☆ ᠵᠢᠯᠠᠮ·ᠮᠠᠠᠳᠤᠪᠠᠶᠠᠷ
ᠪᠢ ᠊᠊᠊᠊᠊᠊᠊᠊᠊᠊᠊᠊᠊᠊᠊ ᠣᠩᠭ᠋ᠤᠳ ᠶᠢᠡᠷ ᠴᠡᠨᠡᠭᠯᠡᠭ᠍ᠰᠡᠨ ᠫᠦᠯᠸᠮᠶᠦᠲ᠋ ᠰᠢᠭ᠌
ᠪᠢ ᠊᠊᠊᠊᠊᠊᠊᠊᠊᠊᠊᠊᠊᠊᠊ ᠣᠷ᠎ᠠ ᠶᠢᠨ ᠰᠠᠢ᠌ᠨ ᠶᠢᠡᠷ ᠨᠠᠭᠠᠭᠳᠠᠭᠰᠠᠨ
ᠡᠪᠠᠷ ᠡᠰᠢᠳᠡᠢ ᠨᠤᠮᠤ ᠰᠢᠭ
ᠠᠭᠤᠯᠠ ᠳᠠᠯ᠎ᠠ ᠶᠢᠨ ᠵᠠᠢ ᠪᠠᠷ
ᠵᠡᠭᠦᠤ ᠶᠢ ᠰᠦᠪᠡᠯᠠᠵᠤ ᠭᠠᠷᠬᠤ
ᠣᠷᠳᠤ ᠡᠴᠡ ᠢᠷᠡᠭ᠍ᠰᠡᠨ ᠳᠠᠢ᠌ᠰᠤᠨ ᠤ
ᠵᠢᠷᠦᠭᠡ ᠶᠢ ᠰᠢᠪᠳᠤ ᠬᠠᠷᠪᠣᠬᠤ
ᠠᠠᠳᠠᠭᠠᠢ ᠳᠠᠩᠭ᠋ᠠᠷᠢᠭ ᠶᠢᠡᠨ ᠮᠠᠷᠳᠠᠭᠰᠠᠨ
ᠡᠷ᠎ᠡ ᠶᠢᠨ ᠮᠠᠭᠤ ᠡᠷ᠎ᠡ ᠵᠢ
ᠠᠪᠣ ᠳᠡᠭᠡᠳᠦᠰ ᠶᠢᠡᠨ ᠮᠠᠷᠳᠠᠭᠰᠠᠨ
ᠭᠦᠤ ᠶᠢᠨ ᠮᠠᠭᠤ ᠭᠦᠤ ᠵᠢ
ᠠᠯᠠᠬᠤ ᠶᠢᠨ ᠣᠷᠤᠨ ᠳ᠋ᠤ
ᠠᠮᠢᠳᠤ ᠪᠠᠢ ᠭᠡᠵᠤ
ᠠᠮᠢᠳᠤ ᠶᠢᠨ ᠣᠷᠴᠢᠯᠠᠩ ᠳ᠋ᠤ
ᠣᠬᠠᠭᠠᠨ ᠰᠠᠭᠤ ᠭᠡᠵᠤ
ᠣᠬᠠᠭᠠᠨ ᠰᠡᠳᠭᠢᠯ ᠢ ᠨᠢ ᠭᠡᠢ᠌ᠭᠦᠯᠵᠤ ᠴᠢᠳᠠᠬᠤ
ᠡᠪᠠᠷ ᠡᠰᠢᠳᠡᠢ ᠨᠤᠮᠤ ᠪᠣᠶᠤ︖
ᠪᠢ ᠊᠊᠊᠊᠊᠊᠊᠊᠊᠊᠊᠊᠊᠊᠊ ᠡᠷ᠎ᠡ ᠶᠢᠨ ᠰᠠᠢ᠌ᠨ ᠶᠢᠡᠷ ᠳᠠᠪᠳᠠᠭᠳᠠᠭᠰᠠᠨ
ᠡᠷᠴᠢ ᠰᠠᠯᠠᠮᠠᠨ ᠵᠡᠪᠰᠡᠭ᠌ ᠰᠢᠭ᠌
ᠡᠭᠡ ᠣᠷᠤᠨ ᠣᠷᠤᠭᠤ ᠥᠩᠭᠡᠢ᠌ᠭ᠍ᠰᠡᠨ
ᠦᠯᠦᠨ ᠬᠤᠪᠳᠤᠭ ᠨᠢᠳᠤ ᠪᠦᠭᠦᠨ ᠢ
ᠡᠨᠡ ᠪᠦᠭᠦᠨ ᠢ ᠰᠡᠳᠦᠭ᠍ᠰᠡᠨ
ᠥᠩᠭᠡᠪᠴᠢ ᠬᠤᠯᠵᠢᠨ ᠳᠤᠯᠤᠭᠠᠢ ᠪᠦᠭᠦᠨ ᠢ
ᠡᠷᠭᠡ ᠠᠰᠢᠭ ᠤᠨ ᠲᠦᠯᠦᠭᠡ ᠳᠡᠮᠤᠯᠡᠭᠦ
ᠦᠨᠳᠦᠷ ᠥᠰᠦᠭᠡᠢ᠌ᠳᠤ ᠭᠦᠯ ᠪᠦᠭᠦᠨ ᠢ
ᠡᠷᠡᠭᠡ ᠴᠡᠭᠡᠷ ᠦᠭᠡᠶ ᠰᠠᠷᠪᠠᠢ᠌ᠬᠤ
ᠡᠪᠠᠷᠰᠢᠵᠤ ᠰᠠᠢ᠌ᠷᠳᠠᠭᠰᠠᠨ ᠭᠠᠷ ᠪᠦᠭᠦᠨ ᠢ
ᠣᠯᠠᠭ᠎ᠠ ᠪᠣᠳᠠᠷᠠᠳᠠᠯ᠎ᠠ ᠨᠢ
ᠣᠭ ᠶᠢᠡᠷ ᠨᠢ᠂ ᠳᠠᠰᠤ ᠴᠠᠪᠴᠢᠬᠤ ᠭᠡᠵᠤ
ᠦᠪᠡᠷ ᠢ ᠪᠠᠨ ᠢᠷᠯᠠᠵᠤ
ᠡᠯᠡᠭ᠍ᠳᠡᠵᠤ ᠭᠦᠢᠴᠡᠭᠦ
ᠡᠷᠴᠢ ᠰᠠᠯᠠᠮᠠᠨ ᠵᠡᠪᠰᠡᠭ᠌ ᠪᠣᠶᠤ︖
ᠪᠢ ᠊᠊᠊᠊᠊᠊᠊᠊᠊᠊᠊᠊᠊᠊᠊ ᠣᠩᠭ᠋ᠤᠳ ᠶᠢᠡᠷ ᠴᠡᠨᠡᠭᠯᠡᠭ᠍ᠰᠡᠨ ᠫᠦᠯᠸᠮᠶᠦᠲ᠋ ᠰᠢᠭ᠌
ᠡᠭᠡᠳᠡᠰᠢ ᠦᠭᠡᠶ ᠦᠨᠡᠨ ᠤ ᠲᠦᠯᠦᠭᠡ
ᠡᠭᠡ ᠭᠡᠯᠡᠨ ᠤ ᠪᠠᠨ ᠲᠦᠯᠦᠭᠡ
ᠡᠴᠢᠭᠡ ᠳᠩᠷᠢ ᠶᠢᠨ ᠶᠢᠡᠨ ᠲᠦᠯᠦᠭᠡ
ᠶᠡᠭᠡ ᠮᠤᠩᠭ᠋ᠤᠯ ᠤᠨ ᠶᠢᠡᠨ ᠲᠦᠯᠦᠭᠡ
ᠥᠩᠭᠡ ᠮᠦᠩᠭᠦ ᠪᠦᠭᠦᠨ ᠢ
ᠦᠷᠢᠰᠴᠤ ᠢᠷᠡᠭᠦ ᠪᠦᠭᠦᠨ ᠢ
ᠦᠵᠡᠰᠢ ᠦᠭᠡᠶ ᠮᠠᠭᠤᠬᠠᠢ ᠪᠦᠭᠦᠨ ᠢ
ᠣᠪᠣᠭ᠎ᠠ ᠬᠠᠷᠠᠭᠠᠨ ᠳᠤ ᠦᠷᠳᠡᠭ᠍ᠰᠡᠨ ᠪᠦᠭᠦᠨ ᠢ
ᠣᠩᠭ᠋ᠤᠳ ᠤᠨ ᠭᠠᠯ ᠵᠢᠠᠷ
ᠰᠦᠷᠴᠢᠨ ᠣᠨᠠᠭᠠᠬᠤ
ᠣᠮᠤᠭᠯᠠᠩ ᠰᠡᠳᠭᠢᠯ ᠳᠠᠢ
ᠨᠠᠢ᠌ᠷᠠᠭᠴᠢ ᠪᠣᠶᠤ ︕
2010.8.1
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ