ᠨᠡᠪᠲᠡᠷᠡᠨ ᠤᠷᠤᠬᠤ
ᠪᠣᠴᠠᠯᠳᠠ ᠡᠷᠭᠢᠯᠳᠡ ᠶᠢᠨ ᠳᠣᠢ᠌ᠮᠤ ᠵᠢᠷᠤᠭ

ᠰᠢᠷᠭᠠᠯ ᠨᠠᠪᠴᠢᠰ ᠨᠠᠷᠠᠨ ᠤ ᠭᠡᠷᠡᠯ ᠢ ᠳᠠᠯᠠᠯᠤᠬᠤ ᠳ᠋ᠤ

ᠡᠭᠡ ᠭᠠᠵᠠᠷ ᠨᠦᠮᠦᠷᠢ ᠳ᠋ᠤᠨᠢ ᠬᠤᠷᠭᠤᠳᠠᠨ ᠳᠤᠯᠠᠭᠠᠴᠠᠨ᠎ᠠ

ᠭᠠᠯᠠᠭᠤ ᠰᠢᠪᠠᠭᠤ ᠭᠠᠩᠭ᠋ᠠᠩ ᠨᠠᠭᠤᠷ ᠡᠴᠠ ᠪᠠᠨ ᠠᠶᠠᠷᠯᠠᠬᠤ ᠳ᠋ᠤ

ᠭᠠᠵᠠᠷ ᠰᠢᠷᠤᠢ ᠭᠠᠭᠴᠠᠬᠠᠨ ᠦᠰᠦᠭ᠌ ᠶᠢᠡᠷ ᠴᠠᠷᠴᠠᠨ᠎ᠠ

ᠭᠦᠰᠡᠯ ᠤᠨ ᠢᠷ ᠭᠦᠭᠡᠮᠳᠦᠭ᠌ ᠣᠭᠳᠠᠷᠭᠤᠢ ᠪᠠᠷ ᠣᠶᠠᠩᠭ᠋ᠠᠷᠠᠬᠤ ᠳ᠋ᠤ

ᠭᠦᠷᠭᠦ ᠮᠠᠷᠭᠠᠰᠢ ᠬᠤᠨ ᠤ ᠨᠤᠯᠤᠤᠷ ᠶᠢᠡᠨ ᠬᠤᠴᠢᠨ᠎ᠠ

ᠭᠦᠯ ᠤᠨ ᠮᠦᠷ ᠭᠦᠷᠦᠰᠤᠨ ᠳᠤ ᠳᠠᠮᠠᠭᠠᠯᠠᠨ ᠬᠤᠴᠤᠷᠬᠤ ᠳ᠋ᠤ

ᠭᠦᠭᠦᠭᠡ ᠰᠠᠷ᠎ᠠ ᠭᠦᠳᠦᠯ ᠢ ᠳᠠᠪᠠᠨ ᠣᠳᠤᠨ᠎ᠠ

ᠬᠡᠦᠬᠡᠳ ᠪᠠᠭᠠᠴᠤᠳ ᠬᠣᠢ᠌ᠨ᠎ᠠ ᠡᠴᠠ ᠨᠢ ᠭᠦᠭᠡᠭᠡᠨ ᠨᠠᠭᠠᠳᠤᠬᠤ ᠳ᠋ᠤ

ᠭᠦᠭ᠍ᠰᠢᠳ ᠡᠪᠦᠭᠡᠳ ᠬᠤᠠᠳᠠᠭᠠᠨ ᠳᠠᠭᠠᠨ ᠭᠢᠭᠡᠳ ᠰᠢᠮᠠᠨ᠎ᠡ

ᠠᠷᠠᠯ ᠤᠨ ᠱᠠᠷ ᠠᠠᠵᠢᠰᠤᠨ ᠳᠠᠭᠠᠨ ᠬᠠᠪᠣᠷ ᠢ ᠳᠠᠷᠢᠬᠤ ᠳ᠋ᠤ

ᠠᠯᠳᠠᠨ ᠬᠠᠷᠢᠶᠠᠴᠠᠢ ᠠᠢ᠌ᠯ ᠤᠨ ᠳᠠᠨᠢᠯ ᠳᠠᠭᠠᠨ ᠵᠤᠯᠭᠠᠨ᠎ᠠ᠁᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2012 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ