ᠨᠡᠪᠲᠡᠷᠡᠨ ᠤᠷᠤᠬᠤ
ᠪᠣᠳᠤᠯ ᠤᠨ ᠴᠦᠮᠦᠳᠤᠯ

ᠨᠤᠳᠤᠭ ᠤᠨ ᠳᠤᠬᠠᠢ ᠪᠣᠳᠤᠯ


ᠨᠤᠳᠤᠭ ᠤᠨ ᠴᠢᠯᠠᠭᠤ ᠨᠤᠳᠤᠭ ᠲᠠᠭᠠᠨ ᠭᠦᠡᠳᠤ

ᠨᠤᠳᠤᠭ ᠰᠠᠨᠠᠭᠰᠠᠨ ᠰᠡᠳᠭᠢᠯ ᠤᠨ ᠣᠢ᠌ᠤᠠᠬᠠᠷ ᠭᠦᠡᠳᠤ

ᠠᠭᠤᠯᠠ ᠠᠯᠤᠰᠯᠠᠨ ᠪᠠᠷᠠᠯᠠᠬᠤ ᠨᠢᠳᠤᠨ ᠨᠢᠯᠪᠣᠰᠤ ᠭᠦᠡᠳᠤ

ᠣᠴᠠᠷᠠᠯ ᠤᠨ ᠪᠣᠯᠵᠤᠭ᠎ᠠ ᠡᠪᠦᠷᠯᠡᠭ᠍ᠰᠡᠨ ᠪᠣᠳᠤᠯ ᠤᠨ ᠰᠢᠵᠢᠮ ᠭᠦᠡᠳᠤ


ᠨᠠᠮᠤᠷ


ᠣᠷᠢᠳᠤ ᠠᠷᠤ ᠶᠢᠨ ᠬᠤᠰᠤ

ᠣᠯᠠᠭᠠᠨ ᠳᠡᠷᠯᠢᠭ᠌ ᠱᠤᠤᠵᠤ

ᠣᠰᠤᠨ ᠤ ᠣᠯᠠᠨ ᠰᠢᠪᠠᠭᠤ

ᠦᠷ ᠰᠦᠨᠢ ᠪᠠᠷ ᠨᠡᠭᠦᠨ᠎ᠡ


ᠣᠷᠳᠤ ᠶᠢᠨ ᠳᠠᠭᠤᠤ


ᠮᠠᠯᠴᠢᠨ ᠠᠷᠠᠤᠨ ᠤᠨ ᠰᠡᠳᠭᠢᠯ ᠡᠴᠡ

ᠮᠢᠷᠠᠯᠵᠠᠨ ᠣᠷᠤᠰᠤᠭᠰᠠᠨ ᠡᠭᠡᠰᠢᠭ᠌

ᠮᠥᠩᠭᠡ ᠳᠡᠭ᠍ᠷᠢ ᠶᠢᠨ ᠳᠠᠩᠰᠠᠨ ᠳ᠋ᠤ

ᠮᠥᠩᠭᠡᠳᠡ ᠳᠡᠯᠭᠡᠷᠡᠭᠦ ᠴᠤᠮᠤᠷᠯᠢᠭ

ᠮᠤᠷᠢᠨ ᠬᠤᠭᠤᠷ ᠤᠨ ᠠᠶᠠᠯᠭᠤᠨ ᠳ᠋ᠤ

ᠳᠠᠪᠠᠷᠠᠨ ᠨᠢᠰᠦᠭ᠍ᠰᠡᠨ ᠰᠢᠪᠠᠭᠤᠬᠠᠢ

ᠮᠤᠩᠭ᠋ᠤᠯ ᠭᠦᠮᠤᠨ ᠤ ᠵᠢᠷᠦᠭᠡᠨ ᠳᠤ ᠰᠢᠩᠭᠡᠭ᠍ᠰᠡᠨ

ᠬᠠᠨ ᠳᠡᠭ᠍ᠷᠢ ᠶᠢᠨ ᠣᠶᠠᠩᠭ᠋᠎ᠠ

ᠮᠢᠨᠤ ᠣᠷᠳᠤ ᠶᠢᠨ ᠳᠠᠭᠤᠤ

ᠮᠤᠩᠭ᠋ᠤᠯ ᠤᠨ ᠣᠷᠳᠤ ᠶᠢᠨ ᠳᠠᠭᠤᠤ


ᠦᠨᠢᠷ ᠴᠡᠴᠡᠭ᠌


ᠮᠤᠩᠭ᠋ᠤᠯ ᠰᠤᠶᠤᠯ ᠳᠠᠭᠠᠨ ᠬᠠᠢ᠌ᠷᠠᠳᠠᠢ ᠪᠦᠭᠦᠨ ᠤ

ᠳᠤᠭᠤᠵᠤ ᠣᠩᠰᠢᠳᠠᠭ 《ᠳᠤᠪᠴᠢᠶᠠᠨ》

ᠮᠤᠩᠭ᠋ᠤᠯ ᠠᠮᠢᠳᠤᠷᠠᠯ ᠤᠨ ᠦᠨᠦᠷ ᠬᠠᠩᠬᠤᠯᠤᠭᠰᠠᠨ

ᠳᠤᠭᠤᠷᠢᠵᠤ ᠰᠠᠭᠤᠳᠠᠭ ᠳᠤᠯᠭ᠎ᠠ


ᠴᠠᠭᠠᠨ ᠳᠤᠯᠤᠭᠠᠢ


ᠥᠡᠳᠡᠭᠡᠨ ᠳᠤᠯᠤᠭᠠᠨ ᠭᠠᠯᠠᠭᠤ ᠠᠳᠠᠯᠢ

ᠴᠤᠪᠣᠷᠠᠵᠤ ᠰᠠᠭᠤᠭᠰᠠᠨ ᠴᠠᠭᠠᠨ ᠳᠤᠯᠤᠭᠠᠢ

ᠥᠷᠯᠦᠭ᠌ ᠮᠤᠩᠭ᠋ᠤᠯ ᠭᠡᠯᠡᠨ ᠤ ᠮᠢᠨᠢ

ᠰᠦᠨᠠᠰᠤ ᠨᠢ ᠪᠣᠯᠤᠭᠰᠠᠨ ᠴᠠᠭᠠᠨ ᠳᠤᠯᠤᠭᠠᠢ


ᠭᠠᠷᠴᠠᠭ ᠦᠭᠡᠶ 1


ᠨᠠᠮᠤᠷ ᠬᠠᠪᠣᠷ ᠡᠭᠡᠯᠵᠢᠯᠡᠵᠤ ᠣᠷᠴᠢᠬᠤ ᠨᠢ

ᠶ‍ᠢᠷᠳᠢᠠᠴᠤ ᠶᠢᠨ ᠶᠤᠰᠤ

ᠨᠠᠰᠢ ᠴᠠᠰᠢ ᠣᠰᠤ ᠰᠤᠯᠢᠬᠤ ᠨᠢ

ᠰᠢᠪᠠᠭᠤᠳ ᠤᠨ ᠶᠤᠰᠤ

ᠨᠠᠳᠠ ᠲᠡᠶ ᠬᠠᠮᠳᠤ ᠭᠠᠯ ᠳᠤ ᠮᠥᠷᠭᠦᠭ᠍ᠰᠡᠨ ᠨᠢ

ᠠᠮᠢᠳᠤᠷᠠᠯ ᠤᠨ ᠶᠤᠰᠤ

ᠨᠠᠮ᠎ᠠ ᠶᠢ ᠬᠠᠶᠠᠵᠤ ᠵᠢᠷᠦᠭᠡ ᠶᠢ ᠵᠤᠷᠭᠤᠬᠤ ᠨᠢ

ᠴᠢᠨᠤ ᠶᠤᠰᠤ


ᠭᠠᠷᠴᠠᠭ ᠦᠭᠡᠶ 2


ᠠᠵᠢᠯ ᠠᠮᠢᠳᠤᠷᠠᠯ ᠠᠷᠤ ᠠᠷᠤ ᠡᠴᠡ ᠪᠠᠨ ᠴᠤᠪᠣᠷᠠᠵᠤ

ᠠᠷᠠᠤᠨ ᠣᠯᠠᠨ ᠣᠢ᠌ᠯᠠ ᠣᠢ᠌ᠯᠠ ᠳᠤ ᠪᠠᠨ ᠶᠠᠭᠠᠷᠠᠨ᠎ᠠ

ᠠᠷᠤ ᠡᠩᠭᠡᠷ ᠤᠨ ᠣᠢ ᠣᠯᠠᠷᠢᠯ ᠶᠢᠡᠨ ᠳᠠᠭᠠᠵᠤ ᠴᠡᠴᠡᠭᠯᠡᠨ᠎ᠡ

ᠦᠷᠦᠪᠴᠢ ᠵᠥᠭᠡᠯᠡᠨ ᠬᠤᠷᠸ᠎ᠠ ᠥᠷᠯᠦᠭᠡ ᠦᠳᠡᠰᠢ ᠪᠠᠷ ᠡᠷᠭᠢᠨ᠎ᠡ


ᠬᠠᠶ‍ᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2751
ᠴᠠᠭ᠄ 2009 ᠤᠨ ᠤ 02 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ