ᠨᠡᠪᠲᠡᠷᠡᠨ ᠤᠷᠤᠬᠤ
G ᠭᠤᠸᠠᠢ ᠶᠢᠨ ᠭᠢᠯᠪᠠᠭᠡᠨ ᠨᠠᠮᠳᠠᠷ

1

ᠠᠮᠸᠷᠢᠺᠠ ᠤᠨ ᠶᠡᠷᠦᠩᠭᠡᠢ᠌ᠯᠡᠭ᠍ᠴᠢ ᠡᠴᠡ ᠠ᠊ Q ᠭᠦᠷᠳᠡᠯ᠎ᠡ ᠪᠦᠷ ᠦᠪᠡᠷ ᠤᠨ ᠨᠠᠮᠳᠠᠷ ᠭᠡᠳᠡᠯ᠎ᠡ ᠵᠢᠩᠭᠢᠨᠢ ᠨᠠᠮᠳᠠᠷ ᠭᠡᠵᠤ ᠪᠢᠴᠢᠵᠤ ᠪᠠᠢ᠌ᠳᠠᠯ᠎ᠠ᠂ ᠬᠤᠷᠢᠭᠠᠤᠨ ᠵᠢᠯ ᠭᠠᠴᠠᠭ᠎ᠠ ᠳ᠋ᠠ ᠰᠠᠭᠤᠭᠰᠠᠨ ᠪᠢ ᠨᠠᠭᠠᠳᠤ ᠵᠠᠬ᠎ᠠ ᠶᠢᠨ ᠭᠢᠯᠪᠠᠭᠡᠨ ᠨᠠᠮᠳᠠᠷ ᠴᠤ ᠪᠠᠢ᠌ᠬᠤ ᠶᠤᠰᠤᠳᠠᠢ᠃ ᠠᠷᠢᠭᠢᠨ ᠬᠠᠯᠠᠭᠤᠨ ᠶᠢᠡᠷ ᠶᠢᠡᠨ ᠭᠤᠤᠯ ᠤᠨ ᠭᠡᠢ ᠪᠠᠨ ᠪᠣᠰᠬᠠᠵᠤ ᠪᠣᠳᠤᠨ᠎ᠠ᠂ ᠭᠤᠵᠢᠭᠠᠷ ᠭᠡᠢ ᠪᠠᠨ ᠭᠤᠷᠣᠢ᠌ᠯᠭᠠᠵᠤ ᠰᠠᠨᠠᠨ᠎ᠠ᠃

2

ᠡᠭᠡ ᠪᠠᠨ ᠴᠢᠩᠭᠢᠭ᠍ᠰᠡᠨ ᠪᠠᠶᠠᠷ᠂ ᠡᠨᠡ ᠡᠳᠦᠷ ᠨᠠᠳᠠ ᠲᠡᠶ ᠦᠷᠢᠰᠦᠯᠳᠡᠭᠦ ᠭᠡᠵᠤ᠂ ᠠᠷᠠᠳᠴᠢᠯᠠᠯ ᠳᠡᠭᠦᠨ ᠳᠤ ᠭᠡᠯᠪᠠᠢ᠌ᠪᠠᠯ᠂ ᠵᠤᠭᠤᠰ ᠲᠡᠶ ᠪᠢ ᠲᠦᠪᠯᠡᠷᠠᠯ ᠢ ᠳᠠᠳᠠᠨ᠎ᠠ᠃ ᠬᠠᠩᠵᠤᠨ ᠭᠤᠤᠯ ᠳᠤ ᠪᠠᠨ ᠯᠠᠷᠵᠠᠯᠠᠵᠤ᠂ ᠬᠠᠷ᠎ᠠ ᠡᠮ᠎ᠡ ᠶᠢᠨ ᠶᠢᠡᠨ ᠪᠦᠭ᠍ᠰᠡ ᠶᠢ ᠬᠠᠭ᠎ᠠ ᠠᠯᠠᠭᠠᠳᠠᠵᠤ ᠪᠠᠳᠤᠳᠠᠢ ᠯᠠᠪᠳᠠᠭᠤᠨ ᠰᠠᠭᠤᠨ᠎ᠠ᠃

3

ᠮᠠᠩᠬᠠᠨ ᠠᠢ᠌ᠯ ᠤᠨ ᠪᠠᠷᠠᠭᠤᠨ ᠵᠤ᠋ ᠶᠢ ᠬᠤᠶᠠᠷ ᠵᠠᠭᠤᠨ ᠡᠳᠦᠷ ᠤᠨ ᠬᠠᠭᠠᠯᠪᠣᠷᠢᠯᠠᠨ᠎ᠠ᠃ ᠵᠡᠭᠦᠨ ᠭᠢᠳᠠᠤᠨ ᠳᠤ ᠮᠤ ᠪᠦᠷᠢ ᠶᠢ ᠬᠤᠶᠠᠷ ᠵᠠᠭᠤᠨ ᠵᠤᠭᠤᠰ ᠶᠢᠡᠷ ᠬᠤᠳᠠᠯᠳᠤᠨ᠎ᠠ᠃ ᠵᠤᠭᠤᠰ ᠢ ᠨᠢ ᠲᠦᠪᠯᠡᠷᠠᠯ ᠤᠨ ᠬᠠᠷᠮᠠᠨ ᠳᠤ ᠴᠢᠭᠢᠨ᠎ᠠ᠃ ᠠᠪᠬᠤ ᠦᠭᠡᠶ ᠪᠣᠯ ᠠᠪᠠᠯᠢ ᠶᠢᠨ ᠡᠭᠡᠨᠡᠷ ᠶᠢᠡᠨ ᠠᠯᠠ ᠳᠤ ᠨᠢ ᠴᠢᠭᠢᠨ᠎ᠠ᠃ ᠪᠢ ᠯᠠ ᠭᠠᠴᠠᠭ᠎ᠠ ᠳ᠋ᠠ ᠰᠠᠭᠤᠬᠤ ᠪᠣᠶᠠᠨ ᠲᠡᠶ ᠭᠡᠵᠤ ᠭᠡᠢ ᠰᠠᠨᠠᠨ᠎ᠠ᠂ ᠭᠦᠭ᠍ᠰᠡᠯᠵᠡᠨ ᠣᠪᠣᠯᠵᠠᠨ᠎ᠠ᠃

4

ᠳᠦᠷᠪᠡᠨ ᠭᠦᠯ ᠲᠡᠶ ᠠᠳᠤᠭᠤᠰᠤ ᠶᠢ ᠬᠤᠷᠢᠬᠤ ᠪᠠᠷ ᠶᠢᠡᠨ ᠬᠤᠶᠠᠷ ᠭᠦᠯ ᠲᠡᠶ ᠭᠠᠴᠠᠭ᠎ᠠ ᠳ᠋ᠠ ᠶᠢ ᠬᠤᠷᠢᠪᠠᠯ ᠳᠡᠭᠡᠷ᠎ᠡ ᠭᠡᠵᠤ ᠪᠡᠷᠢᠴᠡᠴᠡᠭ᠌ ᠡᠮ᠎ᠡ ᠭᠡᠯᠡᠯ᠎ᠡ ᠭᠡᠨ᠎ᠡ ᠯᠠᠢ᠃ ᠡᠨᠡ ᠬᠠᠪᠣᠷ ᠬᠠᠳᠠᠯᠠᠩ ᠢ ᠨᠢ ᠬᠤᠷᠢᠶᠠᠨ᠎ᠠ᠃ ᠳ᠋ᠠ ᠭᠤᠧᠨ ᠳᠠᠷᠢᠨ᠎ᠠ᠃ ᠰᠢᠳᠤ ᠬᠠᠪᠢᠷᠠᠬᠤ ᠳᠠᠭᠤᠨ ᠰᠢᠯ ᠴᠤᠩᠬᠤ ᠶᠢ ᠳᠤᠷᠭᠢᠭᠤᠯᠤᠨ᠎ᠠ᠃

5

ᠬᠠᠷ᠎ᠠ ᠪᠠᠯᠵᠢᠷ ᠤᠨ ᠡᠮ᠎ᠡ ᠬᠤᠪᠢᠯᠠᠭ ᠴᠤ ᠭᠡᠨ᠎ᠡ ᠯᠠᠢ᠃ ᠶᠠᠭᠠᠭᠢᠵᠤ ᠡᠢ᠌ᠵᠤ ᠭᠢᠰᠭᠢᠨ᠎ᠠ ᠭᠡᠵᠤ ᠡᠷᠡᠭ᠍ᠴᠢᠨ ᠳᠠᠭᠢᠶ᠎ᠠ ᠰᠢᠭ ᠡᠷᠳᠡᠢ᠌ᠯᠵᠡᠵᠤ᠂ ᠡᠷ᠎ᠡ ᠡᠯᠵᠢᠭᠡ ᠰᠢᠭ᠌ ᠠᠭᠠᠭᠢᠯᠠᠵᠤ᠂ ᠠᠵᠢᠷᠭ᠎ᠠ ᠰᠢᠭ ᠢᠠᠴᠢᠭᠠᠨᠠᠨ᠎ᠠ᠃ ᠪᠠᠯᠵᠢᠷ ᠢ ᠠᠢ᠌ᠯ ᠳ᠋ᠠ ᠰᠠᠭᠤᠯᠭᠠᠨ᠎ᠠ᠂ ᠳᠡᠭᠡᠷ᠎ᠡ ᠡᠴᠡ ᠪᠠᠭᠤᠵᠤ ᠢᠷᠡᠭᠦ ᠪᠣᠯᠭᠠᠨ ᠢ ᠬᠤᠪᠢᠶᠠᠬᠤ ᠳᠤ ᠪᠠᠨ ᠳᠠᠭᠢᠨ ᠶᠢᠡᠷ ᠦᠭ‍ᠭᠦᠨ᠎ᠡ᠃ ᠠᠯᠢᠪᠠ ᠪᠠᠨ ᠰᠡᠳᠭᠢᠭ᠍ᠰᠡᠭᠡᠷ ᠠᠷᠢᠭᠢ ᠪᠠᠨ ᠰᠤᠷᠤᠨ᠎ᠠ᠂ ᠶᠠᠰᠤ ᠮᠦᠯᠵᠢᠨ᠎ᠠ᠂ ᠮᠠᠠᠵᠢᠨ ᠶᠢᠡᠨ ᠵᠠᠭᠤᠨ᠎ᠠ᠂ ᠮᠠᠷᠰᠠᠭᠠᠨᠠᠨ ᠢᠨᠢᠶᠠᠨ᠎ᠠ᠃

6

ᠮᠠᠩᠬᠠᠨ ᠠᠢ᠌ᠯ ᠢ ᠬᠠᠷ᠎ᠠ ᠮᠠᠩᠬ᠎ᠠ ᠬᠤᠪᠢᠯᠭᠠᠨ᠎ᠠ᠃ ᠠᠮᠢᠳᠤᠷᠠᠯ ᠢ ᠨᠢ ᠳᠤᠤᠷ᠎ᠠ ᠲᠦᠪᠰᠢᠨ ᠳᠤ ᠳᠤᠯᠭᠠᠨ᠎ᠠ᠃ ᠲᠡᠳᠬᠦᠮᠵᠢ ᠶᠢᠨ ᠮᠥᠩᠭᠦ ᠪᠠᠭᠤᠪᠠᠯ ᠮᠤᠤᠨᠤᠬᠠᠢ ᠨᠠᠶᠠᠠᠳᠠᠢ ᠮᠠᠳᠤ ᠮᠠᠭᠤ ᠰᠠᠢ᠌ᠨ ᠡᠷᠡᠴᠦᠦᠯ ᠳᠤ ᠯᠠᠪ ᠭᠦᠷᠳᠡᠭᠡᠭᠦ ᠦᠭᠡᠶ᠃ ᠪᠠᠶ᠎ᠠ ᠪᠠᠨ ᠮᠠᠳᠠ᠃ ᠪᠠᠶᠠᠷ ᠠᠪᠣ ᠶᠢᠨ ᠶᠢᠡᠨ ᠪᠣᠬᠤᠷ ᠢ ᠨᠢ ᠳᠤᠯᠢᠶᠠ᠂ ᠪᠣᠳᠠᠭ᠎ᠠ ᠵᠤᠭᠤᠰ ᠭᠤᠭᠤᠵᠢᠬᠤ ᠮᠠᠭᠠᠤᠨ᠁ ᠣᠳᠠᠯ ᠦᠭᠡᠶ ᠡᠴᠢᠭᠡ ᠳᠤ ᠪᠠᠨ ᠮᠥᠷᠭᠦᠭᠦ ᠯᠠ ᠭᠡᠷᠡᠭ᠌᠃ ᠡᠯᠳᠡᠪ ᠢ ᠪᠣᠳᠤᠭᠰᠠᠭᠠᠷ ᠰᠢᠷᠡᠭᠡᠨ ᠳᠡᠭᠡᠷ᠎ᠡ ᠪᠠᠨ ᠮᠠᠨᠠᠷᠠᠨ᠎ᠠ᠂ ᠥᠭᠦᠨ᠎ᠡ᠃

7

ᠮᠠᠩᠬᠠᠨ ᠠᠢ᠌ᠯ᠂ ᠮᠠᠩᠬᠠᠨ ᠠᠢ᠌ᠯ᠃ ᠨᠠᠷᠠ ᠮᠠᠩᠬᠠᠨ ᠡᠴᠡ ᠨᠢ ᠣᠷᠭᠤᠵᠤ᠂ ᠰᠠᠷᠠ ᠮᠠᠩᠬᠠᠨ ᠳᠤ ᠨᠢ ᠰᠢᠩᠭᠡᠳᠡᠭ᠌᠃ ᠮᠠᠩᠬᠠᠨ ᠠᠢ᠌ᠯ ᠤᠨ ᠦᠨᠦᠳᠤᠷ ᠡᠢ᠌ᠮᠤ ᠪᠣᠯᠬᠤ ᠳᠤ ᠴᠢ ᠭᠡᠷᠡᠴᠢ ᠪᠣᠯᠬᠤ ᠳᠤ᠂ ᠮᠠᠩᠬᠠᠨ ᠠᠢ᠌ᠯ ᠤᠨ ᠮᠠᠷᠭᠠᠰᠢ ᠶᠠᠮᠠᠷ ᠪᠣᠯᠬᠤ ᠳᠤᠬᠠᠢ᠁



ᠵᠤᠬᠢᠶᠠᠭᠴᠢ ᠶᠢᠨ ᠬᠠᠶ‍ᠢᠭ ᠄ ᠲᠦᠰᠢᠶᠠᠳᠤ ᠬᠤᠰᠢᠭᠤ

ᠵᠤᠬᠢᠶᠠᠭᠴᠢ᠄ ᠥᠡᠳᠦᠷᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6161
ᠴᠠᠭ᠄ 2010 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ