ᠨᠡᠪᠲᠡᠷᠡᠨ ᠤᠷᠤᠬᠤ
ᠡᠬᠡ ᠰᠤᠷᠭᠠᠭᠤᠯᠢ
ᠥᠪᠥᠷ ᠮᠣᠩᠭᠣᠯ ᠤᠨ ᠦᠡᠳᠦᠰᠦᠲᠡᠨ ᠤ ᠶᠡᠬᠡ ᠰᠤᠷᠭᠠᠭᠤᠯᠢ


ᠠᠶᠠᠨ ᠤ ᠳᠦᠷᠦᠭᠡ ᠶᠢ ᠴᠢᠩᠭᠠᠯᠠᠵᠦ
ᠠᠽᠢᠶ᠎ᠠ ᠶᠢᠨ ᠴᠡᠭᠡᠵᠢᠨ ᠳ᠋ᠦ ᠰᠠᠭᠤᠷᠢᠰᠢᠭᠰᠠᠨ
ᠠᠮᠠᠭᠠᠢ ᠵᠢᠯᠣᠭᠣ ᠭᠠᠷᠳᠠᠭᠣᠯᠵᠦ
ᠠᠯᠦᠰ ᠤᠨ ᠬᠦᠰᠡᠯᠡᠩ ᠢ ᠡᠬᠢᠯᠡᠭᠦᠯᠦᠭᠰᠡᠨ᠃


ᠠᠪᠢᠶᠠᠰ ᠴᠢᠳᠠᠪᠤᠷᠢ ᠬᠣᠣᠰᠯᠠᠭᠤᠯᠬᠤ ᠭᠡᠵᠦ
ᠠᠤᠭ᠎ᠠ ᠬᠦᠴᠦᠨ ᠢᠶᠡᠨ ᠰᠢᠪᠬᠠᠭᠰᠠᠨ
ᠡᠨᠡᠷᠢᠯᠲᠦ ᠡᠵᠢ ᠠᠳᠠᠯᠢ ᠪᠦᠪᠡᠢᠯᠡᠬᠦ ᠭᠡᠵᠦ
ᠣᠶᠣᠨ ᠤ ᠤᠭᠤᠷᠠᠭ ᠢᠶᠡᠷ ᠲᠡᠵᠢᠭᠡᠭᠰᠡᠨ ᠃


ᠬᠥᠪᠴᠢ ᠳᠡᠯᠡᠬᠡᠢ ᠶᠢ ᠴᠠᠭᠠᠨ ᠢᠶᠡᠷ ᠬᠣᠴᠢᠠᠠᠰᠠᠨ
ᠬᠥᠬᠡ ᠲᠡᠭᠷᠢ ᠶᠢᠨ ᠡᠯᠴᠢ ᠪᠢᠯᠡ
ᠬᠦᠦ ᠶᠢᠨ ᠬᠦᠰᠡᠯ ᠢ ᠰᠡᠳᠬᠢᠯ ᠳ᠋ᠦ ᠨᠢ ᠡᠪᠦᠷᠯᠡᠭᠦᠯᠦᠭᠰᠡᠨ
ᠦᠡᠳᠦᠰᠦᠲᠡᠨ ᠤ ᠶᠡᠬᠡ ᠰᠤᠷᠭᠠᠭᠤᠯᠢ᠃


ᠲᠠᠯ᠎ᠠ ᠶᠢᠨ ᠳᠤᠮᠳᠠᠬᠢ ᠭᠡᠷᠡᠯᠲᠦ ᠰᠤᠪᠤᠳ
ᠲᠠᠩᠰᠤᠭ ᠪᠠᠢᠭᠠᠯᠢ ᠢᠶᠡᠨ ᠴᠢᠨᠳᠠᠮᠤᠨᠢ ᠡᠷᠳᠡᠨᠢ
ᠥᠪᠥᠷ ᠮᠣᠩᠭᠣᠯ ᠤᠨ ᠦᠵᠡᠰᠬᠦᠯᠡᠩ
ᠦᠨᠳᠦᠰᠦᠲᠡᠨ ᠤ ᠶᠡᠬᠡ ᠰᠤᠷᠭᠠᠭᠤᠯᠢ ᠮᠢᠨᠢ᠃

ᠵᠤᠬᠢᠶᠠᠭᠴᠢ᠄ ᠦᠨᠡᠨᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 36115
ᠴᠠᠭ᠄ 2019 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ 1 ᠠᠯᠳᠠᠭ᠎ᠠ ᠲᠠᠢ