☆ ᠪᠣᠷᠵᠢᠭᠢᠨ ᠷᠢᠠᠴᠢᠨ
ᠭᠦᠮᠤᠨ ᠴᠢᠨ᠋ᠸ᠎ᠠ ᠬᠤᠶᠠᠷ
ᠬᠤᠨᠢ ᠠᠯᠠᠬᠤ ᠳ᠋ᠤ
ᠳᠡᠭ᠍ᠷᠢ ᠬᠠᠷᠠᠭᠤᠯᠤᠯ᠎ᠠ ᠭᠡᠵᠤ ᠪᠠᠶᠠᠰᠤᠨ᠎ᠠ
ᠢᠮᠠᠭ᠎ᠠ ᠠᠯᠠᠬᠤ ᠳ᠋ᠤ
ᠳᠡᠭ᠍ᠷᠢ ᠳᠤ ᠭᠠᠷᠭᠠᠯ᠎ᠠ ᠭᠡᠵᠤ ᠮᠠᠢ᠌ᠯᠠᠨᠠ
ᠮᠠᠢ᠌ᠯᠠᠭᠰᠠᠨ ᠴᠤ ᠡᠰᠡ ᠮᠠᠢ᠌ᠯᠠᠭᠰᠠᠨ ᠴᠤ
ᠮᠢᠬ᠎ᠠ ᠢᠳᠡᠭᠦ ᠭᠡᠵᠤ ᠭᠦᠮᠦᠰ
ᠮᠠᠷᠰᠠᠢ᠌ᠨ ᠢᠨᠢᠶᠠᠯᠴᠠᠵᠤ
ᠮᠠᠢ᠌ᠯᠠᠬᠤ ᠠᠮᠢ ᠶᠢ ᠨᠢ ᠳᠠᠰᠤᠯᠤᠨ᠎ᠠ
ᠬᠤᠭᠤᠯᠠ ᠶᠢ ᠨᠢ ᠪᠣᠯᠢᠶᠠᠴᠢᠬᠠᠯᠠ ᠭᠡᠵᠤ
ᠴᠢᠨ᠋ᠸ᠎ᠠ ᠳᠡᠭ᠍ᠷᠢ ᠳᠤ ᠣᠯᠢᠨ᠎ᠠ
ᠬᠤᠷᠢ ᠭᠤᠴᠢ ᠪᠠᠷ ᠳᠠᠳᠠᠵᠤ
ᠬᠤᠷᠤᠰᠤᠯ ᠶᠢᠡᠨ ᠬᠠᠨᠤᠳᠠᠯ᠎ᠠ ᠳᠠᠢ᠌ᠯᠤᠨ᠎ᠠ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2012 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ