︕》 ᠭᠡᠪᠡ᠃ ᠠᠯᠠᠰᠭᠢᠨ ᠪᠠᠶᠠᠷᠯᠠᠭᠰᠠᠨ ᠸᠠᠩᠴᠢᠨ ᠪᠦᠳᠦᠭᠦᠨ ᠢᠮᠠᠭᠠᠨ ᠤ ᠪᠦᠭᠦᠯᠢ ᠪᠠᠶ᠎ᠠ ᠶᠢ ᠨᠢ ᠬᠠᠷᠠᠵᠤ ᠥᠵᠡᠭ᠍ᠰᠡᠨ ᠶᠢᠡᠨ ᠭᠤᠳᠤᠯᠵᠠᠨ ᠭᠦᠳᠡᠯᠵᠤ ᠪᠠᠢ᠌ᠭᠰᠠᠨ ᠢᠮᠠᠭᠠᠨ ᠰᠡᠭᠦᠯ ᠢ ᠨᠢ ᠠᠳᠬᠤᠨ ᠠᠪᠴᠤ ᠦᠰᠦ ᠨᠤᠤᠰᠤ ᠦᠭᠡᠶ ᠳᠠᠯ᠎ᠠ ᠳᠡᠭᠡᠷ᠎ᠡ ᠨᠢ 《ᠸᠠᠩᠴᠢᠨ》 ᠭᠡᠳᠡᠭ᠌ ᠨᠠᠷᠠ ᠶᠢ ᠳᠠᠮᠠᠭ᠎ᠠ ᠳᠠᠷᠤᠭᠰᠠᠨ ᠴᠤ ᠭᠡᠮᠡᠷ ᠳᠠᠷᠪᠠᠢ᠌ᠳᠠᠯᠠ ᠪᠢᠴᠢᠪᠠ᠃
ᠳᠤᠪᠴᠢᠨ ᠸᠠᠩᠴᠢᠨ ᠢᠮᠠᠭᠠᠨ ᠤ ᠪᠠᠨ ᠡᠪᠡᠷ ᠰᠡᠭᠦᠯ ᠳᠡᠭᠡᠷ᠎ᠡ ᠨᠢ ᠭᠤᠷᠪᠠᠨ ᠨᠠᠷᠠ ᠪᠠᠨ ᠪᠢᠴᠢᠴᠢᠭᠡᠭᠡᠳ ᠭᠦᠴᠤ ᠪᠠᠨ ᠰᠢᠪᠬᠠᠵᠤ᠂ ᠳᠦᠷᠪᠠᠨ ᠭᠦᠯ ᠢ ᠨᠢ ᠣᠶᠠᠭᠰᠠᠨ ᠢᠮᠠᠭ᠎ᠠ ᠪᠠᠨ ᠦᠨᠳᠦᠷ ᠭᠡᠷᠡᠮ ᠤᠨ ᠳᠡᠭᠡᠭᠦᠷ ᠬᠠᠶᠠᠨ ᠣᠷᠤᠭᠤᠯᠤᠭᠠᠤᠨ ᠮᠤᠲ᠋ᠤᠷ ᠲᠠᠭᠠᠨ ᠮᠤᠷᠳᠠᠨ ᠬᠤᠯᠠᠳᠪᠠ᠃
ᠭᠡᠷᠡᠮ ᠳᠤ ᠰᠡᠭ᠍ᠴᠢᠭ᠍ᠳᠡᠵᠤ ᠢᠮᠠᠭᠠᠨ ᠤ ᠪᠠᠷᠠᠭᠤᠨ ᠡᠪᠠᠷ ᠨᠢ ᠬᠤᠭᠤ ᠣᠴᠢᠪᠠ᠃ ᠢᠮᠠᠭᠠᠨ ᠤ ᠣᠭᠢᠯᠠᠨ ᠮᠠᠢ᠌ᠯᠠᠬᠤ ᠳᠠᠭᠤᠨ ᠶᠢᠡᠷ ᠮᠢᠬᠠᠨ ᠳᠤ ᠳᠤᠷᠠᠯᠠᠭᠰᠠᠨ ᠵᠡᠷᠭᠡᠯᠡᠳᠡᠭᠡ ᠭᠡᠷ ᠤᠨ ᠨᠤᠬᠠᠢ ᠭᠢᠠᠵᠢ ᠪᠠᠨ ᠳᠠᠰᠤᠯᠵᠤ ᠦᠨᠳᠦᠷ ᠭᠡᠷᠡᠮ ᠤᠨ ᠴᠠᠭᠠᠨ᠎ᠠ ᠡᠴᠠ ᠦᠰᠦᠷᠠᠨ ᠣᠷᠤᠵᠤ ᠢᠷᠡᠭᠡᠳ ᠢᠮᠠᠭᠠᠨ ᠤ ᠣᠳᠤᠢ ᠰᠡᠭᠦᠯ ᠢ ᠨᠢ ᠳᠠᠰᠤ ᠬᠠᠵᠠᠵᠤ ᠠᠪᠣᠪᠠ᠃ ᠭᠡᠳᠤᠨ ᠡᠳᠦᠷ ᠤᠨ ᠳᠠᠷᠠᠭ᠎ᠠ᠂ ᠳᠤᠪᠴᠢᠨ ᠸᠠᠩᠴᠢᠨ ᠪᠠᠢ᠌ᠭᠤᠯᠭ᠎ᠠ ᠡᠴᠠ ᠪᠠᠨ ᠠᠵᠢᠯ ᠰᠢᠯᠵᠢᠵᠤ ᠪᠠᠰᠠ ᠯᠠ ᠡᠡᠭ᠌ ᠤᠨ ᠺᠠᠳ᠋ᠷ ᠶᠢᠡᠷ ᠶᠢᠡᠨ ᠠᠵᠢᠯᠯᠠᠪᠠ᠃ ᠬᠠᠷᠢᠨ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠪᠠᠨ ᠪᠠᠰᠠ ᠠᠷᠠᠢ ᠳᠡᠭᠦᠰᠭᠡᠵᠤ ᠴᠢᠳᠠᠭ᠎ᠠ ᠦᠭᠡᠶ ᠶᠠᠩᠵᠢᠮ᠎ᠠ ᠪᠠ᠊ ᠳᠤᠪᠴᠢᠶᠠᠨ ᠳᠠᠷᠤᠭ᠎ᠠ ᠶᠢᠨ ᠳᠤᠤᠷ᠎ᠠ ᠨᠠᠷᠢᠨ ᠪᠢᠴᠢᠭᠡᠴᠢ ᠪᠣᠯᠤᠭᠰᠠᠨ ᠪᠠᠢ᠌ᠨ᠎ᠠ᠃
ᠵᠤᠬᠢᠶᠠᠭᠴᠢ ᠶᠢᠨ ᠬᠠᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠵᠢᠯ ᠮᠡᠷᠭᠡᠵᠢᠯ ᠤᠨ ᠰᠤᠷᠭᠠᠭᠤᠯᠢ
ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 17023
ᠴᠠᠭ᠄ 2012 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ