ᠨᠡᠪᠲᠡᠷᠡᠨ ᠤᠷᠤᠬᠤ
ᠰᠠᠷᠠᠨ ᠤ ᠳᠤᠤᠷ᠎ᠠ ᠠᠯᠬᠤᠯᠠᠬᠤ ᠳ᠋ᠤ

ᠰᠠᠷᠠᠨ ᠳᠡᠭᠡᠷ᠎ᠡ ᠵᠥᠭᠡᠯᠡᠨ ᠵᠢᠪᠠᠷ ᠲᠡᠶ ᠭᠡᠵᠤ ᠪᠢ ᠰᠠᠳᠭᠢᠨ᠎ᠠ

ᠰᠠᠬᠤᠯᠢᠭ ᠨᠤᠭᠤᠭᠠᠨ ᠪᠠᠯᠴᠢᠭᠡᠷ ᠨᠠᠢ᠌ᠳᠠᠮ ᠦᠶᠡᠯᠵᠠᠨ᠎ᠠ ᠭᠡᠵᠤ ᠪᠢ ᠰᠠᠳᠭᠢᠨ᠎ᠠ

ᠰᠠᠢ᠌ᠬᠠᠨ ᠳᠠᠭᠢᠨᠢ ᠴᠠᠩ ᠡᠧ ᠨᠢ ᠮᠤᠩᠭ᠋ᠤᠯ ᠳᠠᠪᠠᠯ ᠲᠡᠶ ᠭᠡᠵᠤ ᠪᠢ ᠰᠠᠳᠭᠢᠨ᠎ᠠ

ᠰᠡᠷᠢᠭᠦᠨ ᠳᠤᠩᠭ᠋ᠠᠯᠠᠭ ᠦᠷᠦᠭᠡ ᠨᠢ ᠢᠰᠡᠭᠡᠢ ᠪᠦᠷᠢᠶᠡᠰᠤ ᠲᠡᠶ ᠭᠡᠵᠤ ᠪᠢ ᠰᠠᠳᠭᠢᠨ᠎ᠠ

ᠰᠡᠷᠭᠦᠯᠡᠩ ᠴᠠᠭᠠᠨ ᠳᠠᠤᠯᠠᠢ ᠶᠢ ᠨᠢ ᠰᠦᠨᠢᠳ ᠬᠤᠷᠠᠭ᠎ᠠ ᠭᠡᠵᠤ ᠪᠢ ᠰᠠᠳᠭᠢᠨ᠎ᠠ

ᠽᠠᠠᠳᠠᠨ ᠮᠤᠳᠤᠨ ᠤ ᠭᠢᠨᠢ ᠰᠡᠭᠦᠳᠡᠷ ᠲᠤ ᠬᠤᠶᠠᠷ ᠵᠢᠭᠠᠯ ᠮᠢᠨᠢ ᠪᠠᠢ᠌ᠨ᠎ᠠ ᠭᠡᠵᠤ ᠪᠢ ᠰᠠᠳᠭᠢᠨ᠎ᠠ

ᠰᠠᠢ᠌ᠬᠠᠨ ᠳᠡᠷᠢᠭᠦᠨ ᠶᠢᠡᠨ ᠭᠠᠩᠬᠠᠭᠤᠯᠵᠤ ᠭᠦᠭᠡᠷᠦᠭᠦᠨ ᠰᠡᠭᠦᠯ ᠶᠢᠡᠨ ᠰᠠᠵᠢᠯᠠᠨ᠎ᠠ ᠭᠡᠵᠤ ᠪᠢ ᠰᠠᠳᠭᠢᠨ᠎ᠠ ᠁


ᠰᠠᠨᠠᠭ᠎ᠠ ᠯᠠ ᠭᠦᠷᠳᠡᠭ᠌ ᠳᠠᠷᠠ ᠠᠯᠤᠰ ᠢ ᠰᠢᠷᠳᠠᠵᠤ

ᠰᠠᠩᠭᠢᠨᠠᠵᠤ ᠢᠷᠡᠭᠦ ᠵᠥᠭᠡᠯᠡᠨ ᠵᠢᠪᠠᠷ ᠢ ᠨᠢ ᠪᠢ ᠬᠠᠢ᠌ᠷᠠᠯᠠᠨ᠎ᠠ

ᠰᠠᠪᠠ ᠶ‍ᠢᠷᠳᠢᠠᠴᠤ ᠶᠢ ᠮᠤᠩᠭ᠋ᠤᠯ ᠣᠬᠠᠭᠠᠨ ᠶᠢᠡᠷ ᠴᠠᠢ᠌ᠯᠭᠠᠨ ᠰᠠᠳᠭᠢᠵᠤ

ᠰᠠᠷᠠᠨ ᠤ ᠭᠡᠢ᠌ᠪᠦᠷ ᠳᠤᠶᠠᠭᠠᠨ ᠳᠤ ᠪᠢ ᠰᠡᠯᠡᠭᠦᠭᠡᠨ ᠠᠯᠬᠤᠯᠠᠨ᠎ᠠ


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 06 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ