☆ ᠨᠠᠷᠠᠨᠲᠤᠶᠠᠭ᠎ᠠ
ᠲᠦᠭᠡᠮᠡᠯᠵᠢᠭᠦᠯᠬᠦ ᠲᠤᠰᠤᠮ ᠠᠯᠳᠠᠬᠤ ᠨᠢ ᠬᠡᠴᠡᠭᠦᠦ ᠪᠤᠯᠵᠤ ᠪᠤᠢ
《ᠴᠠᠭ ᠤᠨ ᠶᠠᠭᠤᠮ᠎ᠠ ᠴᠠᠭ ᠲᠠᠭᠠᠨ ᠰᠠᠢ᠌ᠬᠠᠨ》 ᠪᠠᠢ᠌ᠳᠠᠭ ᠨᠢ ᠨᠡᠭᠡᠷᠡᠨ ᠵᠦᠪ ᠳ᠋ᠧ᠃ ᠪᠠᠭ᠎ᠠ ᠪᠠᠢ᠌ᠬᠤ ᠳᠤ ᠠᠪᠣ ᠮᠢᠨᠢ ᠮᠤᠷᠢ ᠣᠨᠤᠭᠤᠯᠵᠤ ᠳᠠᠰᠬᠠᠬᠤ ᠶᠤᠮ ᠭᠡᠵᠤ ᠡᠳᠦᠷᠵᠢᠨ ᠬᠤᠨᠢᠨ ᠳᠤ ᠭᠠᠷᠬᠤ ᠳᠠᠭᠠᠨ ᠭᠦᠳᠦᠯᠦᠭᠡ ᠮᠤᠷᠢ ᠲᠡᠶ ᠨᠠᠮ᠎ᠠ ᠶᠢ ᠳᠠᠭᠠᠭᠤᠯᠵᠤ ᠭᠠᠷᠳᠠᠭ ᠪᠠᠢ᠌ᠯ᠎ᠠ᠃ ᠳᠡᠭᠡᠭᠦ ᠳᠤ ᠬᠤᠨᠢᠨ ᠤ ᠳᠡᠷᠭᠡᠳᠡ ᠠᠪᠣ ᠲᠡᠶ ᠪᠠᠨ ᠱᠤᠯᠤᠭᠤᠨᠠᠵᠤ ᠭᠤᠤᠯ ᠤᠨ ᠳᠠᠠᠵᠢᠨ ᠳᠤ ᠮᠤᠷᠢ ᠪᠠᠨ ᠴᠤᠮᠤᠵᠤ ᠡᠮᠡᠭᠡᠯ ᠳᠠᠷᠠᠯᠠᠵᠤ ᠳᠡᠭ᠍ᠷᠢ ᠬᠠᠷᠠᠵᠤ ᠭᠡᠪᠳᠡᠭᠦ ᠭᠡᠵᠤ ᠨᠡᠭᠡᠷᠡᠨ ᠰᠠᠢ᠌ᠬᠠᠨ ᠪᠠᠢ᠌ᠯ᠎ᠠ᠃
ᠣᠳᠤ ᠪᠣᠯᠬᠤ ᠳᠤ ᠮᠠᠨ ᠤ ᠭᠢᠨ ᠤ ᠵᠠᠷᠢᠮ ᠵᠠᠯᠠᠭᠤᠰ ᠣᠳᠤ ᠴᠠᠭ ᠭᠡᠨ ᠮᠤᠷᠢ ᠣᠨᠤᠵᠤ ᠪᠠᠢ᠌ᠭ᠎ᠠ ᠶᠤᠮ︖ ᠪᠦᠷ ᠮᠤᠲ᠋ᠤᠷ ᠭᠡᠳᠡᠯ᠎ᠡ ᠳᠡᠷᠭᠡ ᠭᠡᠤᠨ ᠨᠢᠰᠭᠡᠵᠤ ᠪᠠᠢ᠌ᠬᠤ ᠳᠤ ᠭᠡᠵᠤ ᠭᠠᠯᠯᠠᠵᠤ ᠭᠠᠷᠤᠨ᠎ᠠ᠃ ᠪᠣᠳᠤᠪᠠᠯ ᠴᠤ ᠪᠠᠰᠠ ᠳᠠᠢ᠌ᠮᠤ ᠡ᠂ ᠶᠠᠪᠣᠵᠤ ᠰᠠᠭᠤᠬᠤ ᠳᠤ ᠳᠦᠭᠦᠮ᠂ ᠬᠤᠷᠳᠤᠨ ᠮᠥᠷᠳᠡᠭᠡᠨ ᠳᠦᠷᠭᠡᠨ ᠣᠨᠤᠭ᠎ᠠ ᠪᠠᠢ᠌ᠬᠤ ᠳᠤ ᠮᠤᠷᠢ ᠪᠠᠷ ᠶᠠᠭᠠᠭᠢᠬᠤ ᠶᠤᠮ ᠭᠡᠵᠤ ᠠᠭᠰᠤᠮᠨᠠᠳᠠᠭ ᠤᠨ ᠣᠴᠢᠷ ᠨᠢ ᠴᠠᠭᠠᠳᠤ 《ᠳᠦᠭᠦᠮ》 ᠤᠨ ᠭᠢ ᠠᠮᠳᠠ ᠶᠢ ᠨᠢ ᠣᠯᠴᠢᠬᠠᠭᠰᠠᠨ ᠯᠠ ᠴᠢᠷᠠᠢ᠃ ᠠᠵᠢᠯ ᠤᠨ ᠴᠢᠬᠤᠯᠠᠴᠢᠯᠠᠭ᠎ᠠ ᠪᠠᠷ ᠬᠠᠶᠠ ᠭᠦᠳᠡᠭᠡ ᠪᠠᠭᠤᠬᠤ ᠳᠤ ᠮᠠᠯᠴᠢᠨ ᠠᠢ᠌ᠯ ᠤᠨ ᠮᠢᠨᠢ ᠮᠤᠷᠢᠨ ᠱᠤᠩ ᠦᠯᠦᠩ ᠡᠪᠠᠰᠤ ᠪᠠᠷ ᠪᠢᠳᠡᠭᠦᠷᠡᠵᠤ ᠭᠦᠯᠦᠭ᠌ ᠤᠨ ᠬᠤᠮᠤᠤᠯ ᠬᠠᠷᠠᠭᠤᠯᠳᠠᠵᠤ ᠵᠤᠭᠰᠤᠬᠤ ᠨᠢ ᠭᠤᠨᠢᠷᠬᠠᠯᠳᠠᠢ ᠯᠠ ᠰᠠᠨᠠᠭᠳᠠᠨ᠎ᠠ᠃
ᠪᠦᠭᠦᠢᠯᠡ ᠮᠠᠯᠵᠢᠬᠤ ᠰᠤᠶᠤᠯ ᠶᠢᠡᠨ ᠪᠠᠢ᠌ᠴᠢᠬᠠᠶ᠎ᠠ᠃ ᠮᠠᠨ ᠤ ᠭᠢᠨ ᠤ ᠰᠤᠷᠭᠠᠨ ᠭᠦᠮᠦᠵᠢᠯ᠂ ᠠᠯᠪᠠᠨ ᠪᠠᠢ᠌ᠭᠤᠯᠭ᠎ᠠ᠂ ᠠᠵᠢᠯ ᠲᠦᠷᠦᠯ ᠤᠨ ᠭᠢᠨ ᠶᠢᠡᠷ ᠠᠪᠣᠭᠠᠤᠨ ᠶᠠᠷᠢᠶ᠎ᠠ᠂ ᠣᠤᠯ ᠤᠨ ᠭᠡᠦᠭᠡᠤᠨ ᠳᠠᠯ᠎ᠠ ᠳᠡᠭᠡᠷ᠎ᠡ ᠳᠤᠭᠯᠠᠵᠤ᠂ ᠣᠨᠢᠰᠤᠭ᠎ᠠ ᠳᠠᠭᠠᠯᠴᠠᠨ᠂ ᠥᠯᠢᠭᠡᠷ ᠤᠨ ᠨᠤᠮ ᠪᠣᠯᠢᠶᠠᠯᠳᠤᠨ ᠣᠩᠰᠢᠵᠤ ᠳᠡᠭᠦᠨ ᠶᠢᠡᠷ ᠶᠢᠡᠨ ᠣᠯᠵᠠᠭᠤᠷᠬᠠᠳᠠᠭ ᠪᠠᠢ᠌ᠯ᠎ᠠ᠃ ᠳᠡᠭᠡᠭᠦ ᠳᠤ ᠣᠳᠤᠬᠠᠨ ᠤ ᠪᠠᠭᠠᠴᠤᠤᠯ ᠳᠸᠯᠸᠢᠰ ᠡᠴᠡ 《ᠭᠡᠦᠭᠡᠯᠳᠡᠢ ᠵᠥᠴᠦᠭᠡ》 ᠭᠡᠳᠡᠯ᠎ᠡ ᠰᠤᠨᠢᠨ ᠬᠠᠴᠢᠨ ᠳᠦᠷᠰᠦ ᠲᠡᠶ ᠠᠮᠢᠳᠠᠨ ᠶᠢᠡᠨ ᠦᠪᠡᠷ ᠶᠢᠡᠨ ᠴᠤ ᠳᠠᠨᠢᠬᠤ ᠦᠭᠡᠶ ᠪᠠᠢ᠌ᠵᠤ ᠵᠥᠪᠭᠡᠨ 《ᠬᠤᠧᠨ ᠬᠤᠧᠨ᠂ ᠯᠠᠨ ᠯᠠᠨ᠂ ᠮᠢ ᠰᠢ》 ᠭᠡᠵᠤ ᠯᠠ ᠨᠡᠷᠡᠯᠡᠵᠡᠭᠡᠨᠡ᠃
ᠠᠯᠪᠠᠨ ᠪᠠᠢ᠌ᠭᠤᠯᠭ᠎ᠠ ᠶᠢᠨ ᠭᠢᠨ ᠭᠠᠷ ᠶᠢᠡᠷ ᠪᠢᠴᠢᠵᠤ ᠬᠠᠭᠤᠯᠬᠤ ᠪᠠᠨ ᠪᠦᠷ ᠪᠠᠢ᠌ᠵᠤ᠂ ᠺᠤᠮᠫᠢᠦ᠋ᠲ᠋ᠧᠷ ᠶᠢᠡᠷ ᠭᠦᠢᠴᠡᠳᠭᠡᠴᠢᠭᠡᠨᠡ᠃ ᠭᠡᠴᠢᠨᠡᠨ 《ᠳᠦᠭᠦᠮ》 ᠪᠣᠯᠵᠤ ᠪᠠᠢ᠌ᠬᠤ ᠶᠢ ᠬᠠᠷ᠎ᠠ ᠯᠠ ᠳ᠋ᠠ︕ ᠬᠠᠵᠠᠭᠤ ᠪᠠᠷ ᠨᠢ ᠭᠦᠮᠦᠰ ᠤᠨ ᠪᠢᠷ ᠶᠢᠡᠨ ᠬᠤᠷᠴᠠᠯᠠᠵᠤ᠂ ᠪᠢᠯᠢᠭ᠌ ᠶᠢᠡᠨ ᠰᠤᠷᠢᠬᠤ ᠵᠠᠪᠰᠢᠶᠠᠨ ᠭᠡᠳᠦᠢ ᠭᠡᠭᠡᠭ᠍ᠳᠡᠵᠤ ᠪᠠᠢ᠌ᠬᠤ ᠶᠢ ᠮᠠᠭᠠᠤᠠᠯᠠᠬᠤᠶᠠ ᠪᠠᠷᠭᠡ᠃ ᠠᠵᠢᠯ ᠡᠴᠡ ᠪᠠᠭᠤᠭᠠᠤᠨ ᠭᠡᠷ ᠲᠡᠭᠡᠨ ᠬᠠᠷᠢᠬᠤ ᠳᠤ ᠠᠷᠭᠠᠯ ᠤᠨ ᠭᠠᠯ ᠳᠡᠭᠡᠷ᠎ᠡ ᠢᠳᠡᠭᠡᠰᠢᠭ᠍ᠰᠡᠨ ᠠᠭᠠᠭ ᠲᠡᠶ ᠴᠠᠢ ᠪᠢᠰᠢ ᠬᠠᠷᠢᠨ ᠭᠡᠢ ᠶᠢᠨ ᠵᠤᠤᠬᠠᠨ ᠳᠤ ᠴᠢᠳᠡᠮᠰᠢᠭ᠍ᠰᠡᠨ ᠴᠠᠢ᠌ᠪᠣᠷ ᠴᠠᠭᠠᠨ ᠴᠠᠢ ᠯᠠ ᠣᠷᠤᠵᠤ ᠢᠷᠡᠭᠦ ᠶᠤᠮ᠃ ᠨᠡᠭᠡᠷᠡᠨ ᠠᠷᠭᠠᠯ ᠤᠨ ᠭᠠᠯ ᠳᠤ ᠪᠣᠯᠭᠤᠭᠰᠠᠨ ᠬᠤᠭᠤᠯᠠ ᠴᠠᠢ ᠠᠰᠳᠠᠭᠠᠨ ᠪᠠᠢ᠌ᠳᠠᠭ ᠶᠤᠮ ᠪᠠᠢ᠌ᠨ᠎ᠠ᠃ ᠪᠢ ᠦᠪᠡᠷ ᠶᠢᠡᠨ ᠴᠤ ᠭᠡᠢ ᠶᠢᠨ ᠵᠤᠤᠬᠠᠨ ᠳᠤ ᠬᠤᠭᠤᠯᠠ ᠴᠠᠢ ᠪᠣᠯᠭᠤᠭᠠᠵᠤ ᠪᠠᠢ᠌ᠳᠠᠭ ᠶᠤᠮ᠃ ᠳᠦᠷᠦᠭᠦᠤ ᠬᠤᠶᠠᠷ ᠬᠤᠨᠤᠭ ᠶᠢᠡᠷ ᠭᠦᠳᠡᠭᠡ ᠪᠠᠢ᠌ᠭ᠎ᠠ ᠠᠪᠣ ᠡᠵᠢ ᠪᠠᠨ ᠬᠤᠰᠢᠭᠤᠨ ᠳᠤ ᠳᠤᠰᠴᠤ ᠠᠪᠴᠢᠷᠠᠭᠠᠤᠨ ᠭᠠᠷᠠᠭ ᠰᠠᠭᠤᠬᠤ ᠳᠤ ᠢᠳᠠᠵᠤ ᠣᠤᠭᠤᠬᠤ ᠳᠤ ᠴᠢᠨᠢ ᠳᠠᠰᠬᠤ ᠦᠭᠡᠶ᠂᠂ ᠭᠦᠯ ᠥᠢᠮᠡᠭᠡᠨ ᠳᠤ ᠴᠢᠨᠢ ᠳᠡᠡᠴᠦᠭᠦᠷᠡᠭᠡᠤᠨ ᠪᠠᠢ᠌ᠨ᠎ᠠ ᠭᠡᠤᠨ ᠪᠣᠴᠠᠭᠰᠠᠨ ᠶᠤᠮ᠃ ᠠᠪᠣ ᠡᠵᠢ ᠮᠢᠨᠢ ᠶᠠᠪᠣᠬᠤ ᠶᠢᠨ ᠡᠮᠤᠨ᠎ᠡ ᠡᠳᠦᠷ ᠭᠦᠳᠡᠭᠡ ᠳᠡᠭᠡᠨ ᠬᠠᠷᠢᠵᠤ ᠠᠷᠭᠠᠯ ᠤᠨ ᠭᠠᠯ ᠶᠢᠡᠨ ᠮᠠᠨᠠᠵᠤ ᠰᠠᠭᠤᠭᠰᠠᠨ ᠳᠡᠭᠡᠷ᠎ᠡ᠂ ᠪᠣᠯᠤᠭᠰᠠᠨ ᠬᠤᠭᠤᠯᠠ ᠨᠢ ᠴᠤ ᠠᠮᠳᠠᠳᠠᠢ ᠭᠡᠵᠤ ᠶᠠᠷᠢᠵᠤ ᠪᠠᠢ᠌ᠭᠰᠠᠨ ᠶᠢᠡᠷ ᠪᠢ ᠰᠠᠶᠢ ᠦᠨᠦᠷ ᠠᠮᠳᠠ ᠶᠢ ᠨᠢ ᠣᠠᠳᠤᠤ ᠪᠠᠢ᠌ᠭᠰᠠᠨ ᠢ ᠮᠡᠳᠡᠭ᠍ᠰᠡᠨ ᠶᠤᠮ᠃
ᠥᠭᠡᠷᠡᠴᠢᠯᠡᠯᠳᠡ ᠨᠡᠭᠡᠭᠡᠯᠳᠡ ᠶᠢ ᠳᠠᠭᠠᠯᠳᠤᠨ ᠭᠦᠮᠦᠰ ᠤᠨ ᠠᠮᠢᠳᠤᠷᠠᠯ ᠤᠨ ᠭᠦᠭ᠌ ᠠᠢ᠌ᠵᠠᠮ ᠴᠤ ᠳᠦᠷᠭᠡᠰᠴᠤ ᠴᠠᠭ ᠲᠤ ᠠᠷᠪᠢᠳᠠᠢ᠂ ᠮᠦᠩᠭᠦᠨ ᠳᠤ ᠠᠷᠪᠢᠳᠠᠢ᠂ ᠭᠦᠴᠤᠨ ᠳᠤ ᠠᠷᠪᠢᠳᠠᠢ ᠣᠯᠠᠨ ᠵᠣᠢ᠌ᠯ ᠤᠨ ᠠᠮᠢᠳᠤᠷᠠᠯ ᠤᠨ ᠳᠤᠨᠤᠭ ᠳᠦᠭᠦᠭᠡᠷᠦᠮᠵᠢ ᠭᠠᠷᠴᠤ ᠢᠷᠡᠭᠡᠤᠨ ᠶᠠᠪᠣᠵᠤ ᠰᠠᠭᠤᠬᠤ᠂ ᠢᠳᠠᠵᠤ ᠡᠮᠦᠰᠭᠦ᠂ ᠵᠠᠷᠤᠵᠤ ᠭᠡᠷᠡᠭᠯᠡᠭᠦ ᠡᠴᠡ ᠪᠦᠷ 《ᠳᠦᠭᠦᠮ》 ᠳᠠᠢ᠌ᠰᠢ ᠪᠠᠨ ᠬᠠᠠᠳᠤᠵᠤ ᠪᠠᠢ᠌ᠬᠤ ᠪᠣᠯᠪᠠᠴᠤ ᠣᠤᠯ ᠤᠨ ᠰᠠᠢ᠌ᠬᠠᠨ ᠴᠠᠪᠠᠷ ᠪᠣᠯᠪᠠᠰᠤᠨ᠂ ᠦᠨ᠎ᠡ ᠴᠠᠨ᠎ᠠ ᠲᠡᠶ᠂ ᠰᠢᠷᠭᠠᠭᠤ ᠬᠠᠳᠠᠭᠤᠵᠢᠯᠳᠠᠢ᠂ ᠪᠠᠢ᠌ᠭᠠᠯᠢᠯᠢᠭ ᠵᠣᠢ᠌ᠯ ᠪᠢᠳᠠᠨ ᠤ ᠬᠠᠶᠠᠭᠠᠨ ᠡᠴᠡ ᠪᠠᠷ᠎ᠠ ᠳᠠᠰᠤᠷᠠᠭᠠᠤᠨ ᠬᠤᠯᠠᠳᠠᠬᠤ ᠶᠤᠮ᠃
ᠬᠠᠶᠠ ᠭᠦᠳᠡᠭᠡ ᠳᠡᠭᠡᠨ ᠬᠠᠷᠢᠵᠤ ᠠᠷᠭᠠᠯ ᠤᠨ ᠭᠠᠯ ᠳᠤ ᠴᠠᠢ ᠴᠢᠨᠠᠬᠤ ᠶᠢ ᠰᠠᠨᠠᠬᠤ ᠶᠤᠮ᠃ 《ᠳᠦᠭᠦᠮᠴᠢᠯᠡᠭᠦ》 ᠳᠤᠰᠤᠮ ᠠᠯᠳᠠᠬᠤ ᠨᠢ ᠭᠡᠴᠡᠭᠦᠤ ᠪᠣᠯᠵᠤ ᠪᠣᠢ ᠨᠠᠠᠳᠢᠨ ᠮᠤᠩᠭ᠋ᠤᠯ ᠶᠢᠡᠨ᠂ ᠥᠷᠭᠦᠭᠡ ᠭᠡᠷ᠂ ᠡᠷᠦᠭᠡ ᠶᠤᠰᠤᠨ ᠶᠢᠡᠨ᠃ ᠭᠡᠦᠭᠡᠤᠨ ᠶᠢᠡᠨ ᠳᠠᠩᠳᠠ ᠭᠦᠳᠡᠭᠡ ᠶᠠᠪᠣᠭᠤᠯᠵᠤ ᠪᠠᠢ ᠮᠤᠩᠭ᠋ᠤᠯᠴᠤᠳ ᠮᠠᠨᠢ᠃ ᠳᠠᠠᠳᠠ ᠰᠠᠢ᠌ᠨ ᠰᠠᠢ᠌ᠬᠠᠨ ᠵᠣᠢ᠌ᠯ ᠪᠣᠢ᠂ ᠭᠦᠨ ᠣᠬᠠᠭᠠᠨ ᠪᠣᠢ᠃
ᠵᠤᠬᠢᠶᠠᠭᠴᠢ ᠶᠢᠨ ᠬᠠᠶᠢᠭ ᠄ ᠵᠡᠭᠦᠨ ᠦᠵᠦᠮᠤᠴᠢᠨ ᠬᠤᠰᠢᠭᠤ
ᠵᠤᠬᠢᠶᠠᠭᠴᠢ᠄ ᠨᠠᠷᠠᠨᠲᠤᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 15321
ᠴᠠᠭ᠄ 2010 ᠤᠨ ᠤ 07 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ