☆ ᠵᠢᠩᠬᠤᠸᠠᠷ
ᠴᠢᠩᠭᠢᠰ ᠬᠠᠭᠠᠨ ᠤ ᠠᠯᠳᠠᠨ ᠭᠠᠳᠠᠰᠤ
ᠠᠯᠳᠠᠨ ᠣᠪᠣᠭᠳᠠᠨ ᠤ ᠣᠭᠰᠠᠭ᠎ᠠ ᠳᠠᠢ
ᠠᠯᠳᠠᠨ ᠭᠠᠳᠠᠰᠤ ᠣᠳᠤᠨ ᠤ ᠰᠢᠳᠦᠭᠡᠨ ᠳᠠᠢ
ᠠᠯᠳᠠᠨ ᠵᠠᠷᠯᠢᠭ ᠤᠨ ᠵᠢᠷᠤᠮᠯᠠᠯ ᠳᠠᠢ
ᠠᠯᠳᠠᠨ ᠭᠠᠳᠠᠰᠤ ᠶᠢᠨ ᠠᠯᠪᠠ ᠳᠠᠢ
ᠪᠦᠷᠳᠡ ᠴᠢᠨ᠋ᠸ᠎ᠠ ᠶᠢᠨ ᠪᠣᠷᠮ᠎ᠠ ᠴᠤᠭ ᠢ ᠬᠠᠮᠠᠭᠠᠯᠠᠭᠰᠠᠨ
ᠪᠣᠭᠳᠠ ᠴᠢᠩᠭᠢᠰ ᠤᠨ ᠭᠡᠢ ᠮᠤᠷᠢ ᠶᠢ ᠮᠠᠠᠳᠤᠭᠤᠯᠤᠭᠰᠠᠨ
ᠪᠦᠭᠦᠳᠡ ᠮᠤᠩᠭ᠋ᠤᠯ ᠤᠨ ᠮᠥᠩᠭᠡ ᠭᠠᠯ ᠢ ᠵᠠᠯᠭᠠᠭᠰᠠᠨ
ᠪᠣᠷᠬᠠᠨ ᠰᠡᠳᠭᠢᠯ ᠲᠡᠶ ᠮᠤᠩᠭ᠋ᠤᠯ ᠤᠨ ᠣᠭ ᠢ ᠪᠠᠳᠠᠷᠠᠭᠤᠯᠤᠭᠰᠠᠨ
ᠡᠵᠡᠨ ᠴᠢᠩᠭᠢᠰ ᠤᠨ ᠥᠡᠳᠡᠭᠡᠨ ᠴᠠᠭᠠᠨ ᠢ
ᠡᠭᠦᠷᠢᠳᠡ ᠪᠠᠷᠢᠨ ᠵᠤᠭᠰᠤᠳᠠᠭ ᠠᠯᠳᠠᠨ ᠭᠠᠳᠠᠰᠤᠴᠢᠨ
ᠡᠵᠡᠨ ᠰᠠᠩ ᠤᠨ ᠭᠦᠨ ᠣᠬᠠᠭᠠᠨ ᠢ
ᠡᠷᠭᠢᠮᠯᠡᠨ ᠶᠠᠪᠣᠳᠠᠭ ᠠᠯᠳᠠᠨ ᠭᠠᠳᠠᠰᠤᠴᠢᠨ
ᠣᠳᠤ ᠮᠠᠴᠢᠳ ᠤᠨ ᠳᠤᠳᠤᠷ᠎ᠠ ᠠᠯᠳᠠᠨ ᠭᠠᠳᠠᠰᠤ ᠣᠳᠤ ᠭᠠᠢ᠌ᠬᠠᠯᠳᠠᠢ
ᠣᠪᠣᠭ ᠣᠭᠰᠠᠭᠠᠳᠠᠨ ᠤ ᠳᠤᠳᠤᠷ᠎ᠠ ᠠᠯᠳᠠᠨ ᠭᠠᠳᠠᠰᠤ ᠣᠪᠣᠭᠳᠠᠨ ᠭᠠᠢ᠌ᠬᠠᠮᠰᠢᠭᠳᠠᠢ
ᠣᠯᠠᠨ ᠮᠤᠷᠢ ᠶᠢᠨ ᠳᠤᠳᠤᠷ᠎ᠠ ᠬᠤᠪᠢᠯᠭᠠᠨ ᠥᠡᠳᠡᠭᠡᠨ ᠴᠠᠭᠠᠨ ᠰᠢᠳᠦᠭᠡᠨᠳᠡᠢ
ᠣᠷᠳᠤᠨ ᠳᠠᠭᠢᠯᠭ᠎ᠠ ᠶᠢᠨ ᠳᠤᠳᠤᠷ᠎ᠠ ᠴᠢᠩᠭᠢᠰ ᠡᠵᠡᠨ ᠤ ᠣᠷᠳᠤᠨ ᠠᠯᠳᠠᠷᠳᠠᠢ
ᠠᠪᠣᠷᠠᠭᠴᠢ ᠴᠢᠩᠭᠢᠰ ᠤᠨ ᠵᠠᠭᠢᠭᠰᠠᠨ
ᠠᠯᠳᠠᠨ ᠵᠠᠷᠯᠢᠭ ᠢ ᠵᠢᠷᠤᠮᠯᠠᠨ
ᠠᠯᠳᠠᠨ ᠭᠠᠳᠠᠰᠤ ᠣᠪᠣᠭᠳᠠᠨ ᠪᠦᠭᠦᠨ
ᠠᠮᠢ ᠴᠦᠯᠠᠨ ᠵᠢᠳᠭᠦᠨᠡᠮ
ᠦᠨᠳᠦᠰᠦᠳᠠᠨ ᠣᠭᠰᠠᠭᠠᠳᠠᠨ ᠳᠤ ᠪᠠᠨ ᠵᠢᠳᠭᠦᠯ ᠲᠡᠶ ᠠᠯᠳᠠᠨ ᠭᠠᠳᠠᠰᠤ ᠵᠢ
ᠦᠶ᠎ᠡ ᠣᠯᠠᠷᠢᠬᠤ ᠶᠤᠰᠤᠳᠠᠢ ᠬᠤᠪᠢᠯᠭᠠᠨ ᠥᠡᠳᠡᠭᠡᠨ ᠴᠠᠭᠠᠨ ᠢ
ᠥᠪᠠᠳᠡᠭ᠍ᠰᠢ ᠶᠡᠭᠡ ᠡᠵᠡᠨ ᠬᠠᠭᠠᠨ ᠤ ᠳᠠᠭᠢᠯᠭ᠎ᠠ ᠵᠢ
ᠦᠨᠢ ᠮᠥᠩᠭᠡ ᠣᠷᠤᠰᠢᠬᠤ ᠦᠪ ᠰᠤᠶᠤᠯ ᠪᠣᠯᠭᠠᠨᠠᠮ
ᠵᠤᠬᠢᠶᠠᠭᠴᠢ ᠶᠢᠨ ᠬᠠᠶᠢᠭ ᠄ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ
ᠵᠤᠬᠢᠶᠠᠭᠴᠢ᠄ ᠵᠢᠩᠬᠤᠸᠠᠷ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 11039
ᠴᠠᠭ᠄ 2013 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ