ᠨᠡᠪᠲᠡᠷᠡᠨ ᠤᠷᠤᠬᠤ
ᠪᠣᠷᠤᠭᠠᠨ ᠦᠭᠡᠶ ᠵᠤᠨ

ᠪᠣᠷᠤᠭᠠᠨ ᠬᠤᠮᠰᠠᠳᠠᠠᠠᠰᠠᠨ ᠭᠠᠩ ᠵᠤᠨ

ᠠᠢ᠌ᠯ ᠤᠳ ᠰᠠᠭᠠᠯᠢ ᠪᠠᠷ ᠬᠠᠭᠰᠠᠨ᠎ᠠ

ᠪᠣᠳᠤᠯ ᠬᠤᠯᠠᠬᠠᠨ ᠳᠤ ᠦᠷᠭᠦᠭᠡᠭ᠍ᠰᠡᠭᠡᠷ

ᠠᠳᠤᠭᠤᠳ ᠳᠤᠭᠤᠰᠤ ᠪᠠᠷ ᠬᠠᠭᠢᠷᠤᠨ᠎ᠠ


ᠰᠢᠪᠣᠠᠠᠳᠤ ᠳᠤᠯᠤᠭᠠᠢ ᠶᠢᠨ ᠭᠦᠭᠡ ᠳᠤᠪᠣ

ᠰᠠᠨᠠᠭ᠎ᠠ ᠠᠯᠳᠠᠬᠤ ᠰᠢᠭ ᠬᠠᠯᠴᠠᠭᠠᠢ᠌ᠷᠠᠨ᠎ᠠ

ᠭᠦᠳᠡᠭᠡ ᠶᠢᠨ ᠪᠣᠷᠤ ᠪᠣᠯᠵᠤᠮᠤᠷ ᠤᠳ

ᠭᠦᠰᠡᠯ ᠤᠨ ᠭᠦᠷᠦᠭᠦᠢ ᠵᠢᠷᠭᠢᠯᠳᠤᠨ᠎ᠠ


ᠪᠠᠷᠠᠭᠤᠨ ᠭᠤᠤᠯ ᠤᠨ ᠣᠰᠤ ᠰᠢᠷᠭᠢᠵᠤ

ᠪᠠᠢ᠌ᠰᠢᠩ ᠤᠨ ᠣᠷᠤᠢ ᠠᠩᠳᠠᠵᠤ ᠴᠠᠪᠠᠳᠠᠨ᠎ᠠ

ᠮᠠᠩᠬᠠᠨ ᠭᠦᠮᠦᠰᠭᠡ ᠡᠴᠠ ᠭᠠᠯ ᠣᠴᠢᠯᠠᠵᠤ

ᠮᠠᠩᠨᠤᠭ ᠳᠠᠯ᠎ᠠ ᠶᠢᠨ ᠡᠪᠠᠰᠤ ᠬᠤᠪᠬᠠᠢ᠌ᠷᠠᠨ᠎ᠠ


ᠪᠣᠭᠤᠷᠤᠯ ᠡᠪᠦᠭᠡ ᠪᠣᠳᠢ ᠰᠡᠳᠭᠢᠯᠳᠤ ᠶᠡᠭᠡᠴᠦᠦᠯ

ᠰᠦᠮ᠎ᠡ ᠳᠤ ᠮᠦᠷᠭᠦᠨ ᠰᠥᠰᠦᠭᠯᠡᠨ ᠵᠠᠯᠪᠢᠷᠠᠨ᠎ᠠ

ᠪᠣᠷᠬᠠᠨ ᠳᠡᠭ᠍ᠷᠢ ᠬᠤᠷᠮᠤᠰᠳᠠ ᠶᠢ ᠰᠢᠳᠤᠨ

ᠰᠠᠩ ᠭᠦᠵᠢᠯᠡᠨ ᠯᠤᠤᠰ ᠲᠡᠶ ᠪᠣᠷᠤᠭᠠᠨ ᠵᠥᠪᠳᠡᠨ᠎ᠡ


ᠲ᠋ᠡᠰᠭᠦ ᠠᠯᠳᠠᠷᠭᠠᠮ᠎ᠠ ᠰᠢᠳᠠᠭᠠᠮ᠎ᠠ ᠵᠤᠨ ᠳ᠋ᠤ

ᠳᠤᠭᠤᠰᠤᠨ ᠳᠤ ᠬᠠᠬᠠᠠᠠᠰᠠᠨ ᠶᠠᠳᠠᠷ ᠰᠦᠷᠦᠭ᠌

ᠭᠦᠳᠡᠭᠡ ᠭᠡᠭᠡᠷ᠎ᠡ ᠥᠭᠦᠭᠦᠷᠡᠨ ᠭᠡᠪᠳᠡᠭᠦ ᠳ᠋ᠤ

ᠭᠦᠭᠡᠷᠦᠭᠦᠢ ᠡᠵᠢ ᠮᠢᠨᠢ ᠣᠷᠳᠤ ᠰᠡᠭᠦᠷᠡᠰᠦᠯᠡᠨ᠎ᠡ


ᠮᠡᠩᠨᠡᠢ ᠠᠳᠤᠷᠢᠶᠠᠳᠤᠠᠠᠰᠠᠨ ᠪᠣᠭᠤᠷᠤᠯ ᠠᠪᠣ

ᠮᠠᠯ ᠪᠠᠯᠴᠡᠭᠡᠷ ᠭᠡᠳ ᠡᠳᠦᠷᠵᠢᠨ ᠵᠤᠪᠠᠨᠢᠨ᠎ᠠ

ᠪᠠᠰᠠ ᠯᠠ ᠨᠢᠭᠡᠨ ᠭᠠᠮᠰᠢᠭ ᠵᠢᠯ ᠭᠡᠳ

ᠪᠠᠷ᠎ᠠ ᠬᠤᠯᠠ ᠶᠢᠨ ᠡᠭᠦᠯᠡ ᠰᠠᠷᠠᠪᠴᠢᠯᠠᠨ᠎ᠠ

ᠭᠠᠩ ᠲᠡᠶ ᠵᠢᠯ ᠤᠨ ᠨᠠᠷᠠ ᠦᠨᠳᠦᠷ

ᠭᠠᠩᠳᠠᠮᠠᠯ ᠳᠡᠭ᠍ᠷᠢ ᠶᠢᠨ ᠭᠦᠷᠦᠰᠤ ᠬᠠᠳᠠᠭᠤ

ᠭᠠᠮᠰᠢᠭ ᠤᠨ ᠠᠶᠤᠯ ᠭᠠᠵᠠᠷ ᠨᠢᠯᠪᠣᠰᠤᠳᠠᠭᠤᠯᠵᠤ

ᠭᠠᠯᠠᠪ ᠳᠡᠯᠡᠭᠡᠢ ᠪᠠᠰᠠ ᠯᠠ ᠭᠠᠩᠳᠠᠭᠰᠠᠭᠠᠷ ᠁


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ᠂ ᠣᠷᠳᠤᠰ ᠬᠤᠳᠠ ᠶᠢᠨ ᠣᠳᠤᠭ ᠤᠨ ᠡᠮᠦᠨᠡᠳᠤ ᠬᠤᠰᠢᠭᠤ

ᠵᠤᠬᠢᠶᠠᠭᠴᠢ᠄ ᠭᠧ ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 08 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ