☆ ᠰᠣ᠊·ᠦᠨᠡᠠᠴᠢ
ᠡᠵᠢ ᠳᠡᠭᠡᠨ ᠪᠢᠳᠠ ᠦᠷᠢ ᠲᠡᠶ ᠭᠦᠮᠤᠨ
ᠥᠮᠴᠢᠷᠭᠡᠨ ᠰᠡᠳᠭᠢᠯ ᠶᠢᠡᠷ ᠦᠷ᠎ᠡ ᠶᠤᠭᠡᠨ ᠳᠦᠷᠦᠭᠦᠯᠵᠤ
ᠥᠨᠡᠡᠴᠢᠭᠡᠨ ᠬᠠᠢ᠌ᠷ᠎ᠠ ᠪᠠᠷ ᠪᠦᠦᠪᠠᠢ ᠶᠢᠨ ᠳᠠᠭᠤᠤ ᠠᠶᠠᠯᠠᠭᠤᠯᠵᠤ
ᠥᠰᠭᠦ ᠶᠢᠨ ᠵᠢᠷᠭᠠᠯ ᠢ ᠡᠩᠭᠦᠷᠡᠢ ᠦᠷ᠎ᠡ ᠳᠡᠭᠡᠨ ᠡᠳ᠋ᠯᠡᠭᠦᠯᠳᠡᠭ᠌
ᠦᠷᠯᠦᠭ᠌ ᠳᠡᠭ᠍ᠷᠢ ᠭᠡᠵᠤ ᠡᠵᠢ ᠭᠦᠮᠤᠨ ᠪᠠᠢ᠌ᠳᠠᠭ ᠬᠣᠢ᠌ᠨ᠎ᠠ
ᠡᠨᠡ ᠳᠡᠯᠡᠭᠡᠢ ᠳᠤ ᠢᠷᠡᠭ᠍ᠰᠡᠨ ᠳᠠᠷᠠ ᠦᠶ᠎ᠡ ᠡᠴᠡ
ᠡᠵᠢ ᠳᠡᠭᠡᠨ ᠪᠢᠳᠠ ᠦᠷᠢ ᠲᠡᠶ ᠭᠦᠮᠤᠨ
ᠠᠶᠠᠨ ᠤ ᠳᠦᠷᠦᠭᠡ ᠶᠢ ᠴᠢᠨᠢ ᠰᠥ᠋ ᠰᠠᠴᠤᠯᠢ ᠪᠠᠷ ᠮᠢᠯᠢᠶᠠᠵᠤ
ᠠᠯᠤᠰ ᠤᠨ ᠵᠠᠮ ᠢ ᠴᠢᠨᠢ ᠬᠠᠢ᠌ᠷ᠎ᠠ ᠶᠢᠨ ᠣᠴᠢ ᠪᠠᠷ ᠭᠡᠷᠡᠯᠳᠦᠭᠦᠯᠵᠤ
ᠠᠩᠭᠢᠷ ᠴᠠᠭᠠᠨ ᠵᠢᠷᠦᠭᠡᠨ ᠳᠠᠯ᠎ᠠ ᠳᠤ ᠪᠠᠨ ᠰᠥᠮᠡᠯᠵᠡᠳᠡᠭ᠌
ᠠᠯᠳᠠᠨ ᠨᠠᠷᠠ ᠭᠡᠵᠤ ᠡᠵᠢ ᠭᠦᠮᠤᠨ ᠪᠠᠢ᠌ᠳᠠᠭ ᠬᠣᠢ᠌ᠨ᠎ᠠ
ᠡᠨᠡ ᠳᠡᠯᠡᠭᠡᠢ ᠳᠤ ᠢᠷᠡᠭ᠍ᠰᠡᠨ ᠳᠠᠷᠠ ᠦᠶ᠎ᠡ ᠡᠴᠡ
ᠡᠵᠢ ᠳᠡᠭᠡᠨ ᠪᠢᠳᠠ ᠦᠷᠢ ᠲᠡᠶ ᠭᠦᠮᠤᠨ
ᠪᠣᠷᠤᠯᠠᠭ ᠴᠢᠷᠠᠢ ᠶᠢ ᠨᠢ ᠠᠳᠤᠷᠢᠶ᠎ᠠ ᠦᠷᠴᠢᠯᠡᠭᠡᠰᠤ ᠡᠵᠡᠷᠭᠡᠵᠤ
ᠪᠣᠭᠤᠷᠤᠯ ᠰᠠᠠᠴᠢᠭ ᠡᠴᠡ ᠨᠢ ᠪᠣᠶᠠᠨ ᠤ ᠬᠤᠷ᠎ᠠ ᠰᠢᠪᠠᠷᠡᠭ᠍ᠰᠡᠨ
ᠪᠣᠳᠤᠭᠤ ᠪᠠᠨ ᠥᠭᠡᠢ᠌ᠯᠡᠭ᠍ᠰᠡᠨ ᠢᠩᠭᠡᠨ ᠤ ᠪᠣᠢ᠌ᠯᠠᠭᠠᠨ ᠶᠢᠡᠷ ᠣᠶᠠᠰᠳᠠᠭ
ᠪᠣᠷᠬᠠᠨ ᠰᠢᠳᠦᠭᠡᠨ ᠭᠡᠵᠤ ᠡᠵᠢ ᠭᠦᠮᠤᠨ ᠪᠠᠢ᠌ᠳᠠᠭ ᠬᠣᠢ᠌ᠨ᠎ᠠ
ᠡᠨᠡ ᠳᠡᠯᠡᠭᠡᠢ ᠳᠤ ᠢᠷᠡᠭ᠍ᠰᠡᠨ ᠳᠠᠷᠠ ᠦᠶ᠎ᠡ ᠡᠴᠡ
ᠡᠵᠢ ᠳᠡᠭᠡᠨ ᠪᠢᠳᠠ ᠦᠷᠢ ᠲᠡᠶ ᠭᠦᠮᠤᠨ
2010.4.12 ᠭᠦᠭᠡᠮᠦᠳᠤ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2804
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ