ᠨᠡᠪᠲᠡᠷᠡᠨ ᠤᠷᠤᠬᠤ
ᠬᠠᠢᠷᠬᠠᠨ
ᠬᠠᠢᠷ᠎ᠠ ᠶᠢᠨ ᠳᠠᠭᠢᠨᠢ ᠬᠠᠢᠷᠬᠠᠨ ᠳ᠋ᠦ ᠪᠡᠨ ᠵᠣᠷᠢᠭᠣᠯᠣᠬᠰᠠᠨ ᠨᠢ


ᠮᠥᠩᠬᠡ ᠬᠣᠷᠸ᠎ᠠ ᠶᠢᠨ ᠡᠷᠭᠢᠳᠡᠭ  ᠵᠢᠮ᠎ᠡ ᠪᠡᠷ
ᠮᠣᠩᠭᠣᠯ ᠤᠨ ᠭᠤᠸ᠎ᠠ ᠬᠠᠢᠷᠬᠠᠨ ᠭᠡᠵᠤ ᠵᠠᠶᠠᠭᠠᠭᠰᠠᠨ
ᠮᠣᠷᠢᠲᠠᠨ ᠤᠳᠤᠮ ᠳᠤ ᠪᠡᠨ ᠭᠢᠯᠪᠠᠭ᠎ᠠ ᠨᠢᠭᠡ ᠨᠡᠮᠡᠨ
ᠮᠣᠩᠭᠣᠯ ᠤᠨ ᠭᠣᠯᠣᠮᠲᠠ ᠳᠤ ᠪᠡᠨ ᠭᠠᠯ ᠨᠢᠭᠡ ᠳᠦᠷᠡᠯᠵᠡᠭᠦᠯᠦᠭᠰᠡᠨ᠃


ᠰᠢᠷᠡᠭᠡ ᠨᠡᠢᠯᠡᠭᠦᠯᠦᠨ ᠨᠠᠢᠵᠠᠯᠠᠵᠦ ᠰᠠᠭᠤᠭᠰᠠᠨ 
ᠲᠡᠷᠡᠬᠡᠨ ᠮᠥᠴᠡ ᠮᠢᠨᠢ ᠭᠣᠶᠣᠬᠠᠨ ᠪᠠᠢᠨᠠᠮ
ᠰᠢᠪᠰᠢᠭ᠌ ᠶᠢᠡᠨ ᠦᠵᠡᠭᠦᠯᠬᠦ ᠦᠭᠡᠢ ᠬᠢᠴᠢᠶᠡᠵᠦ ᠪᠠᠢᠭᠰᠠᠨ
ᠲᠡᠷᠡᠬᠡᠨ ᠴᠠᠭ ᠮᠢᠨᠢ ᠲᠣᠳᠣᠬᠠᠨ ᠪᠠᠢᠨᠠᠮ᠃


ᠪᠣᠷᠣᠭᠠᠨ ᠲᠠᠢ ᠦᠳᠡᠰᠢ ᠶᠢᠨ ᠲᠡᠷᠡ ᠬᠦ ᠦᠨᠦᠰᠦᠯᠲᠡ
ᠪᠣᠷᠣ ᠵᠢᠷᠦᠬᠡᠨ ᠤ ᠮᠥᠩᠬᠡ ᠶᠢᠨ ᠲᠠᠮᠠᠭ᠎ᠠ
ᠭᠣᠶᠠᠴᠢ ᠦᠭᠡᠢ ᠬᠠᠢᠷ᠎ᠠ ᠶᠢᠨ ᠴᠢᠮ᠎ᠠ ᠡᠴᠡ ᠣᠯᠣᠨ
ᠭᠤᠷᠪᠠᠨ ᠵᠢᠯ ᠢ ᠠᠷᠤ ᠳ᠋ᠦ ᠪᠡᠨ ᠣᠷᠭᠢᠯ᠎ᠠ᠃


ᠰᠠᠯᠬᠢᠨ  ᠤ ᠨᠠᠮᠢᠷᠠᠭ᠎ᠠ ᠪᠡᠷ ᠦᠯᠢᠶᠡᠭᠳᠡᠭᠰᠡᠨ ᠬᠡᠵᠢᠭᠡ ᠳ᠋ᠦ ᠴᠢᠨᠢ
ᠰᠠᠭᠠᠯᠢ ᠶᠢᠨ ᠦᠨᠦᠷ ᠰᠢᠩᠭᠡᠭᠰᠡᠨ ᠪᠠᠢᠨᠠᠮ
ᠰᠠᠢᠬᠠᠨ ᠬᠣᠩᠭᠣᠷ ᠴᠢᠨᠣ ᠳᠦᠷᠢ ᠴᠢᠨᠢ
ᠰᠡᠳᠬᠢᠯ ᠤᠨ ᠭᠦᠨ ᠳᠥ ᠬᠠᠳᠠᠩᠰᠢᠭᠰᠠᠨ ᠪᠠᠢᠨᠠᠮ᠃


ᠬᠠᠷᠠᠬᠤ ᠡᠴᠡ ᠪᠡᠨ ᠬᠠᠷᠠᠮᠯᠠᠳᠠᠭ ᠬᠠᠢᠷᠠᠲᠠᠢ ᠥᠬᠢᠨ
ᠬᠠᠢᠷ᠎ᠠ ᠶᠢᠨ ᠰᠡᠳᠬᠢᠯ ᠢ ᠪᠦᠬᠦᠨ ᠢ ᠡᠵᠡᠯᠡᠭᠰᠡᠨ
ᠬᠥᠭᠡᠷᠦᠬᠦᠨ ᠲᠡᠷᠡ ᠴᠠᠢᠯᠭᠠᠨ ᠬᠠᠷᠠᠴᠠ ᠡᠴᠡ ᠴᠢᠨᠢ
ᠬᠥᠮᠥᠨ ᠤ ᠣᠷᠴᠢᠯᠠᠩ ᠤᠨ ᠭᠠᠢᠬᠠᠮᠰᠢᠭ ᠢ ᠬᠠᠷᠠᠭᠰᠠᠨ᠃


ᠵᠤᠬᠢᠶᠠᠭᠴᠢ᠄ ᠦᠨᠡᠨᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 35195
ᠴᠠᠭ᠄ 2019 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ 1 ᠠᠯᠳᠠᠭ᠎ᠠ ᠲᠠᠢ