ᠨᠡᠪᠲᠡᠷᠡᠨ ᠤᠷᠤᠬᠤ
ᠥᠡᠳᠦᠷᠯᠢᠭ᠌ ᠤᠨ ᠡᠷᠢᠯ

ᠴᠡᠭ᠍ᠴᠡᠦᠭᠡᠢ ᠠᠯᠠᠭ ᠰᠢᠪᠠᠭᠤᠨ ᠤ

ᠴᠡᠷᠪᠠᠭᠦ ᠳᠠᠯᠠᠪᠴᠢ ᠨᠢ ᠦᠨᠳᠦᠷ

ᠴᠡᠭᠡᠨ ᠭᠦᠭᠡ ᠳᠡᠭ᠍ᠷᠢ ᠵᠢᠨ

ᠨᠠᠷᠠᠨ ᠰᠠᠷᠠᠨ ᠤ ᠭᠡᠷᠡᠯ ᠦᠨᠳᠦᠷ

ᠴᠡᠩᠭᠡᠷ ᠬᠠᠳᠤᠨ ᠭᠤᠤᠯ ᠤᠨ

ᠴᠢᠩᠭᠢᠨᠠᠬᠤ ᠳᠠᠪᠠᠯᠭᠠᠨ ᠦᠨᠳᠦᠷ


ᠰᠡᠳᠭᠢᠯ ᠤᠨ ᠮᠦᠴᠢᠷ ᠤᠨ ᠥᠶᠡᠯᠵᠡᠭᠡᠨ ᠳ᠋ᠤ

ᠰᠠᠷᠠᠵᠤ ᠣᠬᠠᠭᠠᠷᠠᠬᠤ ᠡᠭᠡ ᠡᠴᠢᠭᠡ ᠦᠨᠳᠦᠷ

ᠰᠡᠷᠭᠦᠯᠡᠩ ᠣᠭᠭᠠᠨ ᠤ ᠳᠤᠭᠳᠤᠯᠤᠯ ᠳᠤ ᠰᠢᠭᠦᠭᠦ

ᠰᠡᠳᠭᠢᠭᠡᠳ ᠪᠠᠢ᠌ᠬᠤ ᠳᠤ ᠳᠠᠮᠠᠴᠠᠯᠳᠤ ᠳᠡᠦᠭᠡ ᠦᠨᠳᠦᠷ

ᠰᠡᠭᠡᠭᠡᠷᠡᠯ ᠤᠨ ᠠᠯᠳᠠᠨ ᠬᠠᠷᠭᠤᠢ ᠳᠤ ᠭᠡᠷᠡᠯᠳᠦᠭᠦ

ᠰᠡᠳᠭᠢᠯ ᠳᠤ ᠪᠠᠨ ᠳᠤᠯᠢ ᠲᠡᠶ ᠠᠷᠠᠤᠨ ᠲᠦᠮᠡᠨ ᠦᠨᠳᠦᠷ


ᠵᠡᠭᠦᠳᠤᠨ ᠳᠤ ᠮᠥᠩᠭᠡ ᠭᠤᠯᠤᠮᠳᠠ ᠶᠢᠨ ᠭᠠᠯ ᠮᠢᠨᠢ ᠦᠨᠳᠦᠷ

ᠵᠢᠷᠦᠭᠡᠨ ᠳᠤ ᠦᠨᠢᠳᠠ ᠬᠠᠢ᠌ᠷ᠎ᠠ ᠶᠢᠨ ᠭᠡᠷᠡᠯ ᠮᠢᠨᠢ ᠦᠨᠳᠦᠷ

ᠵᠠᠶᠠᠭᠠᠨ ᠳᠤ ᠢᠮᠠᠭᠳᠠ ᠰᠤᠶᠤᠯ ᠤᠨ ᠳᠤᠯᠭ᠎ᠠ ᠮᠢᠨᠢ ᠦᠨᠳᠦᠷ

ᠵᠢᠷᠭᠠᠯ ᠳᠤ ᠭᠡᠵᠢᠶᠡᠳᠡ ᠣᠶᠤᠨ ᠤ ᠳᠠᠮᠢᠷ ᠮᠢᠨᠢ ᠦᠨᠳᠦᠷ ᠁



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12240
ᠴᠠᠭ᠄ 2013 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ