ᠨᠡᠪᠲᠡᠷᠡᠨ ᠤᠷᠤᠬᠤ
ᠭᠦᠡᠳᠡᠯᠡᠨ ᠨᠤᠳᠤᠭ ᠤᠨ ᠭᠦᠮᠤᠨ ᠵᠤᠨ

    ᠭᠦᠡᠳᠡᠯᠡᠨ ᠨᠤᠳᠤᠭ ᠤᠨ ᠭᠦᠮᠤᠨ ᠵᠤᠨ


ᠭᠦᠰᠡᠵᠤ ᠭᠦᠯᠢᠶᠡᠭ᠍ᠰᠡᠨ 2011 ᠣᠨ ᠤ ᠳᠤᠯᠤᠭᠠᠨ ᠰᠠᠷ᠎ᠠ ᠭᠦᠷᠴᠤ ᠢᠷᠠᠯ᠎ᠠ᠃ ᠪᠠᠭᠰᠢ ᠶᠢᠨ ᠠᠯᠪᠠ ᠲᠡᠶ ᠮᠠᠨᠤᠰ ᠤᠨ ᠨᠢᠷᠤᠭᠤ ᠳᠡᠨᠢ᠌ᠭᠦ ᠴᠠᠭ ᠪᠣᠯᠤᠭᠰᠠᠨ ᠳ᠋ᠠ᠃ ᠭᠡᠷ ᠬᠤᠳᠠᠯᠠᠭᠠᠷ ᠶᠢᠡᠷ ᠶᠢᠡᠨ ᠪᠠᠶᠠᠰᠤᠨ ᠭᠦᠭᠡᠷᠦᠯᠳᠦᠭᠦ ᠶᠢᠨ ᠳᠠᠷᠠ᠂ ᠠᠵᠢᠯ ᠠᠯᠪᠠ ᠶᠢᠨ ᠶᠠᠳᠠᠷᠠᠭ᠎ᠠ ᠪᠠᠨ ᠳᠠᠢ᠌ᠯᠬᠤ ᠶᠢᠨ ᠴᠤ ᠳᠠᠷᠠ 《ᠪᠠᠭᠡᠵᠢᠩ ᠬᠠᠮᠢᠭ᠎ᠠ ᠪᠠᠢ᠌ᠨ᠎ᠠ ︖》 ᠭᠡᠮᠡᠨ ᠭᠦᠳᠡᠯᠤᠨ ᠭᠠᠷᠤᠯ᠎ᠠ᠃

ᠳᠤᠭᠤᠷᠢᠵᠤ ᠵᠤᠭᠠᠯᠠᠬᠤ ᠭᠡᠭ᠍ᠴᠢ ᠬᠡᠦᠬᠡᠳ ᠭᠦᠮᠤᠨ ᠤ ᠪᠠᠶᠠᠰᠤᠯ ᠶᠤᠮ ᠳ᠋ᠠ᠃ ᠨᠠᠳᠠ ᠰᠢᠭ ᠨᠠᠰᠤᠨ ᠤ ᠨᠠᠮᠤᠷ ᠲᠤ ᠪᠠᠨ ᠶᠠᠪᠣᠭ᠎ᠠ ᠭᠦᠮᠤᠨ ᠯᠠ ᠬᠡᠦᠬᠡᠳ ᠰᠢᠤᠬᠠᠳ ᠤᠨ ᠶᠢᠡᠨ ᠪᠠᠶᠠᠰᠬᠤ ᠶᠢ ᠳᠠᠭᠠᠵᠤ ᠪᠠᠶᠠᠰᠳᠠᠭ ᠰᠢᠤ ᠳ᠋ᠠ᠃ ᠳᠠᠳᠠᠨ ᠡᠴᠠ ᠪᠠᠨ ᠢᠯᠡᠭᠦᠳᠡᠭᠦ ᠵᠣᠢ᠌ᠯ ᠨᠢ ᠭᠡᠪᠠᠯ ᠣᠴᠢᠷ ᠦᠭᠡᠶ ᠨᠢᠭᠡ ᠶᠠᠭᠤᠮᠠᠨ ᠡᠴᠠ ᠣᠯᠠᠨ ᠶᠠᠭᠤᠮ᠎ᠠ ᠶᠢ ᠬᠤᠯᠪᠤᠨ ᠪᠣᠳᠤᠴᠢᠬᠠᠭᠠᠤᠨ ᠪᠠᠶ᠎ᠠ ᠪᠠᠨ ᠵᠤᠪᠠᠭᠠᠳᠠᠭ ᠳᠠᠳᠤᠢ ᠶᠤᠮ᠃ ᠬᠡᠦᠬᠡᠳ ᠤᠳ ᠮᠢᠨᠢ ᠵᠠᠮ ᠳᠤᠷᠰᠢ ᠳᠠᠷᠪᠠᠨ ᠪᠠᠶᠠᠰᠴᠤ ᠶᠠᠪᠣᠯ᠎ᠠ᠂ ᠪᠢ ᠵᠠᠮ ᠳᠠᠭᠤᠰᠤᠨ ᠣᠯᠠᠨ ᠣᠯᠠᠨ ᠪᠣᠳᠤᠯ ᠳᠤ ᠡᠭᠦᠷᠳᠦᠵᠤ ᠶᠠᠪᠣᠯ᠎ᠠ᠃ ᠡ᠊ᠨᠳᠡ ᠪᠣᠳᠤᠯ ᠤᠨ ᠲᠦᠮᠡᠨ ᠣᠴᠢᠭ ᠡᠴᠠ ᠭᠠᠭᠴᠠ ᠬᠤᠶᠠᠷ ᠢ ᠳᠠᠰᠤᠳᠠᠨ ᠳᠡᠮᠳᠡᠭᠯᠡᠵᠤ ᠳᠠᠨᠠᠷ ᠲᠤ ᠪᠠᠨ ᠰᠤᠨᠢᠷᠬᠠᠭᠤᠯᠤᠶ᠎ᠠ᠃ ᠳᠠᠷᠠᠭ᠎ᠠ ᠳᠠᠷᠠᠭᠠᠴᠢ ᠶᠢᠨ ᠵᠤᠭᠠᠴᠠᠯ ᠳᠤ ᠴᠢᠨᠢ ᠯᠠᠪᠯᠠᠯᠳᠠ ᠪᠣᠯᠬᠤ ᠴᠤ ᠶᠠᠭᠤ ᠮᠠᠭᠠᠤᠨ᠃


    ᠳᠠᠭᠠᠭᠠᠴᠠ ᠨᠢ ᠭᠦᠡᠳᠦᠳᠡᠭ᠍ᠰᠡᠨ ᠳᠢᠪ ᠳᠡᠯᠡᠭᠡᠢ


《ᠡᠭᠦᠳᠡ ᠡᠭᠦᠳᠡ ᠶᠢᠨ ᠡᠮᠤᠨ᠎ᠡ ᠡᠴᠠ ᠪᠠᠭᠡᠵᠢᠩ ᠣᠷᠤᠬᠤ ᠵᠠᠮ ᠳᠠᠢ》 ᠭᠡᠭ᠍ᠴᠢ ᠪᠠᠷ᠂ ᠳᠤᠯᠤᠭᠠᠨ ᠰᠠᠷ᠎ᠠ ᠶᠢᠨ ᠠᠷᠪᠠᠨ ᠨᠢ᠋ᠮᠠᠨ ᠳᠤ᠂ ᠰᠦᠩ ᠶᠤᠸᠠᠨ ᠊᠊᠊᠊᠊᠊᠊᠊᠊᠊᠊᠊᠊᠊᠊᠊᠊᠊᠊᠊᠊᠊᠊᠊᠊ ᠪᠠᠭᠡᠵᠢᠩ ᠳᠤ ᠨᠡᠪᠳᠡᠷᠡᠭᠦ ᠳᠡᠷᠭᠡ ᠶᠢ ᠳᠤᠰᠤᠨ ᠰᠠᠭᠤᠭᠠᠤᠨ ᠭᠦᠮᠤᠨ ᠤ ᠨᠤᠳᠤᠭ ᠭᠦᠡᠳᠡᠯᠡᠨ ᠭᠠᠵᠠᠷ ᠵᠥᠭ᠌ ᠳᠠᠪᠭᠢᠨ ᠭᠠᠷᠤᠯ᠎ᠠ᠃

2589 ᠨᠤᠮᠸᠷᠳᠤ ᠠᠶᠠᠠᠴᠢᠳ ᠤᠨ ᠭᠠᠯᠳᠤ ᠳᠡᠷᠭᠡ ᠲᠦᠩᠯᠢᠶᠤᠤ ᠭᠠᠠᠵᠤᠭ᠎ᠠ ᠶᠢ ᠠᠷᠤ ᠳᠤ ᠪᠠᠨ ᠣᠷᠭᠢᠨ᠂ ᠯᠢᠶᠤᠤᠨᠢᠩ ᠮᠤᠵᠢ ᠶᠢᠨ ᠷᠠᠰᠢᠶᠠᠨ᠂ ᠵᠠᠩᠭ᠋ᠤᠤᠳᠠᠢ ᠁ ᠶᠢ ᠦᠣᠠᠳᠤᠷ ᠰᠤᠠᠳᠠᠯᠠᠨ ᠾᠧᠪᠧᠢ ᠮᠤᠵᠢ ᠶᠢᠨ ᠵᠢᠷᠤᠭ ᠢ ᠴᠢᠭᠯᠡᠨ ᠳᠠᠪᠭᠢᠨ᠎ᠠ᠃ ᠯᠢᠶᠤᠤᠨᠢᠩ ᠮᠤᠵᠢ ᠶᠢᠨ ᠷᠠᠰᠢᠶᠠᠨ ᠢ ᠭᠠᠷᠤᠮᠠᠭᠴᠠ ᠭᠠᠵᠠᠷ ᠨᠤᠳᠤᠭ ᠤᠨ ᠪᠠᠢ᠌ᠳᠠᠯ ᠪᠠᠢ᠌ᠴᠠ ᠣᠠᠳᠤᠤ ᠪᠣᠯᠵᠤ᠂ ᠳᠡᠭ᠍ᠰᠢᠭᠡᠨ ᠳᠠᠯ᠎ᠠ᠂ ᠪᠣᠷᠳᠤᠰ ᠵᠤ᠋ ᠪᠠᠷ ᠭᠤᠤᠯᠯᠠᠭᠰᠠᠨ ᠬᠠᠷᠠᠭᠳᠠᠨ᠎ᠠ᠃ ᠣᠢ᠌ᠵᠢᠭᠤᠯᠵᠤ ᠨᠤᠭᠤᠭᠠᠷᠠᠭᠤᠯᠵᠤ ᠪᠠᠢ᠌ᠭ᠎ᠠ ᠳᠠᠯ᠎ᠠ ᠪᠠᠷ ᠶᠢᠡᠨ ᠮᠠᠨ ᠤ ᠭᠢᠨ ᠡᠴᠠ ᠳᠠᠪᠠᠮᠠᠷ ᠰᠠᠨᠠᠭᠳᠠᠪᠠᠴᠤ ᠠᠢ᠌ᠯ ᠡᠷᠦᠭᠡ ᠦᠷᠭᠦᠯᠵᠢᠯᠡᠵᠤ᠂ ᠳᠡᠷᠭᠡ ᠣᠨᠤᠭ᠎ᠠ ᠣᠯᠠᠰᠢᠷᠠᠵᠤ ᠪᠠᠢ᠌ᠭ᠎ᠠ ᠡᠴᠠ ᠨᠢ ᠦᠵᠠᠪᠠᠯ ᠭᠦᠮᠤᠨ ᠠᠮᠠ ᠶᠢᠨ ᠨᠢᠭᠳᠠᠴᠠ ᠨᠢ ᠮᠠᠨ ᠤ ᠭᠢᠨ ᠡᠴᠠ ᠦᠯᠡᠭᠦᠤ ᠭᠡᠳᠡᠭ᠌ ᠨᠢ ᠢᠯᠠᠳᠳᠠ᠃ 《ᠰᠡᠭ᠍ᠰᠡᠭᠡᠷ ᠪᠣᠯᠪᠠᠴᠤ ᠡᠵᠢ ᠮᠢᠨᠢ᠂ ᠰᠡᠢ᠌ᠮᠡᠭᠡᠢ ᠪᠣᠯᠪᠠᠴᠤ ᠭᠡᠷ ᠮᠢᠨᠢ》 ᠭᠡᠭ᠍ᠴᠢ ᠪᠠᠷ ᠦᠰᠴᠤ ᠳᠦᠷᠦᠭ᠍ᠰᠡᠨ ᠦᠯᠦᠭᠡᠢ ᠨᠤᠳᠤᠭ ᠮᠢᠨᠢ ᠭᠡᠳᠥᠢᠪᠠᠷ ᠡᠯᠡᠰᠦᠷᠭᠡᠭ᠍ᠵᠢᠵᠤ ᠮᠠᠩᠬᠠᠵᠢᠭᠰᠠᠨ ᠪᠣᠯᠪᠠᠴᠤ ᠭᠦᠮᠤᠨ ᠤ ᠨᠤᠳᠤᠭ ᠲᠡᠶ ᠬᠠᠷᠢᠴᠠᠭᠤᠯᠪᠠᠯ ᠳᠡᠨᠢᠭᠡᠷ ᠬᠠᠨᠠᠭᠠᠷ᠂ ᠠᠭᠤᠵᠢᠮ ᠴᠢᠯᠦᠭᠡᠳᠡᠢ᠂ ᠠᠭᠠᠷ ᠨᠢ ᠴᠠᠪᠠᠷ ᠴᠡᠩᠭᠡᠷ᠂ ᠭᠦᠮᠤᠨ ᠨᠢ ᠭᠦᠷᠳᠡᠯ᠎ᠡ ᠪᠣᠢ᠌ᠵᠢᠯᠳᠠ ᠪᠠᠷ ᠭᠦᠢᠴᠡᠳ ᠭᠦᠳᠡᠷ ᠴᠠᠭᠢᠷᠠᠭ ᠬᠠᠷᠠᠭᠳᠠᠨ᠎ᠠ᠃

ᠦᠳᠡ ᠶᠢᠨ ᠬᠣᠢ᠌ᠨᠠᠭᠢ ᠨᠢᠭᠡ ᠴᠠᠭ ᠬᠠᠭᠠᠰ ᠤᠨ ᠦᠶ᠎ᠡ ᠪᠠᠷ ᠭᠠᠯᠳᠤ ᠳᠡᠷᠭᠡ ᠾᠧᠪᠧᠢ ᠮᠤᠵᠢ ᠶᠢᠨ ᠯᠤᠸᠠᠨ ᠰᠢᠶᠠᠨ ᠳᠤ ᠭᠦᠷᠦᠭᠡᠳ ᠭᠡᠨᠡᠳᠲᠡ ᠭᠦᠳᠡᠯᠭᠦ ᠪᠠᠨ ᠪᠣᠯᠢᠪᠠ᠃ ᠪᠢ᠂ ᠡᠨᠡ ᠴᠤᠬᠤᠮ ᠶᠠᠭᠤ ᠪᠣᠯᠪᠠ ᠭᠡᠵᠤ ᠰᠠᠨᠠᠨ ᠪᠠᠢ᠌ᠳᠠᠯ᠎ᠠ ᠮᠢᠨᠤ ᠵᠡᠷᠭᠡᠯᠡᠳᠡᠭᠡ ᠣᠠᠳᠠᠬᠤ ᠣᠷᠤ ᠶᠢᠨ ᠯᠢᠤ ᠣᠪᠣᠭᠳᠤ ᠭᠢᠳᠠᠤᠨ ᠨᠠᠰᠤᠳᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠳᠡᠷᠭᠡ ᠡ᠊ᠨᠳᠡ ᠢᠷᠠᠪᠠᠯ᠂ ᠣᠠᠴᠠ ᠬᠤᠷᠳᠤᠴᠠᠳᠤ ᠳᠡᠷᠭᠡᠨ ᠳᠤ ᠪᠠᠨ ᠵᠠᠮ ᠳᠠᠯᠪᠢᠨ ᠥᠭ᠍ᠴᠤ᠂ ᠦᠷᠭᠦᠯᠵᠢ ᠴᠠᠭ᠂ ᠬᠤᠶᠠᠷ ᠴᠠᠭ ᠶᠢᠡᠷ ᠴᠤ ᠭᠦᠯᠢᠶᠡᠨ ᠵᠤᠭᠰᠤᠳᠠᠭ ᠭᠡᠵᠤ ᠮᠡᠷᠭᠡᠯᠡᠨ᠎ᠡ᠃ ᠣᠳᠤ ᠡᠨᠡ ᠳᠡᠷᠭᠡ ᠨᠢ ᠬᠤᠷᠳᠤᠨ ᠳᠡᠷᠭᠡ ᠪᠢᠰᠢ ᠬᠠᠷᠢᠨ ᠥᠭᠡᠷ ᠬᠠᠰᠠᠭ ᠡᠴᠠ ᠴᠤ ᠴᠠᠰᠢ ᠶᠠᠭᠤᠮ᠎ᠠ ᠪᠣᠯᠤᠭᠠᠤᠨ ᠵᠠᠩ ᠳᠦᠷᠭᠡᠨ ᠠᠶᠠᠠᠴᠢᠳ ᠤᠨ ᠬᠠᠷᠢᠶᠠᠯ ᠵᠥᠭᠡᠯ ᠢ ᠠᠮᠰᠠᠨ᠎ᠠ᠃ ᠡᠨᠡ ᠶᠤᠰᠤᠳᠠᠢ 《ᠪᠢ ᠶᠠᠪᠣᠵᠤ ᠪᠠᠢ᠌ᠨ᠎ᠠ ᠪᠠᠭᠡᠵᠢᠩ ᠵᠤᠭᠰᠤᠵᠤ ᠪᠠᠢ᠌ᠨ᠎ᠡ》 ᠭᠡᠳᠡᠭ᠌ ᠪᠢᠰᠢ ᠬᠠᠷᠢᠨ ᠪᠢ ᠵᠤᠭᠰᠤᠵᠤ ᠪᠠᠢ᠌ᠨ᠎ᠠ ᠪᠠᠭᠡᠵᠢᠩ ᠶᠠᠪᠣᠵᠤ ᠪᠠᠢ᠌ᠨ᠎ᠠ ᠭᠡᠭ᠍ᠴᠢ ᠪᠣᠯᠤᠯ᠎ᠠ ᠶᠤᠮ ᠪᠠᠢ᠌ᠨ᠎ᠠ᠃ ᠾᠧᠪᠧᠢ ᠮᠤᠵᠢ ᠶᠢᠨ ᠯᠤᠸᠠᠨ ᠰᠢᠶᠠᠨ ᠭᠡᠭ᠍ᠴᠢ ᠣᠤᠯ ᠨᠢ ᠠᠷᠠᠤᠨ ᠲᠦᠮᠡᠨ ᠤ ᠰᠢᠳᠤᠷᠭᠤ ᠵᠠᠷᠤᠴᠠ ᠭᠡᠵᠤ ᠦᠨᠳᠦᠷ ᠥᠨᠡᠯᠡᠭ᠍ᠳᠡᠵᠤ ᠪᠠᠢ᠌ᠭᠰᠠᠨ ᠯᠠᠨ ᠺᠠᠤᠤ ᠰᠢᠶᠠᠨ ᠤ ᠨᠠᠮ ᠤᠨ ᠬᠤᠷᠢᠶᠠᠨ ᠤ ᠱᠦᠵᠢ — ᠵᠢᠶᠤᠤ ᠢᠤᠢ ᠯᠤ ᠶᠢᠨ ᠳᠦᠷᠦᠭ᠍ᠰᠡᠨ ᠨᠤᠳᠤᠭ ᠪᠠᠢ᠌ᠭ᠎ᠠ᠃ ᠵᠢᠶᠤᠤ ᠢᠤᠢ ᠯᠤ ᠭᠡᠪᠠᠯ ᠦᠨᠦᠳᠤᠷ ᠤᠨ ᠵᠠᠯᠠᠭᠤᠰ ᠣᠯᠠᠩᠭᠢ ᠨᠢ ᠭᠡᠨ ᠪᠣᠢ ᠭᠡᠭᠦ ᠨᠢ ᠮᠠᠭᠠᠤᠨ ᠶᠤᠮ᠃ ᠴᠠᠭ ᠤᠨ ᠣᠷᠤᠰᠬᠠᠯ ᠭᠡᠵᠤ ᠶᠠᠭᠤ ᠪᠦᠭᠦᠨ ᠢ ᠴᠦᠯᠤᠪ ᠣᠭᠢᠶᠠᠨ ᠠᠷᠢᠯᠭᠠᠳᠠᠭ ᠭᠦᠴᠦᠳᠡᠢ ᠡᠳ᠋ ᠪᠠᠢ᠌ᠭ᠎ᠠ ᠬᠣᠢ᠌ᠨ᠎ᠠ ᠶᠠᠭᠠᠭᠢᠶ᠎ᠠ ᠭᠡᠭᠦ ᠪᠣᠢ ᠭᠡᠵᠤ ᠪᠣᠳᠤᠨ ᠪᠠᠢ᠌ᠳᠠᠯ᠎ᠠ ᠨᠥᠭᠦᠭᠡ ᠳᠠᠷᠠ ᠯᠢᠤ ᠨᠠᠰᠤᠳᠠᠨ᠄

᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠥᠭᠦᠷ ᠳᠠ᠂ ᠡᠨᠡ ᠯᠤᠸᠠᠨ ᠰᠢᠶᠠᠨ ᠳᠤ ᠺᠠᠢ ᠯᠤᠸᠠᠨ ᠤ ᠨᠡᠭᠦᠷᠡᠰᠤᠨ ᠠᠭᠤᠷᠬᠠᠢ ᠭᠡᠵᠤ ᠪᠠᠢ᠌ᠭᠰᠠᠨ ᠢ ᠰᠤᠨᠤᠰᠴᠤ ᠥᠩᠭᠡᠷᠡᠭ᠍ᠰᠡᠨ ᠪᠢᠵᠠ᠃ 1976 ᠣᠨ ᠤ ᠳᠠᠩᠱᠠᠨ ᠤ ᠶᠡᠭᠡ ᠭᠠᠵᠠᠷ ᠭᠦᠳᠡᠯᠦᠯᠳᠡ ᠳᠤ ᠶᠤᠰᠤᠳᠠᠢ ᠬᠠᠷᠠᠯᠠᠵᠤ ᠳᠦᠭᠦᠷᠦᠯ᠎ᠡ ᠰᠢᠤ ᠭᠡᠵᠤ ᠥᠭᠡ ᠡᠭᠦᠰᠭᠡᠯ᠎ᠡ᠁

ᠣᠤᠯ ᠨᠢ ᠡᠨᠡ ᠨᠠᠰᠤᠳᠠᠨ᠂ ᠵᠠᠯᠠᠭᠤ ᠳᠤ ᠪᠠᠨ ᠺᠠᠢ ᠯᠤᠸᠠᠨ ᠤ ᠨᠡᠭᠦᠷᠡᠰᠤᠨ ᠠᠭᠤᠷᠬᠠᠢ ᠶᠢᠨ ᠨᠢᠭᠡᠳᠦᠭᠡᠷ ᠠᠭᠤᠷᠬᠠᠢ ᠶᠢᠨ ᠬᠤᠳᠳᠤᠭ ᠤᠨ ᠬᠤᠰᠢᠭᠤᠴᠢ ᠳᠤᠭᠣᠢ᠌ᠯᠠᠩ ᠤᠨ ᠳᠠᠷᠤᠭ᠎ᠠ ᠪᠠᠢ᠌ᠭᠰᠠᠨ ᠪᠠᠢ᠌ᠵᠠᠢ᠃ ᠭᠠᠵᠠᠷ ᠭᠦᠳᠡᠯᠭᠦ ᠡᠴᠠ ᠡᠮᠤᠨ᠎ᠡ ᠡᠳᠦᠷ ᠨᠢ ᠮᠠᠰᠢᠨ ᠳᠤᠨᠤᠭ ᠣᠷᠤᠭᠤᠯᠬᠤ ᠪᠠᠷ ᠳᠢᠶᠠᠠᠵᠢᠨ ᠭᠠᠷᠠᠮ ᠭᠦᠷᠦᠭᠡᠳ ᠡᠨᠡᠭᠦ ᠳᠤᠮᠤ ᠠᠶᠤᠯ ᠡᠴᠠ ᠮᠤᠯᠳᠤᠷᠠᠯ᠎ᠠ ᠭᠡᠨ᠎ᠡ᠃ ᠭᠠᠵᠠᠷ ᠭᠦᠳᠡᠯᠦᠯᠳᠡ ᠶᠢᠨ ᠳᠠᠷᠠᠭ᠎ᠠ ᠴᠢᠯᠦᠭᠡᠯᠡᠭᠦ ᠴᠡᠷᠢᠭ᠌ ᠤᠨ ᠠᠴᠢᠶᠠᠨ ᠤ ᠮᠠᠰᠢᠨ ᠳᠤ ᠠᠴᠢᠭᠳᠠᠵᠤ ᠨᠢᠭᠡ ᠰᠦᠨᠢ ᠨᠢᠭᠡ ᠡᠳᠦᠷ ᠵᠤᠪᠠᠨ ᠵᠦᠳᠠᠵᠤ ᠭᠦᠷᠴᠤ ᠢᠷᠡᠭᠦ ᠳᠤ᠂ ᠠᠭᠤᠷᠬᠠᠢ ᠶᠢᠨ ᠬᠤᠳᠳᠤᠭ ᠤᠨ ᠠᠮᠠ ᠨᠢ ᠨᠤᠷᠠᠨ ᠪᠦᠭᠯᠡᠷᠡᠵᠤ᠂ ᠠᠭᠤᠷᠬᠠᠢ ᠳᠤ ᠣᠷᠤᠬᠤ ᠵᠠᠮ ᠳᠠᠮᠤᠷ ᠨᠢ ᠳᠠᠮᠤᠭᠰᠠᠨ ᠣᠳᠠᠰᠤ ᠰᠢᠭ ᠪᠣᠯᠵᠤ ᠠᠪᠬᠤ ᠶᠢᠨ ᠳᠠᠮᠳᠤᠭ ᠦᠭᠡᠶ ᠪᠣᠯᠤᠭᠰᠠᠨ ᠭᠡᠨ᠎ᠡ᠃ ᠳᠤᠬᠠᠢ ᠶᠢᠨ ᠦᠶ᠎ᠡ ᠶᠢᠨ ᠨᠥᠭᠦᠴᠡᠯ ᠪᠣᠯᠤᠯᠴᠠᠭ᠎ᠠ ᠶᠢᠨ ᠭᠢᠵᠠᠭᠠᠷᠯᠠᠯ ᠡᠴᠠ ᠪᠣᠯᠵᠤ ᠠᠪᠣᠷᠠᠭᠳᠠᠵᠤ ᠭᠠᠷᠤᠭᠰᠠᠤᠨ ᠲᠤᠢ᠌ᠯ ᠤᠨ ᠴᠥᠭᠡᠨ᠂ ᠬᠤᠰᠢᠭᠤᠴᠢ ᠳᠤᠭᠣᠢ᠌ᠯᠠᠩ ᠤᠨ ᠭᠢᠨ ᠳᠡᠭᠦᠨ ᠢ ᠪᠠᠭᠳᠠᠭᠠᠭᠠᠤᠨ ᠭᠤᠷᠪᠠᠬᠠᠨ ᠭᠦᠮᠤᠨ ᠠᠮᠢᠳᠤ ᠭᠠᠷᠤᠯ᠎ᠠ ᠭᠡᠵᠤ ᠶᠠᠷᠢᠭᠠᠤᠨ ᠭᠡᠰᠡᠭ᠌ ᠳᠠᠭ ᠴᠢᠭ ᠪᠣᠯᠪᠠ᠃ ᠪᠣᠳᠤᠪᠠᠯ ᠥᠩᠭᠡᠷᠡᠭ᠍ᠰᠡᠨ ᠤ ᠡᠮᠭᠡᠨᠢᠯᠳᠤ ᠶᠠᠪᠣᠳᠠᠯ ᠭᠦᠭᠡᠷᠦᠭᠦᠢ ᠨᠠᠰᠤᠳᠠᠨ ᠤ ᠵᠢᠷᠦᠭᠡ ᠶᠢ ᠨᠢ ᠰᠢᠪᠦᠭᠡᠳᠡᠭ᠍ᠰᠡᠨ ᠪᠣᠯᠤᠯᠳᠠᠢ᠃ ᠠᠢ᠂ ᠮᠠᠬᠠᠪᠣᠤᠨ ᠤᠨ ᠰᠢᠷᠬ᠎ᠠ ᠰᠤᠷᠪᠢ ᠭᠢᠯᠪᠠᠷᠬᠠᠨ ᠠᠨᠠᠵᠤ ᠡᠳᠡᠭᠡᠭᠦ ᠳᠤ᠂ ᠰᠡᠳᠭᠢᠯ ᠤᠨ ᠰᠢᠷᠬᠠᠯᠠᠯ ᠭᠡᠵᠤ ᠳᠠᠢ᠌ᠮᠤ ᠠᠮᠠᠷᠬᠠᠨ ᠠᠨᠠᠵᠤ ᠡᠳᠡᠭᠡᠵᠤ ᠥᠭ᠍ᠳᠡᠭ᠌ ᠶᠠᠭᠤᠮ᠎ᠠ ᠪᠢᠰᠢ ᠶᠤᠮ ᠪᠠᠢ᠌ᠨ᠎ᠠ ᠰᠢᠤ᠃

ᠭᠡᠰᠡᠭ᠌ ᠬᠤᠭᠤᠴᠠᠭ᠎ᠠ ᠥᠩᠭᠡᠷᠡᠵᠤ ᠡᠪᠦᠭᠡᠨ ᠳᠠᠢ᠌ᠪᠣᠰᠢᠷᠠᠭᠰᠠᠨ ᠤ ᠳᠠᠷᠠᠭ᠎ᠠ ᠪᠢᠳᠠ ᠬᠤᠶᠠᠷ ᠪᠠᠰᠠ ᠵᠢᠭᠠᠯ ᠵᠤᠭᠠᠯ ᠵᠤᠭᠤᠭᠳᠠᠵᠤ ᠥᠩᠭᠡᠷᠡᠵᠡᠢ᠃ ᠨᠠᠰᠤᠳᠠᠨ ᠠᠵᠢᠯ ᠡᠴᠠ ᠪᠠᠨ ᠳᠠᠷᠬᠠᠯᠠᠭᠳᠠᠭᠠᠤᠨ ᠬᠤᠷᠢᠭᠠᠤᠨ ᠢᠯᠡᠭᠦᠤ ᠵᠢᠯ ᠪᠣᠯᠵᠤ ᠪᠠᠢ᠌ᠬᠤ ᠪᠦᠭᠡᠳ ᠣᠳᠤ ᠳᠢᠶᠠᠠᠵᠢᠨ ᠳᠤ ᠪᠠᠢ᠌ᠭ᠎ᠠ ᠭᠡᠦᠭᠡᠨ ᠭᠦᠷᠭᠡᠨ ᠤ ᠳᠤ ᠪᠠᠨ ᠥᠳᠡᠯᠦᠭᠡ ᠨᠠᠰᠤ ᠪᠠᠨ ᠵᠢᠷᠭᠠᠯᠳᠠᠢ ᠥᠩᠭᠡᠷᠡᠭᠡᠵᠤ ᠪᠠᠢ᠌ᠨ᠎ᠠ ᠭᠡᠨ᠎ᠡ᠃ ᠺᠠᠢ ᠯᠤᠸᠠᠨ ᠤ ᠨᠡᠭᠦᠷᠡᠰᠤᠨ ᠠᠭᠤᠷᠬᠠᠢ ᠨᠢ ᠴᠤ ᠭᠡᠮᠵᠢᠶ᠎ᠡ ᠬᠤᠷᠢᠭ᠎ᠠ ᠦᠭᠡᠶ ᠭᠡᠳᠤ ᠣᠬᠤᠵᠤ ᠮᠠᠯᠳᠠᠭᠰᠠᠭᠠᠷ ᠪᠠᠢ᠌ᠭᠠᠤᠨ ᠮᠦᠨ ᠡᠪᠦᠭᠡᠨ ᠲᠡᠶ ᠠᠳᠠᠯᠢ ᠳᠠᠷᠬᠠᠯᠠᠭᠳᠠᠬᠤ ᠪᠣᠯᠵᠠᠢ ᠭᠡᠵᠤ ᠭᠡᠯᠡᠭᠡᠳ ᠶᠤᠵᠠ ᠮᠠᠭᠤᠳᠠᠢ ᠢᠨᠢᠶᠡᠮᠰᠦᠭᠯᠡᠪᠡ᠃

ᠪᠢᠳᠠ ᠬᠤᠶᠠᠷ ᠤᠨ ᠶᠠᠷᠢᠯᠴᠠᠭ᠎ᠠ ᠢᠩᠭᠢᠭᠡᠳ ᠳᠠᠭᠤᠰᠴᠠᠢ᠃ ᠪᠢ ᠳᠡᠷᠭᠡᠨ ᠴᠤᠩᠬᠤ ᠪᠠᠷ ᠭᠠᠳᠠᠭᠰᠢ ᠬᠠᠷᠠᠪᠠᠯ᠂ ᠦᠨᠦᠳᠤᠷ ᠤᠨ ᠯᠤᠸᠠᠨ ᠰᠢᠶᠠᠨ ᠦᠳᠡ ᠶᠢᠨ ᠨᠠᠷᠠᠨ ᠤ ᠳᠤᠤᠷ᠎ᠠ ᠠᠭᠤᠷ ᠣᠳᠤᠭᠠᠨ ᠤ ᠳᠤᠮᠳᠠ ᠰᠦᠮᠠᠢ᠌ᠵᠤ᠂ ᠳᠤᠭ᠎ᠠ ᠳᠤᠮᠰᠢ ᠦᠭᠡᠶ ᠠᠭᠤᠷᠬᠠᠢ ᠶᠢᠨ ᠠᠵᠢᠯᠳᠠᠨ ᠤ ᠵᠠᠯᠠᠭᠤ ᠬᠠᠯᠠᠭᠤᠨ ᠠᠮᠢ ᠨᠠᠰᠤ ᠶᠢ ᠵᠠᠯᠭᠢᠭᠰᠠᠨ ᠶᠢᠡᠨ ᠦᠴᠦᠭᠡᠨ ᠴᠤ ᠮᠡᠳᠡᠭ᠍ᠳᠡᠯ ᠦᠭᠡᠶ ᠪᠠᠷᠠᠭᠠᠠᠳᠠᠨ ᠬᠠᠷᠠᠭᠳᠠᠨ᠎ᠠ᠃ ᠭᠠᠵᠠᠷ ᠤᠨ ᠢᠯᠠ ᠪᠠᠢ᠌ᠭ᠎ᠠ ᠡᠳ᠋ ᠠᠭᠤᠷᠰᠤᠨ ᠶᠢᠡᠨ ᠴᠦᠯᠪᠠᠵᠤ ᠪᠠᠷᠠᠭᠰᠠᠨ ᠭᠦᠮᠤᠨ ᠳᠦᠷᠤᠯᠭᠢᠳᠠᠨ᠂ ᠭᠠᠵᠠᠷ ᠤᠨ ᠳᠠᠯᠳᠠ ᠭᠢ ᠪᠠᠨ ᠴᠤ ᠮᠠᠯᠳᠠᠨ ᠳᠤᠠᠳᠠᠷᠠᠭᠤᠯᠵᠤ ᠪᠠᠢ᠌ᠨ᠎ᠠ᠃ ᠳᠠᠷᠠᠭ᠎ᠠ ᠳᠠᠷᠠᠭᠠᠴᠢ ᠶᠢᠨ ᠵᠠᠭᠤᠨ ᠳᠤ ᠪᠠᠨ ᠶᠠᠭᠤ ᠪᠠᠨ ᠮᠠᠯᠳᠠᠳᠠᠭ ᠪᠣᠯ ᠳ᠋ᠠ ︖

ᠭᠠᠯᠳᠤ ᠳᠡᠷᠭᠡ ᠶᠢᠨ ᠱᠤᠤᠭᠢᠯ ᠣᠷᠳᠤ ᠡᠴᠠ ᠣᠷᠳᠤ ᠳᠤᠤᠭᠠᠷᠴᠤ ᠳᠡᠷᠭᠡ ᠭᠦᠳᠡᠯᠦᠯ᠎ᠡ ᠪᠣᠯᠤᠯᠳᠠᠢ ᠶᠤᠭᠤᠵᠤ ᠡᠭᠢᠯᠡᠪᠡ᠃ ᠯᠤᠸᠠᠨ ᠰᠢᠶᠠᠨ ᠡᠴᠠ ᠪᠠᠷᠠᠭᠤᠠᠰᠢᠯᠠᠬᠤ ᠳᠤᠳᠤᠮ ᠬᠤᠳᠠ ᠪᠠᠯᠭᠠᠤᠨ ᠣᠯᠠᠰᠢᠷᠠᠵᠤ ᠪᠠᠷᠤᠭ ᠯᠠ ᠯᠤᠸᠠᠨ ᠰᠢᠶᠠᠨ᠂ ᠳᠠᠩᠱᠠᠨ᠂ ᠳᠢᠶᠠᠠᠵᠢᠨ ᠭᠤᠷᠪᠠ ᠶᠢ ᠬᠤᠭᠤᠷᠤᠠᠳᠤ ᠨᠢ ᠬᠤᠯᠪᠣᠭᠠᠤᠨ ᠬᠠᠶᠠᠴᠢᠬᠠᠭᠰᠠᠨ ᠶᠤᠮ ᠰᠢᠭ ᠳᠦᠷᠦᠭ᠍ᠳᠡᠯ ᠦᠭ‍ᠭᠦᠨ᠎ᠡ᠃ ᠪᠢ ᠡᠨᠡ ᠵᠠᠮ ᠶᠢᠡᠷ ᠰᠠ‍‌ᠶᠢ ᠵᠠᠮᠨᠠᠵᠤ ᠪᠠᠢ᠌ᠭ᠎ᠠ ᠪᠢᠰᠢ᠃ ᠭᠡᠪᠠᠴᠤ ᠥᠩᠭᠡᠷᠡᠭ᠍ᠰᠡᠨ ᠥᠩᠭᠡᠷᠡᠭ᠍ᠰᠡᠨ ᠶᠢᠡᠨ ᠪᠣᠳᠤᠪᠠᠯ ᠦᠰᠤᠳ ᠥᠭᠡᠷ᠎ᠡ ᠪᠣᠯᠵᠠᠢ᠃ ᠡᠭᠦᠨ ᠢ ᠭᠦᠭ᠍ᠵᠢᠯ᠎ᠡ ᠭᠡᠭᠦ ᠶᠤᠮ ᠦᠦ ︖ ᠭᠦᠮᠤᠨ ᠠᠮᠢᠳᠠᠨ ᠣᠯᠠᠰᠢᠷᠠᠯ᠎ᠠ ᠭᠡᠭᠦ ᠶᠤᠮ ᠦᠦ ᠪᠣᠤ ᠮᠠᠳᠠ᠃ ᠬᠠᠷᠠᠭ᠎ᠠ ᠭᠦᠷᠭᠦ ᠶᠢᠨ ᠭᠡᠮᠵᠢᠶᠡᠨ ᠳᠤ ᠠᠢ᠌ᠯ ᠡᠷᠦᠭᠡ ᠶᠠᠭᠰᠢᠷᠠᠵᠤ᠂ ᠦᠨᠳᠦᠷ ᠬᠤᠯᠠᠩ ᠳᠤᠮᠤ ᠠᠰᠠᠷ ᠤᠳ ᠵᠢᠷᠤᠪᠭᠢᠨ ᠥᠩᠭᠡᠷᠡᠵᠤ᠂ ᠬᠤᠳᠠ ᠡᠴᠠ ᠭᠠᠷᠤᠭ᠎ᠠ ᠦᠭᠡᠶ ᠶᠤᠮ ᠰᠢᠭ᠌ ᠳᠦᠷᠦᠭ᠍ᠳᠡᠯ ᠦᠭ‍ᠭᠦᠨ᠎ᠡ᠃ ᠪᠠᠯᠭᠠᠤᠨ ᠪᠠᠯᠭᠠᠤᠨ ᠤᠨ ᠬᠤᠭᠤᠷᠤᠠᠳᠤᠭᠢ ᠵᠠᠢ ᠶᠢ ᠴᠤ ᠡ᠊ᠨᠳᠡᠭᠢ ᠭᠦᠮᠦᠰ ᠴᠤᠬᠤᠮ ᠭᠦ ᠰᠠᠢ᠌ᠬᠠᠨ ᠠᠰᠢᠭᠯᠠᠯ᠎ᠠ ᠭᠡᠵᠤ ᠭᠡᠯᠡᠵᠤ ᠪᠣᠯᠤᠨ᠎ᠠ᠃ ᠪᠠᠷᠤᠭ ᠯᠠ ᠠᠯᠠᠭᠠᠨ ᠭᠢᠷᠢ ᠭᠠᠵᠠᠷ ᠢ ᠴᠤ ᠰᠤᠯᠠ ᠬᠠᠶᠠᠭᠰᠠᠨ ᠦᠭᠡᠶ ᠬᠠᠷᠠᠭᠳᠠᠨ᠎ᠠ᠃ ᠳᠦᠷᠪᠠᠯᠵᠢᠯᠠᠨ ᠳᠠᠷᠢᠭᠰᠠᠨ ᠵᠣᠢ᠌ᠯ ᠤᠨ ᠣᠷᠭᠤᠮᠠᠯ ᠳᠠᠷᠢᠶ᠎ᠠ ᠣᠷᠠᠨ ᠣᠬᠠᠭᠠᠨ ᠲᠡᠶ ᠣᠶᠤᠳᠠᠯᠴᠢᠨ ᠤ ᠭᠠᠷ ᠶᠢᠡᠷ ᠵᠣᠢ᠌ᠵᠤ ᠪᠦᠳᠦᠭᠡᠭ᠍ᠳᠡᠭ᠍ᠰᠡᠨ ᠵᠣᠢ᠌ᠳᠠᠰᠤ ᠨᠥᠭᠦᠭᠡᠰᠤ ᠰᠢᠭ᠌ ᠠᠯᠠᠭᠯᠠᠨ ᠬᠠᠷᠠᠭᠳᠠᠬᠤ ᠪᠦᠭᠡᠳ ᠨᠠᠩ ᠴᠢᠨᠠᠭᠰᠢᠯᠠᠭᠠᠤᠨ ᠵᠠᠮ ᠳᠠᠮᠤᠷ ᠢ ᠬᠠᠰᠢᠵᠤ ᠬᠠᠮᠠᠭᠠᠯᠠᠭᠰᠠᠨ ᠰᠠᠷᠠᠯᠵᠢ ᠶᠢᠨ ᠳᠤᠤᠷ ᠤᠨ ᠣᠭ ᠭᠦᠷᠳᠡᠯ᠎ᠡ ᠦᠷᠭᠦᠯᠵᠢᠯᠡᠵᠡᠢ᠃ ᠡᠷᠭᠢ ᠰᠤᠵᠠᠭ ᠤᠨ ᠦᠴᠦᠭᠡᠨ ᠵᠠᠢ᠂ ᠵᠢᠵᠢᠭ᠍‍ᠬᠡᠨ ᠪᠣᠯᠤᠩ ᠳᠤᠬᠤᠢ ᠭᠡᠵᠤ ᠦᠯᠡᠳᠡᠭᠡᠯ ᠦᠭᠡᠶ ᠰᠤᠩᠭᠢᠨ᠎ᠠ᠂ ᠰᠠᠷᠢᠮᠰᠠᠭ ᠵᠡᠷᠭᠡ ᠶᠠᠩᠵᠤ ᠶᠢᠨ ᠢᠳᠠᠰᠢᠨ ᠨᠤᠭᠤᠭ᠎ᠠ ᠶᠢ ᠳᠠᠷᠢᠭᠰᠠᠨ ᠨᠢ ᠭᠠᠵᠠᠷ ᠨᠤᠳᠤᠭ ᠤᠨ ᠬᠤᠪᠣᠷ ᠬᠤᠮᠰᠠ ᠶᠢ ᠬᠠᠷᠠᠭᠤᠯᠵᠤ ᠪᠠᠢ᠌ᠭ᠎ᠠ ᠴᠤ ᠭᠡᠮᠡᠷ᠂ ᠪᠠᠰᠠᠴᠤ ᠭᠢᠳᠠᠳᠴᠤᠳ ᠤᠨ ᠠᠵᠢᠯᠴᠢ ᠠᠷᠪᠢᠴᠢ ᠶᠢ ᠦᠵᠡᠭᠦᠯᠵᠤ ᠪᠠᠢ᠌ᠭ᠎ᠠ ᠴᠤ ᠭᠡᠮᠡᠷ ᠶᠤᠮ᠃ ᠶᠠᠭᠤᠨ ᠤ ᠭᠢᠨᠢ ᠳᠠᠢ᠌ᠮᠤ ᠪᠠᠢ᠌ᠬᠤ ᠳ᠋ᠠ᠂ ᠥᠨᠡᠳᠡᠭᠡᠨ ᠭᠦᠮᠤᠨ ᠪᠠᠢ᠌ᠭᠠᠯᠢ ᠶᠢᠨ ᠳᠡᠩᠴᠡᠭᠦᠷᠢ ᠠᠯᠳᠠᠭᠳᠠᠭᠠᠤᠨ ᠭᠠᠯᠪᠠ ᠳᠠᠭᠠᠭᠠᠬᠤ ᠪᠠᠨ ᠪᠣᠯᠢᠪᠠ ᠭᠡᠪᠠᠯ ᠬᠠᠮᠤᠭ ᠣᠨᠤᠭᠰᠠᠨ ᠥᠭᠡ ᠪᠠᠢ᠌ᠵᠤ ᠮᠠᠳᠠᠨ᠎ᠠ᠃ ᠭᠦᠮᠤᠨ ᠨᠢ ᠣᠯᠠᠳᠠᠬᠤ ᠪᠠᠷ ᠶᠢᠡᠨ ᠶᠠᠭᠤᠮ᠎ᠠ ᠨᠢ ᠬᠤᠪᠣᠷᠳᠠᠨ᠎ᠠ᠂ ᠶᠠᠭᠤᠮ᠎ᠠ ᠨᠢ ᠬᠤᠪᠣᠷᠳᠠᠪᠠᠯ ᠦᠨ᠎ᠡ ᠨᠢ ᠦᠰᠤᠨ᠎ᠠ᠃ ᠡᠭᠦᠨ ᠶᠢᠡᠨ ᠳᠠᠭᠠᠯᠳᠤᠭᠠᠤᠨ ᠬᠤᠳᠠᠯ ᠶᠠᠭᠤᠮ᠎ᠠ᠂ ᠬᠠᠭᠤᠷᠮᠠᠭ ᠶᠠᠭᠤᠮ᠎ᠠ ᠴᠢᠨᠠᠭᠰᠢᠯᠠᠭᠠᠤᠨ ᠬᠤᠤᠷᠳᠠᠢ ᠶᠠᠭᠤᠮ᠎ᠠ ᠴᠤ ᠳᠠᠭᠠᠯᠳᠤᠨ ᠭᠠᠷᠴᠤ ᠢᠷᠡᠳᠡᠭ᠌ ᠪᠢᠵᠠ᠃

ᠪᠢᠳᠠ ᠨᠤᠳᠤᠭ ᠣᠰᠤᠨ ᠤ ᠪᠠᠨ ᠬᠠᠯᠠᠭᠤᠨ ᠦᠷᠤᠴᠠᠨ ᠳᠤ ᠡᠷᠭᠡ ᠳᠤᠷ᠎ᠠ ᠪᠠᠷ ᠶᠢᠡᠨ ᠠᠮᠢᠳᠤᠷᠠᠬᠤ ᠳᠤ ᠪᠠᠨ ᠳᠡᠭᠦᠨ ᠤ ᠠᠭᠤᠳᠠᠮ ᠳᠡᠨᠢᠭᠡᠷ᠂ ᠥᠭ᠍‍ᠭᠢᠶᠡᠮᠦᠷᠴᠢ ᠰᠠᠢ᠌ᠬᠠᠨ ᠢ ᠶᠠᠷᠤ ᠰᠠᠨᠠᠵᠤ ᠣᠯᠳᠠᠭ ᠦᠭᠡᠶ᠂ ᠨᠠᠩ ᠵᠠᠷᠢᠮᠠᠤᠨ ᠨᠢ ᠳᠤᠭᠤᠳᠠᠭ ᠰᠠᠭᠤᠬᠤ ᠦᠭᠡᠶ ᠳᠠᠤᠯᠠᠢ ᠪᠠᠭᠠᠬᠤ ᠦᠭᠡᠶ ᠭᠠᠵᠠᠷ ᠭᠡᠵᠤ ᠱᠠᠯ ᠳᠤᠭᠤᠬᠤ ᠦᠭᠡᠶ ᠶᠠᠷᠢᠨ᠎ᠠ᠃ ᠳᠠᠢ᠌ᠮᠤ ᠪᠠᠷ ᠶᠢᠡᠨ ᠳᠡᠯᠡᠭᠡᠢ ᠶ‍ᠢᠷᠳᠢᠠᠴᠤ ᠪᠠᠷ ᠶᠢᠡᠨ ᠭᠠᠵᠠᠷ ᠨᠤᠳᠤᠭ᠂ ᠡᠳ᠋ ᠪᠠᠶᠠᠯᠢᠭ᠂ ᠡᠨᠧᠷᠭᠢ ᠰᠤᠷᠪᠣᠯᠵᠢ ᠭᠡᠵᠤ ᠶᠡᠭᠡ ᠶᠠᠪᠣᠳᠠᠯ ᠪᠣᠯᠵᠤ᠂ ᠪᠣᠯᠢᠶᠠᠯᠳᠤᠭᠠᠨ ᠳᠤᠯᠤᠯᠳᠤᠭᠠᠨ ᠪᠣᠯᠵᠠᠭᠠᠵᠤ ᠪᠠᠢ᠌ᠭ᠎ᠠ ᠶᠢ ᠣᠭᠳᠤ ᠠᠵᠢᠶᠠᠷᠠᠯ ᠦᠭᠡᠶ ᠭᠠᠵᠠᠷ ᠨᠤᠳᠤᠭ ᠶᠢᠡᠨ ᠳᠦᠷᠢᠶᠡᠰᠦᠯᠡᠭᠦᠯᠵᠤ ᠯᠠ ᠪᠠᠢ᠌ᠨ᠎ᠠ᠂ ᠬᠤᠳᠠᠯᠳᠤᠵᠤ ᠯᠠ ᠪᠠᠢ᠌ᠬᠤ ᠦᠭᠡᠶ ᠦᠦ᠃ ᠣᠯᠢᠭ ᠪᠣᠯᠤᠭᠰᠠᠨ ᠳᠸᠯᠸᠢᠰ ᠵᠥᠴᠦᠭᠡ ᠰᠤᠨᠢᠷᠬᠠᠬᠤ ᠶᠢᠨ ᠬᠤᠭᠤᠷᠤᠠᠳᠤ ᠵᠥᠭᠡᠷ ᠰᠢᠭ᠌ ᠨᠤᠮ ᠵᠤᠬᠢᠶᠠᠯ ᠡᠴᠠ ᠣᠩᠰᠢᠵᠤ ᠪᠠᠢ ᠭᠡᠵᠤ ᠭᠡᠯᠡᠮᠡᠷ ᠰᠠᠨᠠᠭᠳᠠᠨ᠎ᠠ᠃ ᠳᠡᠭᠦᠨ ᠤ ᠳᠤᠳᠤᠷ᠎ᠠ᠄ 《᠁ ᠮᠠᠨ ᠤ ᠠᠷᠢᠭᠤᠨ ᠴᠡᠩᠭᠡᠭ᠌ ᠠᠭᠠᠷ ᠢ ᠣᠭᠤᠳᠠ ᠪᠠᠷ ᠵᠥᠭᠡᠭᠡᠵᠤ᠂ ᠮᠠᠨ ᠤ ᠳᠡᠭ᠍ᠷᠢ ᠡᠯᠡᠰᠤ ᠶᠢ ᠵᠢᠩᠯᠠᠵᠤ ᠠᠪᠬᠤ ᠡᠳᠦᠷ ᠪᠣᠢ ᠰᠢᠤ》 ᠭᠡᠭᠦ ᠰᠤᠳᠤᠨ ᠥᠭᠡᠰ ᠪᠣᠢ᠂ ᠳᠡᠭᠦᠨ ᠳᠤ ᠠᠭᠤᠯᠤᠭᠰᠠᠨ ᠠᠭᠤᠤ ᠰᠠᠨᠠᠭ᠎ᠠ ᠭᠦᠡᠵᠡᠭᠡᠢ ᠣᠬᠠᠮᠰᠠᠷ ᠢ ᠰᠢᠡᠵᠢᠭᠦ ᠴᠢᠬᠤᠯᠠᠳᠠᠢ᠃ ᠨᠤᠮ ᠣᠩᠰᠢ ᠭᠡᠵᠤ ᠭᠡᠯᠡᠭᠦ ᠶᠢᠨ ᠰᠠᠴᠠᠭᠤ ᠮᠠᠨ ᠤ ᠭᠢᠳ ᠤᠨ ᠶᠢᠡᠨ ᠨᠤᠮ ᠣᠩᠰᠢᠳᠠᠭ ᠦᠭᠡᠶ ᠵᠠᠩ ᠢ ᠰᠠᠨᠠᠵᠤ ᠣᠯᠪᠠ᠃ ᠳᠡᠯᠡᠭᠡᠢ ᠨᠠᠢ᠌ᠳᠠ ᠳᠤ ᠨᠤᠮ ᠣᠩᠰᠢᠬᠤ ᠳᠠᠳᠬᠠᠯ ᠶᠢᠡᠷ ᠶᠢᠡᠨ ᠢᠪᠷᠠᠢ᠂ ᠠᠩᠯᠢ᠂ ᠶᠠᠫᠣᠨ᠁ ᠭᠡᠭᠦ ᠮᠠᠳᠤᠰ ᠤᠨ ᠦᠨᠳᠦᠰᠦᠳᠠᠨ ᠦᠵᠦᠭᠦᠷᠯᠡᠵᠤ ᠪᠠᠢ᠌ᠬᠤ ᠳᠤ ᠳᠠᠪᠤᠨ ᠮᠢᠩᠭ᠋ᠠᠨ ᠵᠢᠯ ᠤᠨ ᠪᠣᠯᠪᠠᠰᠤᠨ ᠳᠡᠦᠭᠡ ᠲᠡᠶ ᠭᠢᠳᠠᠳᠴᠤᠳ ᠳᠤᠭᠠᠨ ᠳᠤ ᠦᠭᠡᠶ᠂ ᠳᠢᠪ ᠰᠤᠠᠳᠠᠯᠠᠭᠰᠠᠨ ᠳᠡᠦᠭᠡ ᠲᠡᠶ ᠮᠤᠩᠭ᠋ᠤᠯᠴᠤᠳ ᠳᠤᠭᠤᠰᠤᠨ ᠳᠤ ᠨᠢ ᠴᠤ ᠦᠭᠡᠶ᠃ ᠮᠤᠩᠭ᠋ᠤᠯᠴᠤᠳ ᠤᠨ ᠳᠤᠳᠤᠷ᠎ᠠ ᠣᠶᠤᠳᠠᠨ ᠰᠡᠭᠡᠭᠡᠳᠡᠨ ᠭᠠᠷᠤᠯ ᠲᠡᠶ ᠭᠦᠮᠦᠰ ᠴᠤ ᠨᠤᠮ ᠣᠩᠰᠢᠬᠤ ᠳᠠᠳᠬᠠᠯ ᠶᠢᠡᠨ ᠳᠠᠶᠠᠭᠳᠠᠵᠤ ᠪᠠᠢ᠌ᠭ᠎ᠠ ᠶᠤᠮ ᠴᠢᠨᠢ ᠨᠠᠩ ᠥᠭᠡᠷ᠎ᠡ ᠪᠢᠰᠢᠨ ᠢ ᠨᠢ ᠶᠠᠭᠤ ᠭᠡᠯᠡᠭᠦ ᠶᠤᠮ ᠪᠣᠢ᠃

ᠭᠠᠯᠳᠤ ᠳᠡᠷᠭᠡ ᠣᠭᠤᠭᠢᠯᠠᠵᠤ ᠠᠭᠠᠭᠢᠯᠠᠭᠰᠠᠭᠠᠷ ᠪᠦᠷᠦᠢ ᠳᠠᠰᠤᠷᠠᠬᠤ ᠶᠢᠨ ᠠᠯᠳᠠ ᠳᠤ ᠳᠠᠩᠱᠠᠨ ᠦᠷᠳᠡᠭᠡ ᠭᠦᠷᠪᠡ᠃

ᠦᠨᠦᠳᠤᠷ ᠤᠨ ᠳᠠᠩᠱᠠᠨ ᠨᠢ ᠦᠳᠡᠰᠢ ᠶᠢᠨ ᠭᠦᠰᠢᠭᠡᠨ ᠤ ᠳᠤᠮᠳᠠ ᠥᠩᠭᠡ ᠶᠢᠨ ᠳ᠋ᠸᠩ ᠭᠢᠯᠠᠯᠵᠠᠭᠤᠯᠤᠭᠰᠠᠨ ᠣᠳᠤᠭᠢᠴᠢᠯᠠᠭᠰᠠᠨ ᠳᠤᠮᠤ ᠬᠤᠳᠠᠨ ᠤ ᠵᠠᠩᠭᠢ ᠶᠢ ᠠᠶᠠᠠᠴᠢᠳ ᠤᠨ ᠬᠠᠷᠠᠭ᠎ᠠ ᠳᠤ ᠳᠠᠮᠵᠢᠭᠤᠯᠤᠨ᠎ᠠ᠃ ᠭᠡᠳᠥᠢᠪᠠᠷ ᠪᠠᠭᠤᠵᠤ ᠳᠤᠭᠤᠷᠢᠬᠤ ᠵᠠᠪᠰᠢᠶᠠᠨ ᠬᠠᠷᠠᠬᠠᠨ ᠪᠠᠢ᠌ᠭᠰᠠᠨ ᠦᠭᠡᠶ ᠴᠤ ᠬᠠᠷᠠᠭ᠎ᠠ ᠭᠦᠷᠭᠦ ᠶᠢᠨ ᠵᠠᠢ ᠳ᠋ᠠᠭᠢ ᠭᠠᠯᠪᠢᠷ ᠳᠦᠷᠭᠦ ᠡᠴᠠ ᠨᠢ ᠭᠦᠭ᠍ᠵᠢᠯ ᠪᠠᠳᠠᠷᠠᠯ᠂ ᠭᠦᠭ᠍ᠵᠢᠶᠡᠨ ᠨᠠᠷᠭᠢᠶᠠᠨ ᠨᠢ ᠮᠡᠳᠡᠷᠡᠭ᠍ᠳᠡᠨ᠎ᠡ᠃ ᠳᠦᠴᠢᠭᠡᠳ ᠵᠢᠯ ᠤᠨ ᠡᠮᠤᠨ᠎ᠡ ᠭᠦᠡᠳᠤ ᠭᠠᠢ ᠳᠤ ᠨᠡᠷᠪᠠᠭ᠍ᠳᠡᠭ᠍ᠰᠡᠨ ᠣᠷᠤ ᠮᠦᠷ ᠦᠴᠦᠭᠡᠨ ᠴᠤ ᠦᠯᠤ ᠬᠠᠷᠠᠭᠳᠠᠨ᠎ᠠ᠃ ᠭᠦᠮᠤᠨ ᠳᠦᠷᠤᠯᠭᠢᠳᠠᠨ ᠤ ᠰᠢᠷᠬ᠎ᠠ ᠰᠤᠷᠪᠢ ᠭᠡᠭ᠍ᠴᠢ ᠭᠡᠴᠢᠨᠡᠨ ᠴᠤ ᠳᠦᠷᠭᠡᠨ ᠠᠨᠠᠵᠤ ᠡᠳᠡᠭᠡᠭᠦ ᠪᠣᠢ ᠳ᠋ᠠ᠃ ᠭᠦᠮᠤᠨ ᠳᠦᠷᠤᠯᠭᠢᠳᠠᠨ ᠦᠪᠡᠷ ᠢ ᠪᠠᠨ ᠠᠮᠢᠳᠠᠨ ᠤ ᠣᠭᠢ ᠮᠠᠩᠯᠠᠢ ᠭᠡᠳᠡᠭ᠌ ᠴᠤ ᠠᠪᠣᠷᠭᠤ ᠪᠠᠢ᠌ᠭᠠᠯᠢ ᠶᠢᠨ ᠳᠤᠮᠤ ᠭᠦᠴᠤᠨ ᠤ ᠡᠮᠤᠨ᠎ᠡ ᠭᠡᠴᠢᠨᠡᠨ ᠭᠡᠪᠠᠷᠡᠭ᠌ ᠪᠠᠭᠤᠷᠠᠢ ᠠᠵᠠᠢ᠃ ᠳᠠᠩᠱᠠᠨ ᠴᠤ ᠳᠠᠷᠠ᠂ ᠸᠧᠨ ᠴᠤᠸᠠᠨ ᠴᠤ ᠳᠠᠷᠠ᠂ ᠶᠠᠫᠣᠨ ᠠᠷᠠᠯ ᠴᠤ ᠳᠠᠷᠠ ᠶᠡᠭᠡ ᠪᠠᠢ᠌ᠭᠠᠯᠢ ᠶᠢᠨ ᠦᠴᠦᠭᠡᠨ ᠰᠢᠯᠭᠡᠭᠡᠯᠳᠡ ᠶᠢ ᠳᠠᠭᠠᠭᠠᠯ ᠦᠭᠡᠶ ᠪᠠᠢ᠌ᠳᠠᠭ ᠪᠠᠢ᠌ᠨ᠎ᠠ᠃ ᠳᠠᠢ᠌ᠮᠤ ᠡᠴᠠ ᠶᠡᠭᠡ ᠪᠠᠢ᠌ᠭᠠᠯᠢ ᠪᠠᠨ ᠰᠢᠳᠤᠨ ᠪᠢᠰᠢᠷᠠᠵᠤ᠂ ᠬᠠᠢ᠌ᠷᠠᠯᠠᠨ ᠭᠢᠮᠠᠭᠠᠳᠠᠬᠤ ᠨᠢ ᠲᠦᠮᠡᠨ ᠵᠦᠪ ᠳ᠋ᠠ ᠭᠡᠵᠤ ᠡᠯᠳᠡᠪ ᠬᠠᠷ᠎ᠠ ᠶᠢᠨ ᠶᠠᠭᠤᠮ᠎ᠠ ᠪᠣᠳᠤᠨ ᠰᠠᠭᠤᠬᠤ ᠳᠤ ᠨᠣᠢ᠌ᠷ ᠭᠦᠷᠭᠦ ᠰᠢᠭ᠌ ᠪᠣᠯᠪᠠ᠃

ᠨᠢᠳᠤᠨ ᠤ ᠬᠤᠷᠤ ᠶᠢ ᠭᠠᠷᠭᠠᠬᠤ ᠭᠡᠵᠤ ᠳᠤᠭᠭᠢᠬᠤ ᠶᠢᠨ ᠵᠠᠭᠤᠷ᠎ᠠ ᠮᠠᠨ ᠤ ᠵᠤᠷᠢᠭᠰᠠᠨ ᠭᠠᠵᠠᠷ ᠊᠊᠊᠊᠊᠊᠊᠊᠊᠊᠊᠊᠊᠊᠊᠊᠊᠊᠊᠊᠊᠊᠊᠊᠊᠊᠊᠊ ᠠᠭᠤᠤ ᠨᠠᠢ᠌ᠰᠯᠠᠯ ᠪᠠᠭᠡᠵᠢᠩ ᠨᠢᠭᠡᠨᠲᠡ ᠭᠦᠷᠴᠢᠭᠡᠭ᠍ᠰᠡᠨ ᠠᠵᠤᠭᠤ᠃


    ᠭᠠᠢ᠌ᠬᠠᠮᠰᠢᠭᠳᠤ 《ᠰᠢᠪᠠᠭᠤᠬᠠᠢ ᠶᠢᠨ ᠡᠭᠦᠷ》᠂ 《ᠪᠣᠯᠤᠷ ᠣᠷᠳᠤᠨ》


ᠳᠤᠯᠤᠭᠠᠨ ᠰᠠᠷ᠎ᠠ ᠶᠢᠨ ᠠᠷᠪᠠ ᠶ‍ᠢᠰᠤᠨ ᠤ ᠦᠷᠯᠦᠭᠡ ᠶᠢᠨ ᠳᠤᠯᠤᠭᠠᠨ ᠴᠠᠭ ᠬᠠᠭᠠᠰ ᠲᠤ ᠴᠢᠶᠠᠨ ᠮᠧᠨ ᠤ ᠭᠠᠵᠠᠷ ᠳᠤᠤᠷᠠᠭᠢ ᠳᠠᠮᠤᠷ ᠵᠠᠮ ᠤᠨ ᠦᠷᠳᠡᠭᠡᠨ ᠡᠴᠠ ᠳᠡᠷᠭᠡᠨ ᠳᠤ ᠰᠠᠭᠤᠵᠤ᠂ ᠬᠤᠶᠠᠷ ᠣᠳᠠᠭ᠎ᠠ ᠱᠤᠭᠤᠮ ᠰᠤᠯᠢᠭᠠᠤᠨ 《ᠣᠯᠢᠮᠫᠢᠺ ᠴᠡᠴᠡᠷᠯᠢᠭ᠌》 ᠭᠡᠭ᠍ᠴᠢ ᠦᠷᠳᠡᠭᠡᠨ ᠳᠤ ᠭᠦᠷᠴᠤ᠂ ᠦᠷᠳᠡᠭᠡᠨ ᠠᠮᠠ ᠪᠠᠷ ᠭᠠᠷᠴᠤ ᠣᠴᠢᠯ᠎ᠠ᠃ ᠦᠵᠠᠰᠠ ︕ ᠬᠤᠷᠢ ᠶ‍ᠢᠰᠦᠳᠦᠭᠡᠷ ᠬᠤᠭᠤᠴᠠᠭᠠᠨ ᠤ ᠳᠡᠯᠡᠭᠡᠢ ᠶᠢᠨ ᠣᠯᠢᠮᠫᠢᠺ ᠤᠨ ᠦᠯᠵᠠᠢ᠌ᠳᠤ ᠪᠠᠮᠪᠠᠷ ᠳᠦᠷᠠᠯᠵᠠᠨ ᠨᠤᠴᠤᠵᠤ ᠥᠩᠭᠡᠷᠡᠭ᠍ᠰᠡᠨ ᠰᠠᠢ᠌ᠬᠠᠨ ᠣᠷᠤᠨ ᠳᠤ ᠭᠦᠷᠦᠭᠡᠳ ᠢᠷᠡᠭ᠍ᠰᠡᠨ ᠠᠵᠤᠭᠤ᠃

ᠪᠠᠭᠡᠵᠢᠩ ᠬᠤᠳᠠ ᠶᠢᠨ ᠪᠣᠰᠤᠳ ᠭᠠᠵᠠᠷ ᠤᠳ ᠲᠡᠶ ᠬᠠᠷᠢᠴᠠᠭᠤᠯᠪᠠᠯ ᠡ᠊ᠨᠳᠡ ᠨᠠᠯᠢᠶᠠᠤᠨ ᠠᠭᠤᠵᠢᠮ ᠰᠠᠷᠠᠭᠤᠯᠬᠠᠨ ᠬᠠᠷᠠᠭᠳᠠᠨ᠎ᠠ᠃ ᠦᠷᠳᠡᠭᠡᠨ ᠠᠮᠠ ᠡᠴᠠ ᠦᠷᠭᠦᠯᠵᠢᠯᠡᠭ᠍ᠰᠡᠨ ᠨᠠᠷᠢᠬᠠᠨ ᠴᠠᠷᠳᠠᠮᠠᠯ ᠵᠠᠮ ᠤᠨ ᠡᠮᠤᠨ᠎ᠡ ᠳᠠᠯ᠎ᠠ ᠳᠤ ᠨᠢ ᠪᠣᠯᠵᠤᠮᠤᠷ ᠰᠢᠪᠠᠭᠤᠬᠠᠢ ᠶᠢᠨ ᠡᠭᠦᠷ ᠭᠡᠮᠡᠷ 《ᠨᠢᠶᠤᠤ ᠴᠤᠤ》 ᠪᠠᠷᠢᠯᠭ᠎ᠠ ᠰᠦᠨᠳᠠᠷᠯᠠᠵᠤ᠂ ᠵᠠᠮ ᠤᠨ ᠬᠣᠢ᠌ᠳᠤ ᠳᠠᠯ᠎ᠠ ᠳᠤ ᠨᠢ ᠣᠰᠤᠨ ᠪᠣᠯᠤᠷ ᠣᠷᠳᠤᠨ 《ᠱᠦᠢ ᠯᠢ ᠹᠠᠩ》 ᠪᠠ 《ᠣᠯᠤᠰ ᠤᠨ ᠣᠯᠢᠮᠫᠢᠺ ᠤᠨ ᠳᠠᠮᠢᠷ ᠤᠨ ᠭᠦᠢᠰᠤ》 ᠭᠡᠭ᠍ᠴᠢ ᠬᠤᠶᠠᠷ ᠳᠤᠮᠤ ᠪᠠᠷᠢᠯᠭ᠎ᠠ ᠵᠠᠮ ᠬᠠᠪᠴᠢᠨ ᠪᠠᠢ᠌ᠷᠢᠯᠠᠵᠠᠢ᠃ ᠬᠤᠯᠠ ᠡᠴᠠ ᠬᠠᠷᠠᠬᠤᠯ᠎ᠠ 《ᠨᠢᠶᠤᠤ ᠴᠤᠤ》 ᠨᠢ ᠥᠨᠡᠭᠡᠷ ᠣᠷᠠᠯᠠᠨ ᠭᠦᠷᠦᠭ᠍ᠰᠡᠨ ᠪᠣᠯᠵᠤᠮᠤᠷ ᠰᠢᠪᠠᠭᠤᠬᠠᠢ ᠶᠢᠨ ᠡᠭᠦᠷ ᠴᠤ ᠭᠡᠮᠡᠷ᠂ ᠳᠡᠭᠦᠵᠢᠯᠡᠭᠦᠷ ᠰᠠᠠᠵᠢ ᠦᠭᠡᠶ ᠰᠠᠭᠰᠤ ᠴᠤ ᠭᠡᠮᠡᠷ ᠬᠠᠷᠠᠭᠳᠠᠨ᠎ᠠ᠃ ᠳᠡᠷᠭᠡᠳᠡ ᠨᠢ ᠭᠦᠷᠦᠭᠡᠳ ᠬᠠᠷᠠᠬᠤ ᠳᠤ᠂ ᠳᠠᠪᠠᠷᠢ ᠪᠠᠭᠳᠠᠮ᠎ᠠ ᠦᠭᠡᠶ ᠪᠦᠳᠦᠭᠦᠨ ᠪᠦᠳᠦᠭᠦᠨ ᠣᠠᠴᠠᠭᠠᠢ ᠳᠡᠮᠦᠷᠯᠢᠭ᠌ ᠶᠢᠡᠷ ᠣᠯᠠᠨ ᠣᠯᠠᠨ 《ᠭᠦᠯ》 ᠭᠢᠭ᠍ᠰᠡᠨ ᠪᠦᠭᠡᠳ ᠮᠦᠨ ᠳᠡᠷᠡᠭᠦ ᠦᠷᠭᠡᠨ ᠮᠦᠷᠳᠡᠭᠡᠨ ᠵᠤᠵᠠᠭᠠᠪᠳᠤᠷ ᠣᠠᠴᠠᠭᠠᠢ ᠳᠡᠮᠦᠷᠯᠢᠭ᠌ ᠶᠢᠡᠷ 《ᠭᠦᠯ》 ᠊ᠤᠳ ᠶᠢᠡᠨ ᠳᠡᠭᠡᠭ᠍ᠰᠢ ᠰᠦᠯᠵᠢᠨ ᠭᠦᠷᠦᠭ᠍ᠰᠡᠨ ᠪᠦᠳᠦᠴᠡ ᠲᠡᠶ ᠪᠠᠢ᠌ᠬᠤ ᠨᠢ ᠪᠣᠳᠠᠳᠠᠢ ᠳᠤᠳᠤ ᠬᠠᠷᠠᠭᠳᠠᠨ᠎ᠠ᠃ ᠳᠡᠭ᠍ᠰᠢ ᠭᠡᠮ ᠭᠡᠮᠵᠢᠶ᠎ᠡ ᠲᠡᠶ ᠰᠦᠯᠵᠢᠮᠠᠯ ᠤᠨ ᠵᠠᠢ ᠳᠤ ᠳᠤᠩᠭ᠋ᠠᠯᠠᠭ᠂ ᠵᠤᠵᠠᠭᠠᠨ᠂ ᠪᠠᠭᠢ ᠭᠢᠴᠠᠳᠠᠢ ᠰᠢᠯ ᠪᠣᠯᠤᠷ ᠳᠠᠭᠠᠷᠠᠭᠤᠯᠤᠭᠰᠠᠨ ᠨᠢ ᠡᠨᠡ ᠪᠠᠷᠢᠯᠭ᠎ᠠ ᠶᠢ ᠣᠯᠠᠮ ᠴᠤ ᠡᠳᠡᠭᠡᠳ ᠭᠤᠶᠤ ᠪᠣᠯᠭᠠᠵᠠᠢ᠃ ᠡᠨᠡᠭᠦ ᠠᠪᠣᠷᠭᠤ ᠪᠠᠷᠢᠯᠭ᠎ᠠ ᠶᠢᠨ ᠳᠠᠪᠬᠤᠷᠯᠢᠭ ᠱᠠᠳᠤ ᠪᠠᠷ ᠳᠤᠭᠤᠷᠢᠨ ᠵᠤᠭᠠᠴᠠᠭᠰᠠᠨ ᠢ ᠳᠤᠤᠷ᠎ᠠ ᠡᠴᠠ ᠬᠠᠷᠠᠪᠠᠯ ᠳᠤᠮᠤ ᠬᠠᠳᠠ ᠠᠰᠬ᠎ᠠ ᠶᠢᠨ ᠳᠡᠭᠡᠷ᠎ᠡ ᠭᠡᠳᠤᠨ ᠰᠢᠪᠠᠵᠢ ᠬᠤᠷᠤᠬᠠᠢ ᠰᠢᠪᠠᠭᠠᠨᠠᠨ ᠭᠦᠳᠡᠯᠭᠦ ᠰᠢᠭ᠌ ᠳᠡᠩᠴᠡᠭᠦᠷᠢ ᠮᠠᠭᠤᠳᠠᠢ ᠬᠠᠷᠠᠭᠳᠠᠨ᠎ᠠ᠃ ᠳᠤᠳᠤᠷ᠎ᠠ ᠨᠢ ᠣᠷᠤᠭᠠᠤᠨ ᠳᠡᠭᠡᠭ᠍ᠰᠢ ᠬᠠᠷᠠᠪᠠᠯ ᠮᠠᠯᠠᠭᠠᠢ ᠣᠨᠠᠮᠠᠷ᠂ ᠳᠦᠷᠪᠠᠨ ᠵᠥᠭ᠌ ᠲᠤ ᠱᠠᠭᠠᠢ᠌ᠪᠠᠯ ᠠᠭᠤᠵᠢᠮ ᠰᠠᠷᠠᠭᠤᠯ᠃ ᠠᠷᠪᠠᠨ ᠲᠦᠮᠡᠨ ᠦᠵᠡᠭ᠍ᠴᠢᠳ ᠢ ᠭᠡᠪᠠᠯᠢ ᠳᠤ ᠪᠠᠨ ᠪᠠᠭᠳᠠᠭᠠᠳᠠᠭ ᠪᠠᠷᠢᠯᠭ᠎ᠠ ᠶᠢ ᠳᠠ ᠶᠠᠭᠤ ᠭᠡᠵᠤ ᠰᠠᠨᠠᠨ᠎ᠠ᠃ ᠣᠳᠤ ᠦᠶ᠎ᠡ ᠶᠢᠨ ᠪᠠᠷᠢᠯᠭ᠎ᠠ ᠶᠢᠨ ᠣᠷ᠎ᠠ ᠳᠠᠷᠬᠠᠤᠨ ᠤᠨ ᠬᠤᠯᠪᠤᠨ ᠪᠣᠳᠤᠯᠳᠠ᠂ ᠪᠦᠳᠦᠭᠡᠯᠴᠢ ᠴᠢᠳᠠᠪᠣᠷᠢ ᠶᠢ ᠱᠠᠭᠰᠢᠨ ᠭᠠᠢ᠌ᠬᠠᠭᠰᠠᠭᠠᠷ 《ᠰᠢᠪᠠᠭᠤᠬᠠᠢ ᠶᠢᠨ ᠡᠭᠦᠷ》 ᠡᠴᠡ ᠭᠠᠷᠴᠤ ᠢᠷᠡᠭᠦ ᠳᠤ ᠭᠠᠳᠠᠨ᠎ᠠ ᠭᠠᠯ ᠳᠦᠭᠡᠨᠡᠭᠦᠷ᠃ ᠬᠡᠦᠬᠡᠳ ᠤᠳ ᠮᠢᠨᠢ 《ᠱᠦᠢ ᠯᠢ ᠹᠠᠩ》 ᠳ᠋ᠤ ᠭᠦᠷᠴᠤ ᠣᠰᠤᠨ ᠳᠤ ᠣᠮᠪᠠᠵᠠᠭᠠᠶ᠎ᠠ ᠭᠡᠭᠦ ᠪᠠᠷ ᠨᠢ ᠳᠦᠷᠪᠠᠭᠦᠯᠡ ᠪᠠᠨ ᠵᠠᠮ ᠣᠭᠳᠤᠯᠤᠨ 《ᠪᠣᠯᠤᠷ ᠣᠷᠳᠤᠨ》 ᠳ᠋ᠤ ᠭᠦᠷᠴᠤ ᠣᠴᠢᠵᠠᠢ᠃

ᠳᠤᠮᠤ ᠬᠠᠯᠢᠮᠤ ᠵᠢᠭᠠᠰᠤᠨ ᠤ ᠠᠮᠠ ᠡᠴᠠ ᠦᠯᠢᠶᠡᠭ᠍ᠳᠡᠨ ᠭᠠᠷᠤᠭᠰᠠᠨ ᠭᠡᠢ ᠭᠦᠭᠡᠰᠤ ᠭᠡᠮᠡᠷ ᠭᠦᠳᠥᠢᠭ᠍ᠰᠡᠨ ᠣᠯᠠᠨ ᠣᠯᠠᠨ ᠵᠢᠷᠭᠤᠭᠠᠯᠵᠢᠨ ᠶᠢᠡᠷ ᠪᠦᠭᠦ ᠪᠠᠶ᠎ᠠ ᠶᠢ ᠨᠢ ᠪᠦᠷᠢᠵᠤ ᠴᠢᠮᠡᠭ᠍ᠰᠡᠨ ᠪᠣᠰᠤᠭ᠎ᠠ ᠳᠦᠷᠪᠠᠯᠵᠢᠨ ᠳᠤᠮᠤ ᠪᠠᠷᠢᠯᠭ᠎ᠠ ᠨᠢ ᠪᠣᠯᠤᠷ ᠣᠷᠳᠤᠨ 《ᠱᠦᠢ ᠯᠢ ᠹᠠᠩ》 ᠠᠵᠠᠢ᠃ ᠳᠡᠳᠡᠭᠡᠷ ᠵᠢᠷᠭᠤᠭᠠᠯᠵᠢᠨ ᠨᠢ ᠣᠠᠴᠠᠭᠠᠢ ᠪᠦᠳᠦᠴᠡ ᠲᠡᠶ ᠰᠢᠨ᠎ᠠ ᠥᠢᠯᠡᠳᠭᠡᠭᠦᠨ ᠮᠦᠷᠳᠡᠭᠡᠨ ᠭᠡᠷᠡᠯ ᠨᠡᠪᠳᠡᠷᠡᠭᠦ ᠴᠢᠳᠠᠪᠭᠢ ᠲᠡᠶ᠂ ᠡᠪᠦᠯ ᠳᠤ ᠪᠠᠨ ᠢᠯᠴᠢ ᠰᠢᠩᠭᠡᠭᠡᠭᠦ ᠣᠢ᠌ᠯᠠᠳᠤᠯ ᠲᠡᠶ ᠶᠠᠭᠤᠮ᠎ᠠ ᠭᠡᠨᠡᠯᠡᠢ᠃ ᠭᠡᠦᠭᠡᠨ ᠮᠢᠨᠢ ᠮᠦᠷᠯᠠᠨ ᠪᠠᠢ᠌ᠵᠤ ᠳᠦᠷᠪᠠᠨ ᠭᠦᠮᠤᠨ ᠤ ᠪᠧᠯᠸᠲ᠋ ᠶᠢᠡᠨ ᠠᠪᠣᠴᠢᠬᠠᠭᠠᠤᠨ ᠪᠢᠳᠠ 《ᠱᠦᠢ ᠯᠢ ᠹᠠᠩ》 ᠊ᠤᠨ ᠡᠭᠦᠳᠡ ᠪᠠᠷ ᠰᠢᠷᠭᠤᠯ᠎ᠠ᠃ ᠭᠠᠳᠠᠨᠠᠭᠢ ᠰᠢᠳᠠᠮ᠎ᠠ ᠬᠠᠯᠠᠭᠤᠨ ᠭᠡᠨᠡᠳᠲᠡ ᠠᠷᠤ ᠳᠤ ᠬᠤᠴᠤᠷᠴᠤ᠂ ᠥᠭᠡᠳᠡ ᠡᠴᠠ ᠰᠡᠷᠢᠭᠦᠨ ᠴᠢᠭᠢᠭ᠍ᠯᠢᠭ᠌ ᠠᠮᠢᠰᠬᠤᠯ ᠦᠯᠢᠶᠡᠭᠦ ᠨᠢ ᠨᠢᠭᠡᠯᠡ ᠊ᠭ᠍ᠱᠡᠨ᠎ᠡ ᠳᠠᠯᠠᠢ ᠳᠠᠩᠭᠢᠰ ᠤᠨ ᠡᠷᠭᠢ ᠭᠦᠪᠠᠭᠡ ᠳᠤ ᠭᠦᠷᠦᠭᠡᠳ ᠢᠷᠡᠴᠢᠭᠡᠭ᠍ᠰᠡᠨ ᠰᠢᠭ᠌ ᠳᠦᠷᠦᠭ᠍ᠳᠡᠯ ᠦᠭ‍ᠭᠦᠨ᠎ᠡ᠃

ᠨᠢᠭᠡᠳᠦᠭᠡᠷ ᠳᠠᠪᠬᠤᠷᠯᠢᠭ ᠲᠤ ᠣᠷᠤᠪᠠᠯ ᠡᠨᠡ ᠪᠠᠷᠢᠯᠭ᠎ᠠ ᠨᠢ ᠭᠠᠵᠠᠷ ᠣᠬᠤᠵᠤ ᠳᠤᠷᠤᠭᠰᠢ ᠭᠦᠡᠵᠢᠭ᠍ᠰᠡᠨ ᠳᠤᠮᠤ ᠪᠠᠷᠢᠯᠭ᠎ᠠ ᠭᠡᠭ᠍ᠴᠢ ᠶᠢ ᠰᠠ‍‌ᠶᠢ ᠮᠠᠳᠠᠵᠤ ᠴᠢᠳᠠᠨ᠎ᠠ᠃ ᠳᠠᠷᠠ ᠨᠢ ᠪᠠᠷᠤᠭ ᠭᠠᠵᠠᠷ ᠤᠨ ᠲᠦᠪᠰᠢᠨ ᠡᠴᠠ ᠳᠤᠷᠤᠭᠰᠢ ᠵᠢᠷᠠ ᠳᠠᠯᠠᠭᠠᠤᠨ ᠮᠸᠲ᠋ᠷ ᠣᠷᠴᠢᠮ ᠳᠤᠷᠤᠭᠰᠢ ᠣᠷᠤᠭᠰᠠᠨ ᠪᠠᠢ᠌ᠳᠠᠭ᠃ ᠣᠷᠳᠤᠨ ᠤ ᠪᠠᠷᠠᠭᠤᠨ ᠭᠠᠷ ᠳᠠᠯ᠎ᠠ ᠶᠢ ᠨᠢ ᠣᠳᠤ ᠥᠭᠡᠷᠡᠴᠢᠯᠡᠨ ᠵᠠᠰᠠᠭᠠᠤᠨ ᠭᠦᠮᠦᠰ ᠤᠨ ᠣᠮᠪᠠᠨ ᠨᠠᠭᠠᠳᠬᠤ᠂ ᠭᠤᠯᠭᠤᠨ ᠣᠷᠤᠰᠬᠤ᠂ ᠣᠷᠤᠰᠬᠠᠯ ᠳᠤ ᠭᠦᠪᠭᠦ᠂ ᠠᠮᠠᠷᠠᠵᠤ ᠰᠡᠯᠡᠭᠦᠴᠡᠭᠦ᠂ ᠢᠳᠡᠭᠡᠨ ᠣᠮᠳᠠᠭᠠᠨ ᠬᠤᠳᠠᠯᠳᠤᠭᠠᠯᠠᠬᠤ ᠵᠡᠷᠭᠡ ᠪᠠᠷ ᠬᠤᠪᠢᠶᠠᠷᠢᠯᠠᠨ᠂ ᠶᠠᠩᠵᠤ ᠶᠢᠨ ᠳᠤᠨᠤᠭ ᠳᠦᠭᠦᠭᠡᠷᠦᠮᠵᠢ ᠣᠭᠰᠠᠷᠠᠵᠤ ᠬᠡᠦᠬᠡᠳ ᠪᠠᠭᠠᠴᠤᠤᠯ᠂ ᠭᠦᠭ᠍ᠰᠢᠨ ᠵᠠᠯᠠᠭᠤᠰ ᠤᠨ ᠴᠡᠩᠭᠡᠯ ᠤᠨ ᠣᠷᠳᠤᠨ ᠪᠣᠯᠭᠠᠵᠠᠢ᠃ ᠪᠠᠷᠠᠭᠤᠨ ᠳᠠᠯ᠎ᠠ ᠶᠢᠨ ᠱᠠᠳᠤ ᠪᠠᠷ ᠳᠤᠷᠤᠭᠰᠢᠯᠠᠨ ᠪᠠᠭᠤᠪᠠᠯ ᠬᠠᠮᠤᠭ ᠳᠡᠷᠢᠭᠦᠨ ᠳᠤ ᠬᠤᠪᠴᠠᠰᠤ ᠬᠤᠨᠠᠷ ᠰᠤᠯᠢᠬᠤ ᠪᠠ ᠬᠤᠷᠢᠶᠠᠨ ᠬᠠᠳᠠᠭᠠᠯᠠᠬᠤ ᠠᠭᠤᠵᠢᠮ ᠳᠢᠩᠭᠢᠮ ᠲᠤᠬᠢᠶᠠᠯᠳᠤᠨ᠎ᠠ᠃ ᠪᠢ ᠴᠤ ᠬᠡᠦᠬᠡᠳ ᠤᠳ ᠤᠨ ᠱᠠᠯᠠᠯᠭ᠎ᠠ ᠪᠠᠷ ᠣᠮᠪᠠᠯᠳᠠ ᠶᠢᠨ ᠬᠤᠪᠴᠠᠰᠤ ᠡᠴᠠ ᠨᠢᠭᠡ ᠶᠢ ᠠᠪᠴᠤ ᠡᠮᠦᠰᠦᠭᠡᠳ ᠣᠰᠤᠨ ᠳᠤ ᠣᠷᠤᠵᠠᠢ᠃ ᠭᠡᠢ᠌ᠯᠡᠭ᠍ᠰᠡᠨ ᠰᠦᠯᠢᠶᠤᠤ ᠴᠠᠭᠠᠷᠢᠭ ᠢ ᠰᠤᠭᠤᠪᠴᠢᠯᠠᠨ ᠣᠷᠤᠰᠬᠠᠯ ᠤᠨ ᠡᠩ᠎ ᠶᠢ ᠳᠠᠭᠠᠵᠤ ᠭᠦᠪᠴᠤ ᠪᠠᠢ᠌ᠳᠠᠯ᠎ᠠ ᠭᠦᠤ ᠮᠢᠨᠢ ᠳᠡᠷᠭᠡᠳᠡ ᠢᠷᠡᠭᠡᠳ 《ᠣᠰᠤᠨ ᠬᠤᠭᠤᠯᠠᠢ》 ᠪᠠᠷ ᠭᠤᠯᠭᠤᠨ ᠨᠠᠭᠠᠳᠤᠶ᠎ᠠ ᠭᠡᠭᠦ ᠶᠤᠮ ᠪᠢᠯᠠ᠃ ᠳᠠᠷᠠ ᠨᠢ ᠭᠤᠴᠢᠭᠠᠤᠨ ᠢᠯᠡᠭᠦᠤ ᠮᠸᠲ᠋ᠷ ᠦᠨᠳᠦᠷ ᠳᠡᠭᠡᠷ᠎ᠡ ᠡᠴᠠ ᠳᠤᠷᠤᠭᠰᠢ ᠪᠠᠨ ᠮᠤᠷᠤᠯᠵᠠᠨ ᠮᠤᠰᠭᠢᠷᠠᠭᠰᠠᠨ ᠪᠦᠳᠦᠭᠦᠨ ᠣᠰᠤᠨ ᠬᠤᠭᠤᠯᠠᠢ ᠪᠠᠷ ᠭᠠᠭᠴᠠ ᠪᠣᠶᠤ ᠬᠤᠶᠠᠷ ᠭᠦᠮᠤᠨ ᠤ ᠰᠠᠭᠤᠬᠤ ᠭᠡᠢ᠌ᠯᠡᠭ᠍ᠰᠡᠨ ᠣᠩᠭ᠋ᠤᠴᠠᠨ ᠪᠠᠷ ᠳᠤᠷᠤᠭᠰᠢ ᠭᠤᠯᠭᠤᠨ ᠪᠠᠭᠤᠬᠤ ᠭᠡᠨᠡᠨ ᠨᠠᠭᠠᠳᠤᠮ ᠭᠡᠨ᠎ᠡ ᠪᠢᠯᠠ᠃ ᠮᠤᠷᠤᠯᠵᠠᠭᠰᠠᠨ ᠱᠠᠳᠤ ᠪᠠᠷ ᠥᠭ᠍ᠰᠤᠨ ᠭᠠᠷᠤᠭᠠᠤᠨ ᠳᠤᠷᠤᠭᠰᠢ ᠬᠠᠷᠠᠬᠤ ᠳᠤ ᠠᠢ᠌ᠳᠠᠰ ᠭᠦᠷᠭᠦ ᠰᠢᠭ᠌ ᠪᠣᠯᠪᠠ᠃ ᠡᠷ᠎ᠡ ᠭᠦᠮᠤᠨ ᠤ ᠨᠡᠷᠡᠯᠭᠡᠤ ᠪᠣᠳᠤᠯ ᠶᠢᠡᠷ ᠨᠢᠭᠤᠷ ᠶᠢᠡᠨ ᠰᠢᠷᠢᠯᠠᠨ ᠭᠡᠢ᠌ᠯᠡᠭ᠍ᠰᠡᠨ ᠣᠩᠭ᠋ᠤᠴᠠᠨ ᠳᠤ ᠭᠠᠷᠴᠤ ᠰᠠᠭᠤᠯ᠎ᠠ᠃ ᠥᠢᠯᠡᠴᠢᠯᠡᠭ᠍ᠴᠢ ᠵᠠᠯᠠᠭᠤ ᠠᠩᠬᠠᠷᠬᠤ ᠵᠣᠢ᠌ᠯ ᠡᠨᠡ ᠳᠠᠷᠠ ᠭᠡᠵᠤ ᠪᠠᠬᠠᠨ ᠵᠢᠭᠠᠵᠤ ᠳᠤᠭᠢᠵᠤ ᠪᠠᠷᠠᠮᠠᠭᠴᠠ 《ᠣᠳᠤ ᠭᠦᠳᠡᠯᠦᠯ᠎ᠡ》 ᠭᠡᠪᠡ᠃ ᠭᠡᠨᠡᠳᠲᠡ ᠭᠡᠢ ᠡᠷᠭᠦᠭ᠍ᠳᠡᠭᠦ ᠰᠢᠭ᠌ ᠪᠣᠯᠤᠭᠰᠠᠨ ᠶᠢᠡᠨ ᠳᠠᠭᠢᠨ ᠳᠤᠷᠤᠭᠰᠢ ᠭᠦᠴᠦᠳᠡᠢ ᠱᠤᠩᠭᠤᠯᠠᠨ ᠪᠠᠭᠤᠯ᠎ᠠ᠃ ᠮᠢᠨᠦ᠋ᠲ ᠭᠢᠷᠢ ᠴᠠᠭ ᠨᠠᠳᠠ ᠳᠤ ᠭᠡᠴᠢᠨᠡᠨ ᠣᠳᠠᠭᠰᠠᠨ ᠭᠡᠵᠤ ᠰᠠᠨᠠᠨ᠎ᠠ ︖ ᠵᠢᠷᠦᠭᠡ ᠭᠤᠤᠯ ᠠᠮᠠ ᠪᠠᠷ ᠭᠠᠷᠤᠮᠠᠷ ᠪᠣᠯᠵᠤ᠂ ᠵᠠᠷᠢᠮ ᠳᠤ ᠪᠠᠨ ᠭᠦᠯᠪᠠᠷᠢᠭᠡᠳ ᠶᠠᠪᠣᠬᠤ ᠰᠢᠭ ᠬᠠᠵᠠᠭᠤᠯᠠᠳᠠᠨ᠂ ᠵᠠᠷᠢᠮ ᠳᠤ ᠪᠠᠨ ᠪᠦᠷ ᠭᠦᠮᠦᠷᠢᠭᠡᠳ ᠶᠠᠪᠣᠴᠢᠬᠠᠭᠰᠠᠨ ᠰᠢᠭ ᠪᠣᠯᠤᠯ᠎ᠠ᠃ ᠰᠢᠳᠤ ᠶᠢ ᠵᠠᠭᠤᠵᠤ ᠨᠢᠳᠤ ᠶᠢ ᠠᠨᠢᠨ ᠠᠷᠠᠢ ᠭᠦᠯᠢᠴᠡᠨ ᠪᠠᠢ᠌ᠳᠠᠯ᠎ᠠ ᠭᠦᠮᠤᠨ ᠲᠡᠶ᠂ ᠣᠩᠭ᠋ᠤᠴᠠ ᠲᠡᠶ ᠨᠢ ᠨᠢᠭᠡ ᠪᠦᠳᠦᠭᠦᠨ ᠠᠮᠠ ᠪᠠᠷ ᠦᠯᠢᠶᠠᠨ ᠭᠠᠷᠭᠠᠯ᠎ᠠ᠃ ᠭᠦᠤ ᠮᠢᠨᠢ ᠣᠴᠢᠷ ᠳᠣᠢ᠌ᠮᠤ ᠦᠭᠡᠶ ᠭᠦᠭᠡᠷᠤᠨ ᠪᠠᠶᠠᠷᠯᠠᠵᠤ ᠪᠠᠢ᠌ᠬᠤ ᠳᠤ ᠡᠴᠢᠭᠡ ᠨᠢ ᠪᠢ ᠠᠮᠢᠰᠬᠤᠯ ᠪᠦᠳᠡᠵᠤ ᠴᠢᠷᠠᠢ ᠴᠢᠷᠠᠢ ᠪᠢᠰᠢ ᠪᠣᠯᠤᠭᠰᠠᠨ ᠨᠢ ᠭᠦᠭᠡ ᠢᠨᠢᠶᠠᠳᠤᠮ᠃

ᠡᠨᠡ ᠨᠠᠭᠠᠳᠤᠮ ᠴᠡᠩᠭᠡᠭᠡ ᠴᠤ ᠨᠠᠳᠠ ᠰᠢᠭ ᠭᠦᠮᠤᠨ ᠳᠤ ᠵᠤᠭᠢᠬᠤ ᠦᠭᠡᠶ ᠪᠠᠢ᠌ᠬᠤ ᠭᠡᠵᠤ ᠪᠣᠳᠤᠭᠠᠤᠨ ᠡᠭᠡᠨᠡᠷ ᠬᠡᠦᠬᠡᠳ ᠭᠤᠷᠪᠠᠭᠤᠯᠠ ᠶᠢ ᠡ᠊ᠨᠳᠡ ᠣᠷᠭᠢᠭᠠᠤᠨ᠂ ᠭᠠᠭᠴᠠᠭᠠᠷ ᠶᠢᠡᠨ ᠵᠡᠭᠦᠨ ᠳᠠᠯ᠎ᠠ ᠶᠢᠨ ᠳᠤᠮᠤ ᠳᠢᠩᠭᠢᠮ ᠳᠤ ᠭᠦᠷᠴᠤ ᠣᠴᠢᠯ᠎ᠠ᠃

ᠵᠡᠭᠦᠨ ᠳᠠᠯ᠎ᠠ ᠶᠢᠨ ᠡᠨᠡ ᠳᠢᠩᠭᠢᠮ ᠨᠢ ᠴᠤ ᠪᠠᠷᠠᠭᠤᠨ ᠳᠠᠯ᠎ᠠ ᠶᠢᠨ ᠭᠢᠨ ᠲᠡᠶ ᠪᠠᠨ ᠡᠭᠡᠭᠡ ᠠᠳᠠᠯᠢ ᠭᠠᠵᠠᠷ ᠡᠴᠠ ᠳᠤᠷᠤᠭᠰᠢ ᠮᠠᠯᠳᠠᠨ ᠪᠠᠢ᠌ᠭᠤᠯᠤᠭᠰᠠᠨ ᠪᠦᠳᠦᠴᠡ ᠲᠡᠶ ᠠᠵᠠᠢ᠃ ᠳᠡᠭᠡᠳᠤ ᠳᠠᠪᠬᠤᠷᠯᠢᠭ ᠡᠴᠠ ᠳᠤᠷᠤᠭᠰᠢ ᠬᠠᠷᠠᠪᠠᠯ᠂ ᠡᠨᠡ ᠨᠢ ᠡᠯ᠎ᠡ ᠵᠣᠢ᠌ᠯ ᠤᠨ ᠣᠮᠪᠠᠯᠳᠠ ᠶᠢᠨ ᠣᠷᠤᠯᠳᠤᠭᠠᠨ᠂ ᠣᠰᠤᠨ ᠳᠤ ᠦᠰᠦᠷᠭᠦ ᠣᠷᠤᠯᠳᠤᠭᠠᠨ ᠳᠤ ᠵᠤᠷᠢᠭᠤᠯᠤᠭᠰᠠᠨ ᠨᠢ ᠳᠤᠳᠤᠬᠠᠨ᠃ ᠳᠢᠩᠭᠢᠮ ᠤᠨ ᠢᠷᠤᠭᠠᠷ ᠲᠤ ᠨᠢ ᠣᠷᠤᠯᠳᠤᠭᠠᠨ ᠳᠤ ᠵᠤᠷᠢᠭᠤᠯᠤᠭᠰᠠᠨ ᠣᠮᠪᠠᠯᠳᠠ ᠶᠢᠨ ᠣᠰᠤᠨ ᠣᠩᠭ᠋ᠤᠴᠠ ᠲᠡᠶ᠃ ᠣᠮᠪᠠᠯᠳᠠ ᠶᠢᠨ ᠣᠩᠭ᠋ᠤᠴᠠᠨ ᠤ ᠡᠮᠤᠨ᠎ᠡ ᠭᠦᠪᠠᠭᠡ ᠳᠤ ᠨᠠᠯᠢᠶᠠᠤᠨ ᠠᠭᠤᠵᠢᠮ ᠰᠢᠭ ᠵᠠᠢ ᠳᠤ ᠱᠠᠩᠨᠠᠯ ᠣᠯᠭᠤᠬᠤ ᠳᠠᠢ᠌ᠰᠠ ᠲᠡᠶ᠃ ᠣᠰᠤᠨ ᠣᠩᠭ᠋ᠤᠴᠠᠨ ᠤ ᠭᠦᠪᠠᠭᠡ ᠡᠴᠠ ᠦᠵᠡᠭ᠍ᠴᠢᠳ ᠤᠨ ᠰᠠᠭᠤᠳᠠᠯ ᠢ ᠳᠡᠭ᠍ᠳᠡᠷ ᠭᠠᠷᠭᠠᠨ ᠪᠠᠢ᠌ᠷᠢᠯᠠᠭᠤᠯᠵᠤ᠂ ᠬᠤᠶᠠᠳᠤᠭᠠᠷ ᠳᠠᠪᠬᠤᠷᠯᠢᠭ (ᠨᠠᠯᠠᠭᠤᠴᠠ ᠪᠠᠷ ᠶᠢᠡᠨ ᠪᠠᠷᠤᠭ ᠳᠠᠪᠢ ᠵᠢᠷᠠᠭᠠᠤᠨ ᠮᠸᠲ᠋ᠷ) ᠊ᠤᠨ ᠡᠭᠦᠳᠡ ᠭᠦᠷᠳᠡᠯ᠎ᠡ ᠡᠩᠨᠡᠭᠦᠯᠤᠨ ᠵᠢᠭᠰᠠᠭᠠᠵᠠᠢ᠃ ᠬᠤᠶᠠᠳᠤᠭᠠᠷ ᠳᠠᠪᠬᠤᠷᠯᠢᠭ ᠤᠨ ᠵᠡᠭᠦᠨ᠂ ᠪᠠᠷᠠᠭᠤᠨ᠂ ᠬᠣᠢ᠌ᠳᠤ ᠬᠠᠨ᠎ᠠ ᠶᠢᠨ ᠳᠡᠭᠡᠳᠤ ᠵᠠᠬ᠎ᠠ ᠪᠠᠷ ᠣᠯᠢᠮᠫᠢᠺ ᠤᠨ ᠰᠦᠯᠳᠡ ᠳᠤᠭ ᠪᠠ ᠣᠷᠤᠯᠳᠤᠭᠠᠨ ᠳᠤ ᠣᠷᠤᠯᠴᠠᠭᠰᠠᠨ ᠡᠯ᠎ᠡ ᠣᠯᠤᠰ ᠪᠠ ᠭᠠᠵᠠᠷ ᠣᠷᠤᠨ ᠤ ᠳᠤᠭ ᠊ᠭ᠍‍ᠬᠢᠷᠢ ᠶᠢ ᠡᠩᠨᠡᠭᠦᠯᠤᠨ ᠵᠢᠭᠰᠠᠭᠠᠭᠰᠠᠨ ᠨᠢ ᠳᠤᠬᠠᠢ ᠶᠢᠨ ᠦᠶ᠎ᠡ ᠶᠢᠨ ᠣᠷᠤᠯᠳᠤᠭᠠᠨ ᠮᠦᠷᠥᠢᠴᠡᠭᠡᠨ ᠤ ᠰᠦᠷᠵᠢᠭᠦᠨ ᠵᠢᠪᠬᠤᠭ᠎ᠠ ᠶᠢ ᠭᠦᠮᠦᠰ ᠲᠤ ᠶᠠᠭᠠᠭᠢᠬᠤ ᠶᠢᠨ ᠠᠷᠭ᠎ᠠ ᠦᠭᠡᠶ ᠬᠤᠯᠪᠤᠨ ᠪᠣᠳᠤᠭᠳᠠᠭᠤᠯᠤᠨ᠎ᠠ᠃ ᠣᠮᠪᠠᠯᠳᠠ ᠶᠢᠨ ᠣᠩᠭ᠋ᠤᠴᠠᠨ ᠤ ᠣᠰᠤᠨ ᠤ ᠳᠤᠩᠭ᠋ᠠᠯᠠᠭ ᠢ ᠶᠠᠭᠤ ᠪᠠᠷ ᠴᠤ ᠵᠥᠢᠷᠯᠡᠭᠦ ᠶᠢᠨ ᠠᠷᠭ᠎ᠠ ᠦᠭᠡᠶ᠃ ᠢᠷᠤᠭᠠᠷ ᠲᠤ ᠨᠢ ᠳᠡᠪᠢᠰᠦᠭ᠍ᠰᠡᠨ ᠭᠠᠠᠳᠢᠭ ᠴᠢᠯᠠᠭᠤᠨ ᠤ ᠭᠡ ᠣᠭᠠᠯᠵᠠ ᠨᠢ ᠭᠦᠷᠳᠡᠯ᠎ᠡ ᠳᠤᠳᠤ ᠡᠴᠠ ᠳᠤᠳᠤ ᠬᠠᠷᠠᠭᠳᠠᠨ᠎ᠠ᠃ ᠭᠤᠤᠯ ᠮᠦᠷᠠᠨ᠂ ᠨᠠᠭᠤᠷ ᠳᠠᠩᠭᠢᠰ ᠴᠢᠨᠠᠭᠰᠢᠯᠠᠭᠠᠤᠨ ᠠᠭᠠᠷ ᠳᠡᠭ᠍ᠷᠢ ᠡᠴᠠ ᠠᠰᠠᠭᠷᠠᠨ ᠪᠠᠭᠤᠬᠤ ᠬᠤᠷ᠎ᠠ ᠳᠤᠨᠤᠳᠠᠰᠤ ᠨᠢ ᠴᠤ ᠭᠦᠷᠳᠡᠯ᠎ᠡ ᠭᠦᠴᠢᠯᠯᠢᠭ᠌ ᠪᠣᠯᠵᠤ ᠪᠠᠢ᠌ᠭ᠎ᠠ ᠦᠨᠦᠳᠤᠷ᠂ ᠭᠦᠮᠤᠨ ᠳᠦᠷᠤᠯᠭᠢᠳᠠᠨ ᠪᠣᠭᠢᠷᠳᠠᠯ ᠦᠭᠡᠶ ᠴᠡᠩᠭᠡᠭ ᠣᠰᠤ ᠶᠢ ᠵᠥᠪᠭᠡᠨ ᠡᠢ᠌ᠮᠦᠷᠭᠦ ᠳᠤᠮᠤ ᠪᠠᠷᠢᠯᠭ᠎ᠠ ᠶᠢᠨ ᠳᠤᠳᠤᠷᠠᠭᠢ ᠳᠤᠭᠳᠠᠮᠠᠯ ᠣᠩᠭ᠋ᠤᠴᠠᠨ ᠡᠴᠠ ᠯᠠ ᠰᠠ‍‌ᠶᠢ ᠣᠯᠵᠤ ᠬᠠᠷᠠᠳᠠᠭ ᠳᠠᠪᠢᠯᠠᠩ ᠲᠡᠶ ᠪᠣᠯᠪᠠᠤ ᠳ᠋ᠠ ᠭᠡᠮᠡᠷ ᠵᠤᠪᠠᠨᠢᠯ ᠳᠦᠷᠦᠭᠦᠯᠤᠨ᠎ᠡ᠃

ᠡᠭᠦᠨ ᠢ ᠬᠠᠷᠠᠵᠤ ᠳᠡᠭᠦᠨ ᠢ ᠰᠤᠨᠢᠷᠬᠠᠨ ᠪᠠᠢ᠌ᠳᠠᠯ᠎ᠠ ᠦᠳᠡ ᠶᠢᠨ ᠬᠣᠢ᠌ᠨᠠᠭᠢ ᠳᠦᠷᠪᠠᠨ ᠴᠠᠭ ᠬᠠᠭᠠᠰ ᠪᠣᠯᠵᠤ᠂ ᠪᠣᠯᠤᠷ ᠣᠷᠳᠤᠨ ᠡᠭᠦᠳᠡ ᠪᠠᠨ ᠬᠠᠭᠠᠬᠤ ᠪᠣᠯᠤᠯ᠎ᠠ᠃ ᠬᠠᠠᠳᠠᠯ᠎ᠠ ᠨᠠᠭᠠᠳᠤᠭᠰᠠᠨ ᠨᠥᠭᠦᠭᠡ ᠭᠤᠷᠪᠠᠭᠤᠯᠠ ᠲᠡᠶ ᠪᠠᠨ ᠨᠠᠢ᠌ᠯᠠᠨ᠂ ᠰᠤᠷᠤᠭᠰᠠᠨ ᠳᠠᠭᠤᠤ ᠪᠠᠨ ᠳᠠᠭᠤᠯᠠᠨ ᠢᠷᠡᠭ᠍ᠰᠡᠨ ᠵᠠᠮ ᠶᠢᠡᠷ ᠶᠢᠡᠨ ᠴᠢᠶᠠᠨ ᠮᠧᠨ ᠤ ᠳᠡᠷᠭᠡᠳᠡᠭᠢ ᠪᠠᠭᠤᠳᠠᠯ ᠳᠤ ᠪᠠᠨ ᠭᠦᠷᠦᠯ᠎ᠡ᠃


    ᠴᠠᠭᠠᠨ ᠭᠡᠷᠡᠮ ᠳᠤ ᠭᠦᠷᠴᠤ 《ᠰᠠᠢ᠌ᠨ ᠡᠷ᠎ᠡ》 ᠪᠤᠯᠪᠠ


ᠬᠤᠳᠠ ᠳᠤ ᠳᠠᠩᠴᠤ ᠪᠦᠭ᠍ᠴᠢᠮ᠂ ᠪᠠ ᠳ᠋ᠠ ᠯᠢᠩ ᠭᠦᠷᠴᠤ ᠣᠷᠳᠤ ᠴᠠᠭᠠᠨ ᠭᠡᠷᠡᠮ ᠮᠠᠴᠤᠵᠤ ᠴᠡᠭᠡᠵᠢ ᠣᠩᠭ᠋ᠣᠢ᠌ᠯᠭᠠᠬᠤ ᠰᠠᠨᠠᠭ᠎ᠠ ᠲᠡᠶ ᠳᠤᠯᠤᠭᠠᠨ ᠰᠠᠷ᠎ᠠ ᠶᠢᠨ ᠬᠤᠷᠢᠨ ᠤ ᠬᠠᠷ᠎ᠠ ᠦᠷᠯᠦᠭᠡᠭᠦᠷ᠂ 《ᠡᠳᠦᠷ ᠲᠤ ᠳᠠᠪᠤᠨ ᠦᠵᠠᠮᠵᠢ ᠪᠠᠷ ᠵᠤᠭᠠᠴᠠᠭᠤᠯᠬᠤ》 ᠵᠤᠭᠠᠴᠠᠯ ᠳᠤ ᠨᠠᠢ᠌ᠯᠠᠯᠴᠠᠨ ᠭᠦᠳᠡᠯᠤᠨ ᠭᠠᠷᠤᠯ᠎ᠠ᠃

ᠮᠠᠰᠢᠨ ᠳᠡᠷᠭᠡ ᠪᠠᠭᠡᠵᠢᠩ ᠬᠤᠳᠠ ᠶᠢ ᠭᠠᠷᠤᠮᠠᠭᠴᠠ ᠦᠷᠭᠡᠨ ᠬᠠᠪᠴᠢᠯ ᠭᠦᠨ ᠭᠤᠤ ᠶᠢᠨ ᠳᠤᠮᠳᠠᠭᠤᠷᠠᠭᠢ ᠮᠤᠷᠤᠢ ᠳᠤᠭᠤᠷᠢᠭᠤ ᠴᠠᠷᠳᠠᠮᠠᠯ ᠵᠠᠮ ᠶᠢᠡᠷ ᠳᠤᠩᠭ᠋ᠤᠴᠠᠨ ᠲᠤᠢ᠌ᠯᠠᠨ ᠳᠠᠪᠭᠢᠨ᠎ᠠ᠃ ᠠᠭᠤᠯᠠ ᠠᠰᠬ᠎ᠠ ᠶᠢᠨ ᠬᠤᠷᠮᠤᠢ ᠡᠴᠠ ᠠᠭᠤᠯᠠᠨ ᠣᠷᠤᠢ ᠭᠦᠷᠳᠡᠯ᠎ᠡ ᠨᠠᠷᠠᠰᠤ ᠮᠠᠢ᠌ᠯᠠᠰᠤ ᠨᠠᠮᠠᠭ᠎ᠠ ᠪᠠᠷ ᠶᠢᠡᠨ ᠬᠤᠯᠪᠣᠯᠳᠤᠵᠤ᠂ ᠭᠦᠡᠳᠡᠢ ᠵᠢᠯᠠᠭ᠎ᠠ ᠶᠢᠨ ᠡᠪᠠᠰᠤ ᠣᠷᠭᠤᠮᠠᠯ ᠨᠢ ᠦᠳᠭᠡᠨ ᠰᠠᠬᠤᠯᠢᠭ ᠪᠠᠢ᠌ᠬᠤ ᠡᠴᠠ ᠨᠢ ᠬᠤᠷᠢᠵᠤ ᠬᠠᠮᠠᠭᠠᠯᠠᠵᠤ ᠪᠠᠢ᠌ᠬᠤ ᠶᠢᠨ ᠰᠠᠢ᠌ᠨ ᠪᠠ ᠬᠤᠷ᠎ᠠ ᠳᠤᠨᠤᠳᠠᠰᠤ ᠶᠢᠨ ᠰᠠᠢ᠌ᠬᠠᠨ ᠵᠤᠭᠢᠴᠠᠭᠰᠠᠨ ᠨᠢ ᠳᠤᠳᠤᠷᠬᠠᠢ ᠮᠡᠳᠡᠭ᠍ᠳᠡᠨ᠎ᠡ 《᠁ ᠣᠭᠳᠠᠷᠭᠤᠢ ᠭᠦᠨ ᠡᠭᠦᠯᠡ ᠨᠢᠮᠭᠡᠨ᠂ ᠡᠮᠦᠨᠡᠰᠢ ᠨᠢᠰᠭᠦ ᠭᠠᠯᠠᠭᠤ ᠶᠢ ᠪᠠᠷ᠎ᠠ ᠳᠠᠰᠤᠷᠠᠳᠠᠯ᠎ᠠ ᠬᠠᠷᠠᠪᠠᠢ᠃ ᠴᠠᠭᠠᠨ ᠭᠡᠷᠡᠮ ᠳᠤᠷ ᠡᠰᠡ ᠭᠦᠷᠪᠠᠰᠤ ᠰᠠᠢ᠌ᠨ ᠡᠷ᠎ᠡ ᠪᠣᠰᠤ᠁》 ᠭᠡᠵᠤ ᠮᠠᠤ ᠳᠡᠷᠢᠭᠦᠯᠡᠭ᠍ᠴᠢ ᠶᠢᠨ ᠳᠠᠰᠤᠷᠬᠠᠢ ᠪᠠᠳᠠᠭ ᠢ ᠰᠢᠯᠦᠭᠯᠡᠨ ᠵᠠᠪᠳᠤᠳᠠᠯ᠎ᠠ ᠮᠠᠰᠢᠨ ᠳᠡᠷᠭᠡ ᠮᠠᠨᠤᠰ ᠢ 《ᠳᠡᠭ᠍ᠷᠢ ᠶᠢᠨ ᠳᠤᠤᠷᠠᠭᠢ ᠳᠡᠷᠢᠭᠦᠨ ᠪᠤᠭᠤᠮᠳᠡ》 ᠭᠡᠭᠦ ᠳᠤᠮᠤ ᠢᠯᠡᠷᠭᠡᠢ᠌ᠯᠡᠯᠳᠤ ᠳᠠᠭᠳᠤ ᠶᠢᠨ ᠡᠭᠦᠳᠡᠨ ᠡᠮᠤᠨ᠎ᠡ ᠪᠠᠭᠤᠯᠭᠠᠯ᠎ᠠ᠃ ᠪᠢᠳᠠ ᠣᠯᠠᠨ ᠤ ᠣᠷᠤᠰᠬᠠᠯ ᠢ ᠳᠠᠭᠠᠵᠤ ᠪᠣᠭᠤᠮᠳᠠ ᠶᠢᠨ ᠡᠭᠦᠳᠡ ᠪᠠᠷ ᠰᠢᠷᠭᠤᠵᠤ ᠳᠠᠷᠠ ᠢᠯᠡᠷᠭᠡᠢ᠌ᠯᠡᠯᠳᠤ ᠳᠠᠭᠳᠤ ᠶᠢᠨ ᠶᠠᠭ ᠳᠡᠭᠡᠷ᠎ᠡ ᠨᠢ ᠭᠠᠷᠴᠤ ᠣᠴᠢᠯ᠎ᠠ᠃ ᠣᠤᠬᠠᠢ᠂ ᠴᠤᠬᠤᠮ ᠭᠦ ᠪᠣᠭᠤᠮᠳᠠ ᠭᠠᠵᠠᠷ ᠯᠠ ᠳ᠋ᠠ᠃ ᠪᠠᠷᠳᠠᠭ᠎ᠠ ᠪᠠᠷᠭᠡ ᠲᠡᠶ ᠬᠠᠳᠠ ᠠᠭᠤᠯᠠᠰ ᠤᠨ ᠳᠤᠮᠳᠠ ᠡᠮᠦᠨᠡᠰᠢ ᠣᠮᠠᠷᠠᠰᠢ ᠰᠤᠨᠤᠯᠵᠠᠭᠰᠠᠨ ᠭᠦᠨ ᠬᠠᠪᠴᠢᠯ ᠤᠨ ᠪᠠᠭᠠᠯᠵᠤᠤᠷ ᠢ ᠨᠢ ᠪᠣᠭᠤᠵᠤ ᠪᠠᠢ᠌ᠷᠢᠯᠠᠭᠰᠠᠨ ᠣᠴᠢᠷ ᠡᠴᠠ ᠶᠤᠰᠤᠳᠠᠢ ᠯᠠ 《ᠨᠢᠭᠡ ᠡᠷ᠎ᠡ ᠰᠠᠭᠢᠨ ᠬᠠᠮᠠᠭᠠᠯᠠᠪᠠᠰᠤ ᠲᠦᠮᠡᠨ ᠡᠷ᠎ᠡ ᠳᠠᠪᠠᠬᠤᠶ᠎ᠠ ᠪᠠᠷᠭᠡ》 ᠪᠣᠭᠤᠮᠳᠠ ᠭᠠᠵᠠᠷ ᠪᠣᠯᠤᠭᠰᠠᠨ ᠠᠵᠤᠭᠤ᠃ ᠳᠠᠭᠳᠤ ᠶᠢᠨ ᠳᠡᠭᠡᠷ᠎ᠡ ᠡᠴᠠ ᠳᠦᠷᠪᠠᠨ ᠵᠥᠭ᠌ ᠠᠵᠢᠭᠯᠠᠪᠠᠯ᠂ ᠡᠮᠦᠨᠡᠰᠢ ᠣᠮᠠᠷᠠᠰᠢ ᠬᠠᠪᠴᠢᠯ ᠵᠠᠪᠠ ᠦᠷᠭᠦᠯᠵᠢᠯᠡᠵᠤ᠂ ᠵᠡᠭᠦᠨ ᠪᠠᠷᠠᠭᠤᠨ ᠳᠤ ᠦᠨᠳᠦᠷ ᠠᠭᠤᠯᠠᠰ ᠬᠠᠯᠢᠯ ᠠᠰᠬ᠎ᠠ ᠰᠦᠨᠳᠠᠷᠯᠠᠨ᠂ ᠭᠦᠳᠡᠩ ᠣᠨᠢᠶᠠᠷ ᠭᠦᠪᠦᠯᠵᠡᠨ ᠭᠦᠭᠡᠮᠳᠦᠭ᠌ ᠨᠠᠷᠠᠰᠤ ᠶᠢ ᠳᠠᠪᠠᠷᠢᠨ ᠣᠷᠢᠶᠠᠵᠤ ᠬᠠᠷᠠᠭᠳᠠᠨ᠎ᠠ᠃ ᠨᠢᠭᠡ ᠪᠣᠳᠤᠪᠠᠯ ᠦᠯᠢᠭᠡᠷ ᠳᠤᠮᠤᠭ ᠲᠤ ᠭᠠᠷᠳᠠᠭ ᠠᠷᠰᠢ ᠶᠢᠨ ᠣᠷᠤᠨ ᠳᠤ ᠢᠷᠡᠭ᠍ᠰᠡᠨ ᠰᠢᠭ᠌᠂ ᠳᠠᠭᠢᠨ ᠨᠢᠭᠡ ᠯᠠᠪᠯᠠᠪᠠᠯ ᠣᠯᠠᠨ ᠵᠠᠭᠤᠨ ᠵᠢᠯ ᠤᠨ ᠡᠮᠦᠨᠡᠭᠢ ᠳᠠᠢ᠌ᠨ ᠤ ᠳᠠᠯᠠᠪᠣᠷ ᠤᠨ ᠣᠳᠤᠭ᠎ᠠ ᠳᠤᠭᠤᠰᠤᠨ ᠳᠤᠮᠳᠠ ᠪᠠᠢ᠌ᠬᠤ ᠰᠢᠤᠬᠠᠨ ᠰᠠᠨᠠᠭᠳᠠᠨ᠎ᠠ᠃

ᠡᠳᠡᠭᠡᠷ ᠢ ᠰᠤᠨᠢᠷᠬᠠᠨ ᠪᠠᠢ᠌ᠳᠠᠯ᠎ᠠ ᠭᠡᠨᠡᠳᠲᠡ 《᠁ ᠳᠦᠴᠢᠨ ᠲᠦᠮᠡᠨ ᠮᠤᠩᠭ᠋ᠤᠯ ᠤᠨ ᠨᠠᠷ᠎ᠠ ᠳᠦᠷᠤ ᠪᠣᠯᠤᠭᠰᠠᠨ~ ᠳᠦᠷᠪᠠᠨ ᠶᠡᠭᠡ ᠬᠠᠭᠠᠯᠭᠠᠳᠤ ᠳᠠᠢ᠌ᠳᠤ ᠮᠢᠨᠢ~ ᠬᠤᠪᠢᠯᠭᠠᠨ ᠰᠠᠴᠠᠨ ᠬᠠᠨ ᠤ ᠪᠠᠢ᠌ᠭᠤᠯᠤᠭᠰᠠᠨ~ ᠬᠤᠳᠤᠭ ᠣᠷᠤᠰᠢᠬᠤ ᠳᠡᠭᠡᠳᠤ ᠣᠷᠤᠨ ᠢ~ ᠬᠠᠭᠤᠷᠳᠠᠵᠤ ᠠᠯᠳᠠᠪᠠᠢ ᠶ‍ᠥᠭᠡ ᠨᠤᠶᠠᠨ ᠳ᠋ᠤ~ ᠭᠤᠳᠤᠮᠰᠢᠭ ᠮᠠᠭᠤ ᠨᠠᠷ᠎ᠠ ᠨᠠᠳᠠ ᠢᠷᠠᠪᠠᠢ》 ᠭᠡᠭᠦ ᠣᠬᠠᠭᠠᠳᠤ ᠬᠠᠭᠠᠨ ᠳᠤᠭᠤᠠᠳᠠᠮᠤᠷ ᠤᠨ ᠡᠨᠡᠯᠦᠯ ᠰᠢᠨᠠᠯᠤᠯ ᠰᠠᠨᠠᠭᠠᠨ ᠳᠤ ᠣᠴᠢᠯᠠᠪᠠ᠃ 1368 ᠣᠨ ᠳᠤ᠂ ᠳᠤᠭᠤᠠᠳᠠᠮᠤᠷ ᠬᠠᠭᠠᠨ ᠨᠠᠢ᠌ᠰᠯᠠᠯ ᠳᠠᠢ᠌ᠳᠤ ᠪᠠᠨ ᠵᠤ ᠶᠤᠸᠠᠨ ᠵᠠᠩ ᠳᠤ ᠠᠯᠳᠠᠵᠤ ᠣᠮᠠᠷᠠᠰᠢ ᠣᠬᠤᠷᠢᠨ ᠭᠠᠷᠤᠭᠰᠠᠨ ᠭᠡᠳᠡᠭ᠌᠃ ᠳᠠᠷᠠ ᠯᠠᠪ ᠡᠨᠡ ᠪᠣᠭᠤᠮᠳᠠ ᠪᠠᠷ ᠥᠩᠭᠡᠷᠡᠭ᠍ᠰᠡᠨ ᠪᠠᠢ᠌ᠬ᠎ᠠ ᠭᠡᠵᠤ ᠪᠢ ᠰᠠᠨᠠᠪᠠ᠃ ᠳᠠᠳᠠ ᠶᠠᠭᠠᠭᠢᠵᠤ ᠴᠤ ᠪᠠᠯᠠᠭᠳᠠᠨ ᠰᠠᠠᠳᠤᠷᠴᠠᠭᠠᠵᠤ ᠶᠠᠮᠠᠷ ᠰᠢᠤᠬᠠᠨ ᠭᠦᠯ ᠥᠢᠮᠡᠭᠡᠨ ᠪᠣᠯᠵᠤ ᠪᠠᠢ᠌ᠭᠰᠠᠨ ᠪᠣᠯ ᠭᠡᠵᠤ ᠪᠣᠳᠤᠬᠤ ᠳᠤ᠂ ᠠᠭᠳᠠ ᠮᠤᠷᠢᠳ ᠤᠨ ᠦᠣᠷᠰᠡᠭᠡ᠂ ᠡᠭᠡᠨᠡᠷ ᠬᠡᠦᠬᠡᠳ ᠤᠨ ᠣᠭᠢᠯᠠᠯ᠂ ᠵᠠᠷ ᠵᠡᠪᠰᠡᠭ᠌ ᠤᠨ ᠬᠠᠩᠭᠢᠨᠠᠭ᠎ᠠ ᠳᠤᠭᠤᠯᠳᠠᠬᠤ ᠰᠢᠭ ᠪᠣᠯᠵᠠᠢ᠃ ᠣᠬᠠᠭᠠᠠᠳᠤ ᠬᠠᠭᠠᠨ ᠮᠠᠨᠢ ᠳᠠᠷᠠ ᠦᠶ᠎ᠡ ᠳᠤ ᠶᠠᠭᠤ ᠪᠣᠳᠤᠭ᠎ᠠ ᠪᠣᠯ ︖ ᠱᠠᠩᠳᠤ ᠬᠤᠳᠠ ᠳᠤ ᠭᠦᠷᠴᠤ ᠪᠠᠢ᠌ᠵᠤ ᠪᠣᠯᠤᠶ᠎ᠠ ᠭᠡᠪᠠᠤ ︖ ᠠᠯᠢ ᠡᠰᠡᠭᠦᠯ᠎ᠡ ᠬᠠᠷ᠎ᠠ ᠬᠤᠷᠢᠨ ᠭᠦᠷᠴᠤ ᠳᠠᠮᠢᠷ ᠭᠦᠴᠤ ᠪᠠᠨ ᠳᠡᠵᠢᠭᠡᠨ ᠪᠠᠢ᠌ᠵᠤ ᠳᠠᠭᠢᠨ ᠦᠵᠡᠯᠴᠡᠰᠦᠭᠡᠢ ᠭᠡᠪᠠᠤ ᠭᠡᠵᠤ ᠣᠵᠤᠭᠤᠷ ᠡᠷᠳᠡᠨ ᠤ ᠳᠡᠦᠭᠡᠨ ᠮᠠᠨᠠᠨ ᠳᠤ ᠳᠦᠭᠡᠷᠢᠭ᠍ᠳᠡᠵᠤ ᠪᠠᠢ᠌ᠳᠠᠯ᠎ᠠ 《ᠳᠡᠭᠡᠭ᠍ᠰᠢ ᠮᠡᠴᠦᠶ᠎ᠡ》 ᠭᠡᠵᠤ ᠭᠦᠤ ᠮᠢᠨᠢ ᠱᠠᠯᠠᠬᠤ ᠶᠤᠮ ᠪᠢᠯᠠ᠃

ᠢᠯᠡᠷᠭᠡᠢ᠌ᠯᠡᠯᠳᠤ ᠳᠠᠭᠳᠤ ᠶᠢᠨ ᠪᠠᠷᠠᠭᠤᠨ ᠳ᠋ᠠᠭᠢ 《ᠴᠠᠭᠠᠨ ᠭᠡᠷᠡᠮ ᠳᠤᠷ ᠡᠰᠡ ᠭᠦᠷᠪᠠᠰᠤ ᠰᠠᠢ᠌ᠨ ᠡᠷ᠎ᠡ ᠪᠦᠰᠤ》 ᠭᠡᠮᠡᠭᠦ ᠳᠠᠳᠠᠯᠭᠠᠨ ᠪᠢᠴᠢᠭᠡᠰᠤ ᠶᠢᠨ ᠳᠡᠷᠭᠡᠳᠡ ᠡᠭᠡᠨᠡᠷ ᠭᠡᠦᠭᠡᠨ ᠬᠤᠶᠠᠭᠤᠯᠠ ᠬᠤᠴᠤᠷᠴᠤ ᠭᠦᠯᠢᠶᠡᠭᠦ ᠪᠠᠷ ᠪᠣᠯᠵᠤ᠂ ᠭᠦᠤ ᠪᠢᠳᠠ ᠬᠤᠶᠠᠭᠤᠯᠠ 《ᠰᠠᠢ᠌ᠨ ᠡᠷ᠎ᠡ》 ᠪᠤᠯᠬᠤ ᠪᠠᠷ ᠳᠡᠭᠡᠭ᠍ᠰᠢ ᠮᠠᠴᠤᠯ᠎ᠠ᠃

ᠪᠠᠷᠠᠭᠤᠨ ᠠᠰᠬ᠎ᠠ ᠥᠭᠡᠳᠡ ᠰᠤᠨᠤᠯᠵᠠᠭᠰᠠᠨ ᠴᠠᠭᠠᠨ ᠭᠡᠷᠡᠮ ᠤᠨ ᠨᠠᠯᠠᠤ ᠱᠠᠳᠤ ᠶᠢ ᠥᠭ᠍ᠰᠦᠵᠤ ᠳᠡᠭᠡᠭ᠍ᠰᠢᠯᠡᠪᠠᠯ ᠶᠠᠪᠣᠬᠤ ᠳᠤᠳᠤᠮ ᠡᠭ᠍ᠴᠡ ᠪᠣᠯᠵᠤ ᠣᠯᠠᠮ ᠭᠦᠴᠢᠷᠳᠡᠨ᠎ᠡ᠃ ᠵᠤᠭᠠᠯᠠᠭᠴᠢᠳ ᠤᠨ ᠣᠯᠠᠨ ᠭᠡᠳᠡᠭ᠌ ᠨᠢ ᠴᠤ ᠠᠷᠭ᠎ᠠ ᠦᠭᠡᠶ᠂ ᠮᠦᠷ ᠮᠦᠷ ᠳᠡᠭᠡᠷ᠎ᠡ ᠪᠠᠨ ᠭᠢᠰᠭᠢᠵᠤ ᠮᠠᠴᠤᠵᠠᠭᠠᠨ᠎ᠠ ᠭᠡᠵᠤ ᠭᠡᠯᠡᠭᠦ ᠳᠤ ᠣᠭᠳᠤ ᠳᠠᠪᠠᠭᠤᠯᠤᠯ ᠪᠢᠰᠢ᠃ ᠬᠤᠷᠢᠭᠠᠤᠨ ᠢᠯᠡᠭᠦᠤ ᠮᠢᠨᠦ᠋ᠲ ᠮᠥᠯᠭᠦᠭᠦ ᠲᠡᠶ ᠮᠠᠭᠠᠵᠢᠬᠤ ᠲᠡᠶ ᠠᠭᠤᠯᠠᠨ ᠣᠷᠤᠢ ᠳᠤ ᠪᠠᠢ᠌ᠭ᠎ᠠ ᠴᠤᠩᠵᠢ (ᠴᠡᠷᠢᠭ᠌ ᠰᠠᠭᠤᠯᠭᠠᠨ ᠰᠡᠷᠭᠡᠢ᠌ᠯᠡᠯᠳᠡ ᠭᠢᠵᠤ ᠪᠣᠯᠬᠤ ᠪᠦᠭᠡᠳ ᠵᠠᠷ ᠵᠡᠪᠰᠡᠭ᠌᠂ ᠠᠮᠤ ᠪᠣᠳᠠᠭ᠎ᠠ ᠬᠠᠳᠠᠭᠠᠯᠠᠬᠤ᠂ ᠲᠤᠬᠢᠶᠠᠨ ᠭᠠᠯ ᠨᠤᠴᠤᠭᠠᠬᠤ ᠵᠡᠷᠭᠡ ᠴᠢᠳᠠᠪᠭᠢ ᠲᠡᠶ᠂ ᠭᠢᠳᠠᠤᠨ ᠶᠢᠡᠷ ᠶᠢᠡᠨ ᠹᠧᠩ ᠾᠥᠧᠧ ᠲᠡᠶ ᠭᠡᠳᠡᠭ᠌) ᠳ᠋ᠤ ᠭᠦᠷᠴᠤ ᠣᠴᠢᠯ᠎ᠠ᠃ ᠡ᠊ᠨᠳᠡ ᠡᠴᠠ ᠪᠠᠷᠠᠯᠠᠪᠠᠯ ᠣᠷᠳᠤ ᠴᠠᠭᠠᠨ ᠭᠡᠷᠡᠮ ᠨᠢ ᠠᠪᠣᠷᠭᠤ ᠳᠤᠮᠤ ᠮᠤᠭᠠᠢ ᠮᠠᠳᠤ ᠦᠨᠳᠦᠷ ᠦᠨᠳᠦᠷ ᠠᠭᠤᠯᠠ ᠬᠠᠳᠠ ᠶᠢ ᠥᠭ᠍ᠰᠤᠨ ᠭᠦᠷᠪᠠᠯᠵᠡᠵᠤ᠂ ᠦᠷᠭᠡᠨ ᠭᠦᠨ ᠬᠠᠪᠴᠢᠯ ᠭᠠᠩᠭ᠋᠎ᠠ ᠶᠢᠨ ᠳᠡᠭᠡᠭᠦᠷ ᠭᠦᠡᠳᠡᠯᠢᠰᠤᠨ ᠮᠤᠰᠭᠢᠷᠠᠯᠳᠤᠨ ᠠᠯᠤᠰ ᠤᠨ ᠠᠯᠤᠰ ᠲᠤ ᠰᠤᠨᠤᠯᠵᠠᠨ ᠦᠷᠭᠦᠯᠵᠢᠯᠡᠨ᠎ᠡ᠃ ᠪᠠᠷᠢᠯᠭ᠎ᠠ ᠶᠢᠨ ᠳᠡᠦᠭᠡᠨ ᠳ᠋ᠠᠭᠢ ᠡᠨᠡᠭᠦ ᠬᠠᠴᠢᠨ ᠴᠡᠴᠡᠭ᠌ ᠢ ᠪᠠᠬᠠᠷᠬᠠᠨ ᠵᠤᠭᠰᠤᠳᠠᠯ᠎ᠠ ᠭᠢᠳᠠᠤᠨ ᠤᠨ ᠡᠷᠳᠡᠨ ᠤ 《ᠮᠸᠩ ᠵᠢᠶᠠᠩ ᠨᠢᠤᠢ ᠭᠡᠦᠭᠡᠨ ᠴᠠᠭᠠᠨ ᠭᠡᠷᠡᠮ ᠢ ᠣᠭᠢᠯᠠᠨ ᠨᠤᠷᠠᠭᠠᠭᠰᠠᠨ》 ᠭᠡᠮᠡᠭᠦ ᠢ ᠪᠣᠳᠤᠨ ᠣᠯᠪᠠ᠃ ᠴᠠᠭᠠᠨ ᠭᠡᠷᠡᠮ ᠨᠢ ᠦᠨᠦᠳᠤᠷ ᠵᠤᠭᠠᠯᠠᠬᠤ ᠳᠤᠭᠤᠷᠢᠬᠤ ᠠᠷᠠᠤᠨ ᠤᠨ ᠰᠠᠨᠠᠭ᠎ᠠ ᠵᠤᠷᠢᠭ ᠢ ᠰᠡᠷᠭᠦᠭᠡᠮᠡᠷ ᠦᠵᠠᠮᠤᠷᠢ ᠶᠢᠨ ᠰᠠᠢ᠌ᠬᠠᠨ ᠣᠷᠤᠨ ᠭᠡᠳᠡᠭ᠌ ᠴᠤ ᠡᠷᠳᠡ ᠳᠠᠷᠠ ᠴᠠᠭ ᠲᠤ ᠪᠠᠨ ᠭᠡᠳᠥᠢᠴᠢᠨᠡᠭᠡᠨ ᠣᠯᠠᠨ ᠠᠷᠠᠤᠨ ᠢᠷᠭᠡᠳ ᠤᠨ ᠭᠠᠰᠠᠯᠠᠩ ᠤᠨ ᠳᠠᠯᠠᠢ ᠠᠭᠰᠠᠨ ᠢ ᠪᠣᠤ ᠮᠠᠳᠠ᠃ ᠶᠤᠰᠤᠳᠠᠢ 《ᠨᠢᠭᠡ ᠵᠠᠩᠵᠤᠨ ᠤ ᠭᠠᠪᠢᠶ᠎ᠠ ᠨᠠᠷ᠎ᠠ ᠪᠦᠳᠦᠭᠦᠢ ᠳᠤᠷ ᠲᠦᠮᠡᠨ ᠠᠷᠠᠤᠨ ᠤᠨ ᠭᠡᠯᠭᠢᠶ᠎ᠡ ᠶᠠᠰᠤ ᠴᠡᠢ᠌ᠮᠦᠢ》 ᠭᠡᠭᠦ ᠥᠭᠡ ᠶᠢ ᠦᠪᠡᠷ ᠤᠨ ᠡᠷᠭᠡ ᠦᠭᠡᠶ ᠪᠣᠳᠤᠭᠳᠠᠭᠤᠯᠤᠨ᠎ᠠ᠃ ᠣᠯᠠᠨ ᠵᠠᠭᠤᠨ ᠵᠢᠯ ᠤᠨ ᠳᠤᠷᠰᠢ ᠭᠡᠷᠡᠮ ᠤᠨ ᠡᠮᠦᠨᠡᠭᠢ ᠨᠢ ᠪᠠᠭᠢᠯᠠᠵᠤ ᠪᠠᠳᠤᠯᠠᠨ᠎ᠠ ᠭᠡᠵᠤ ᠭᠦᠴᠦᠯᠡᠭᠦ ᠳᠤ ᠭᠡᠷᠡᠮ ᠤᠨ ᠠᠷᠤ ᠶᠢᠨ ᠭᠢᠨ ᠨᠢ ᠡᠪᠳᠡᠵᠤ ᠳᠠᠪᠠᠨ᠎ᠠ ᠭᠡᠵᠤ ᠭᠡᠴᠢᠨᠡᠨ ᠴᠤ ᠭᠦᠯ ᠥᠢᠮᠡᠭᠡᠨ ᠪᠣᠯᠵᠤ ᠠᠭᠰᠠᠨ ᠢ ᠪᠣᠤ ᠮᠠᠳᠠ᠃ ᠭᠡᠳᠡᠯ᠎ᠡ ᠦᠨᠦᠳᠤᠷ ᠳᠡᠳᠡᠭᠡᠷ ᠨᠢ ᠪᠦᠷ ᠣᠳᠤᠭ᠎ᠠ ᠣᠨᠢᠶᠠᠷ ᠰᠢᠭ ᠠᠷᠢᠯᠤᠨ ᠳᠡᠦᠭᠡ ᠶᠢᠨ ᠵᠤᠵᠠᠭᠠᠨ ᠬᠤᠭ ᠳᠤᠭᠤᠰᠤᠨ ᠳᠤ ᠭᠦᠨ ᠡᠴᠠ ᠭᠦᠨ ᠳᠠᠷᠤᠭᠳᠠᠵᠠᠢ᠃

ᠠᠭᠤᠯᠠ ᠠᠪᠠᠷᠢᠬᠤ ᠳᠤ ᠭᠢᠯᠪᠠᠷ ᠠᠭᠤᠯᠠᠨ ᠡᠴᠠ ᠪᠠᠭᠤᠬᠤ ᠠᠨᠤ ᠭᠦᠴᠢᠷ ᠭᠡᠳᠡᠭ᠌ ᠣᠷᠤ ᠲᠡᠶ ᠥᠭᠡ ᠪᠠᠢ᠌ᠵᠠᠢ᠃ ᠭᠡᠷᠡᠮ ᠤᠨ ᠬᠠᠵᠠᠭᠤ ᠪᠠᠷ ᠪᠠᠭᠢᠯᠠᠨ ᠵᠤᠬᠢᠶᠠᠭᠰᠠᠨ ᠪᠠᠷᠢᠭᠤᠯ ᠳᠠᠮᠤᠷ ᠡᠴᠠ ᠴᠢᠩᠭ᠋ᠠᠳᠠ ᠠᠳᠬᠤᠵᠤ ᠨᠢᠭᠡ ᠨᠢᠭᠡ ᠠᠯᠬᠤᠮ ᠶᠢᠡᠷ ᠭᠢᠴᠢᠶᠡᠩᠭᠦᠢᠯᠡᠨ ᠳᠤᠷᠤᠭᠰᠢᠯᠠᠭᠰᠠᠭᠠᠷ ᠠᠷᠠᠢ ᠭᠡᠵᠤ ᠳᠠᠷᠠ ᠳᠠᠳᠠᠯᠭᠠᠨ ᠪᠢᠴᠢᠭᠡᠰᠤ ᠶᠢᠨ ᠳᠡᠷᠭᠡᠳᠡ ᠪᠠᠭᠤᠵᠤ ᠢᠷᠠᠪᠠ᠃ ᠳᠦᠷᠪᠠᠭᠦᠯᠡ ᠪᠠᠨ ᠳᠠᠠᠳᠠ ᠠᠭᠤᠯᠵᠠᠵᠠᠭᠠᠨ ᠳᠠᠭᠳᠤ ᠡᠴᠠ ᠳᠤᠷᠤᠭᠰᠢ ᠪᠠᠭᠤᠬᠤ ᠭᠡᠵᠤ ᠡᠷᠭᠢᠳᠡᠯ᠎ᠡ ᠳᠠᠭᠳᠤ ᠶᠢᠨ ᠪᠣᠯᠤᠩ ᠳᠤ ᠮᠤᠩᠭ᠋ᠤᠯ ᠶᠢᠡᠷ ᠶᠠᠷᠢᠯᠴᠠᠬᠤ ᠳᠠᠭᠤᠨ ᠭᠡᠨᠡᠳᠲᠡ ᠳᠤᠭᠤᠯᠳᠠᠪᠠ᠃ ᠲᠦᠮᠡᠨ ᠠᠮᠢᠳᠠᠨ ᠠᠷᠬᠠᠢ᠌ᠯᠴᠠᠵᠤ ᠳᠠᠨᠢᠯ ᠪᠣᠰᠤ ᠭᠡᠯᠡ ᠱᠤᠯᠭᠠᠨᠠᠭᠰᠠᠨ ᠭᠦᠮᠤᠨ ᠤ ᠳᠠᠯᠠᠢ ᠳᠤᠮᠳᠠ ᠳᠦᠷᠤᠯᠭᠢ ᠭᠡᠯᠡᠨ ᠤ ᠡᠯᠢᠭᠡᠰᠡᠭ᠌ ᠳᠤᠳᠤᠨᠤ᠂ ᠬᠠᠯᠠᠭᠤᠨ ᠳᠤᠯᠠᠭᠠᠨ ᠰᠠᠨᠠᠭᠳᠠᠭᠰᠠᠨ ᠢ ᠶᠠᠭᠤᠨ ᠭᠡᠯᠡᠭᠦ ᠪᠢᠯᠠ᠃

ᠪᠠᠶ᠎ᠠ ᠡᠷᠭᠢᠨ ᠳᠠᠭᠳᠤ ᠶᠢᠨ ᠪᠣᠯᠤᠩ ᠳᠤ ᠭᠦᠷᠴᠤ ᠦᠵᠠᠪᠠᠰᠤ᠂ ᠨᠢᠭᠡ ᠳᠤᠮᠳᠠ ᠶᠢᠨ ᠨᠠᠰᠤᠨ ᠤ ᠪᠦᠰᠡᠭᠦᠢ᠂ ᠠᠠᠳᠠᠭᠤᠷᠠᠮ᠎ᠠ ᠢᠵᠢᠯᠭᠡᠨ ᠳᠦᠷᠦᠭ᠍ᠰᠡᠨ ᠵᠣᠢ᠌ᠷᠠᠢ ᠭᠦᠤ ᠳᠤ ᠪᠠᠨ ᠬᠤᠶᠠᠭ ᠳᠤᠭᠤᠯᠠᠭ᠎ᠠ ᠡᠮᠦᠰᠭᠡᠨ ᠰᠡᠭᠦᠳᠡᠷ ᠠᠪᠬᠠᠭᠤᠯᠬᠤ ᠭᠡᠵᠤ ᠱᠤᠤᠭᠢᠶᠠᠨ ᠪᠣᠯᠤᠨ᠎ᠠ᠃ ᠳᠠᠷᠠ ᠬᠤᠶᠠᠷ ᠭᠦᠤ ᠠᠷᠪᠠᠨ ᠵᠢᠷᠭᠤᠭ᠎ᠠ ᠳᠤᠯᠤᠭᠠᠨ ᠨᠠᠰᠤᠨ ᠤ ᠪᠠᠭᠠᠴᠤᠤᠯ ᠪᠣᠯᠪᠠᠴᠤ ᠨᠠᠯᠢᠶᠠᠤᠨ ᠪᠠᠶ᠎ᠠ ᠳᠦᠷᠭᠦ ᠲᠡᠶ ᠪᠣᠰᠤᠭ᠎ᠠ ᠡᠷ᠎ᠡ ᠶᠢᠨ ᠰᠢᠠᠵᠢ ᠣᠷᠤᠴᠢᠬᠠᠭᠰᠠᠨ ᠪᠠᠢ᠌ᠵᠠᠢ᠃ ᠦᠨᠳᠦᠷ ᠪᠠᠶ᠎ᠠ᠂ ᠦᠷᠭᠡᠨ ᠮᠦᠷᠤ᠂ ᠪᠣᠯᠴᠢᠩ ᠰᠢᠷᠪᠣᠰᠤ ᠶᠢᠨ ᠡᠷᠴᠢᠯᠡᠭ᠍ᠰᠡᠨ ᠪᠠᠢ᠌ᠳᠠᠯ ᠨᠢ ᠳᠠᠪᠠᠭᠠᠨ ᠠᠷᠤ ᠶᠢᠨ ᠭᠦᠮᠤᠨ ᠤ ᠰᠦᠷ ᠵᠢᠪᠬᠤᠭ᠎ᠠ ᠶᠢ ᠨᠢᠭᠤᠯ ᠦᠭᠡᠶ ᠦᠵᠡᠭᠦᠯᠵᠤ ᠪᠠᠢ᠌ᠪᠠ᠃ ᠳᠤᠭᠤᠯᠠᠭ᠎ᠠ ᠨᠢ ᠳᠤᠯᠤᠭᠠᠢ ᠳᠤ ᠨᠢ ᠪᠠᠭᠳᠠᠬᠤ ᠦᠭᠡᠶ᠂ ᠬᠤᠶᠠᠭ ᠨᠢ ᠮᠦᠷᠤ ᠳᠠᠪᠠᠬᠤ ᠦᠭᠡᠶ ᠪᠣᠯᠬᠤᠯᠠᠷ ᠨᠢ ᠬᠤᠶᠠᠷ ᠭᠦᠤ ᠡᠮᠦᠰᠭᠦ ᠦᠭᠡᠶ ᠭᠡᠵᠤ ᠵᠦᠷᠢᠭᠦᠳᠯᠡᠨ᠎ᠡ᠃ ᠳᠠᠷᠠ ᠬᠤᠶᠠᠭ ᠳᠤᠭᠤᠯᠠᠭ᠎ᠠ ᠶᠢᠨ ᠭᠢᠭ᠍ᠰᠡᠨ ᠭᠡᠯᠪᠠᠷᠢ ᠶᠠᠩᠵᠤ ᠡᠴᠠ ᠨᠢ ᠦᠵᠡᠭᠦ ᠳᠤ ᠵᠠᠩᠵᠤᠨ ᠤ ᠭᠡᠭᠦ ᠳᠤ ᠢᠳᠡᠭᠡᠮᠡᠷ ᠦᠭᠡᠶ ᠬᠠᠷᠢᠨ ᠶᠠᠳᠠᠷ ᠳᠤᠷᠤᠢ ᠳᠦᠷᠦᠭ᠍ᠰᠡᠨ ᠵᠠᠷᠤᠴᠠ ᠶᠢᠨ ᠭᠢᠨᠢ ᠭᠡᠪᠠᠯ ᠣᠨᠤᠵᠤ ᠳᠠᠭᠠᠷᠠᠨ᠎ᠠ᠃ ᠬᠤᠶᠠᠷ ᠬᠡᠦᠬᠡᠳ ᠤᠨ ᠡᠮᠦᠰᠭᠦ ᠦᠭᠡᠶ ᠭᠡᠵᠤ ᠵᠦᠷᠢᠭᠦᠳᠯᠡᠭᠦ ᠨᠢ ᠴᠤ ᠳᠤᠯᠤᠭᠠᠨ ᠵᠦᠪ ᠳ᠋ᠠ᠂ ᠵᠠᠩᠵᠤᠨ ᠣᠳᠤᠮ ᠲᠡᠶ ᠬᠡᠦᠬᠡᠳ ᠲᠤ ᠵᠠᠷᠤᠴᠠ ᠶᠢᠨ ᠬᠤᠪᠴᠠᠤᠨ ᠵᠤᠭᠢᠬᠤ ᠦᠭᠡᠶ ᠨᠢ ᠯᠠᠪ ᠯᠠ ᠪᠠᠢ᠌ᠯᠭᠦᠢ᠃

ᠣᠳᠤᠮ ᠴᠢᠰᠤᠨ ᠳᠤ ᠨᠢ ᠪᠦᠭᠡ ᠶᠢᠨ ᠰᠠᠭᠢᠭᠤᠰᠤ ᠰᠢᠩᠭᠡᠭ᠍ᠰᠡᠨ ᠳᠠᠷᠠ ᠬᠤᠶᠠᠷ ᠬᠡᠦᠬᠡᠳ ᠢ ᠪᠣᠳᠤᠨ ᠪᠣᠳᠤᠨ ᠱᠠᠭᠰᠢᠭᠰᠠᠭᠠᠷ ᠳᠠᠭᠳᠤ ᠡᠴᠠ ᠪᠠᠭᠤᠨ ᠪᠣᠭᠤᠮᠳᠠ ᠡᠴᠠ ᠭᠠᠷᠴᠤ᠂ ᠠᠷᠠᠢ ᠭᠡᠵᠤ ᠳᠡᠷᠭᠡᠨ ᠳᠤ ᠪᠠᠨ ᠭᠠᠷᠴᠤ᠂ ᠰᠠᠭᠤᠳᠠᠯ ᠶᠢᠡᠨ ᠡᠵᠡᠯᠡᠨ ᠰᠠᠭᠤᠬᠤ ᠳᠤ ᠭᠦᠤ ᠮᠢᠨᠢ᠄

᠊᠊᠊᠊᠊᠊᠊᠊᠊᠊᠊᠊᠊᠊᠊᠊᠊᠊᠊᠊᠊᠊᠊᠊ ᠠᠪᠣ ᠡ᠂ ᠡᠨᠡ ᠣᠷᠳᠤ ᠴᠠᠭᠠᠨ ᠭᠡᠷᠡᠮ ᠢ ᠶᠠᠭᠤᠨ ᠳᠤ ᠪᠠᠢ᠌ᠭᠤᠯᠪᠠ ᠳ᠋ᠠ ᠭᠡᠵᠤ ᠠᠰᠠᠭᠤᠨ᠎ᠠ ᠪᠢᠯᠠ᠃ ᠮᠢᠨᠤ ᠭᠦᠤ ᠡᠭᠦᠨ ᠢ ᠯᠠᠪ ᠠᠰᠠᠭᠤᠨ᠎ᠠ ᠭᠡᠵᠤ ᠪᠠᠳᠤᠳᠠᠢ ᠪᠣᠳᠤᠵᠤ ᠪᠠᠢ᠌ᠭᠰᠠᠨ ᠪᠢ᠄

᠊᠊᠊᠊᠊᠊᠊᠊᠊᠊᠊᠊᠊᠊᠊᠊᠊᠊᠊᠊᠊᠊᠊᠊᠊ ᠳᠤᠮᠳᠠᠳᠤ ᠣᠯᠤᠰ ᠤᠨ ᠳᠡᠦᠭᠡᠨ ᠳᠤ ᠴᠦᠨ ᠴᠢᠤ ᠪᠠᠢ᠌ᠯᠳᠤᠭᠠᠠᠳᠤ ᠣᠯᠤᠰ ᠤᠨ ᠦᠶ᠎ᠡ ᠶᠢᠨ ᠾᠸᠤ ᠣᠯᠤᠰ ᠤᠳ ᠡᠴᠠ ᠡᠭᠢᠯᠡᠨ ᠣᠷᠳᠤ ᠴᠠᠭᠠᠨ ᠭᠡᠷᠡᠮ ᠢ ᠪᠠᠢ᠌ᠭᠤᠯᠵᠤ ᠡᠭᠢᠯᠡᠭ᠍ᠰᠡᠨ ᠪᠦᠭᠡᠳ ᠬᠠᠮᠤᠭ ᠰᠡᠭᠦᠯᠴᠢ ᠮᠢᠩ ᠣᠯᠤᠰ ᠭᠦᠷᠳᠡᠯ᠎ᠡ ᠣᠷᠳᠤ ᠴᠠᠭᠠᠨ ᠭᠡᠷᠡᠮ ᠢ ᠵᠠᠰᠠᠨ ᠰᠠᠯᠪᠢᠵᠤ ᠦᠷᠭᠡᠳᠭᠡᠨ ᠪᠠᠢ᠌ᠭᠤᠯᠤᠭᠰᠠᠨ ᠳᠡᠦᠭᠡ ᠲᠡᠶ ᠶᠤᠮ᠃ ᠡᠭᠦᠨ ᠳᠤ ᠬᠠᠮᠤᠭ ᠠᠯᠳᠠᠷᠳᠠᠢ ᠨᠢ ᠴᠢᠨ ᠱᠢ ᠬᠤᠸᠠᠩ ᠤᠨ ᠦᠶ᠎ᠡ ᠳᠤ ᠪᠠᠢ᠌ᠭᠤᠯᠤᠭᠰᠠᠨ ᠣᠷᠳᠤ ᠴᠠᠭᠠᠨ ᠭᠡᠷᠡᠮ ᠪᠣᠯᠤᠨ᠎ᠠ᠃ ᠴᠢᠨ ᠱᠢ ᠬᠤᠸᠠᠩ ᠵᠢᠷᠭᠤᠭᠠᠨ ᠣᠯᠤᠰ ᠢ ᠮᠥᠭᠦᠭᠡᠭ᠍ᠰᠡᠨ ᠤ ᠳᠠᠷᠠᠭ᠎ᠠ ᠶᠡᠭᠡ ᠵᠠᠩᠵᠤᠨ ᠮᠸᠩ ᠳᠢᠶᠠᠨ ᠢ ᠳᠤᠮᠢᠯᠠᠨ ᠣᠷᠳᠤ ᠴᠠᠭᠠᠨ ᠭᠡᠷᠡᠮ ᠢ ᠶᠡᠭᠡᠪᠠᠷ ᠪᠠᠢ᠌ᠭᠤᠯᠵᠤ ᠳᠠᠪᠤᠨ ᠮᠢᠩᠭ᠋ᠠᠨ ᠺᠢᠯᠤᠮᠸᠲ᠋ᠷ ᠲᠤ ᠭᠦᠷᠭᠡᠵᠡᠢ᠃ ᠬᠠᠨ ᠣᠯᠤᠰ ᠤᠨ ᠦᠶ᠎ᠡ ᠳᠤ ᠡᠭᠦᠨ ᠤ ᠰᠠᠭᠤᠷᠢᠨ ᠳᠡᠭᠡᠷ᠎ᠡ ᠵᠡᠭᠦᠡᠰᠢ ᠪᠠᠷᠠᠭᠤᠠᠰᠢ ᠦᠷᠭᠡᠳᠭᠡᠨ ᠲᠦᠮᠡ ᠢᠯᠡᠭᠦᠤ ᠺᠢᠯᠤᠮᠸᠲ᠋ᠷ ᠪᠣᠯᠭᠠᠨ ᠣᠷᠳᠤᠳᠬᠠᠭᠰᠠᠨ ᠶᠤᠮ᠃ ᠡᠭᠦᠨ ᠤ ᠭᠤᠤᠯ ᠡᠭᠦᠷᠭᠡ ᠣᠢ᠌ᠯᠠᠳᠤᠯ ᠨᠢ᠂ ᠮᠤᠩᠭ᠋ᠤᠯ ᠤᠨ ᠥᠡᠳᠦᠷᠯᠢᠭ᠌ ᠤᠨ ᠨᠡᠭᠦᠳᠡᠯᠴᠢᠨ ᠠᠢ᠌ᠮᠠᠭ᠂ ᠳᠤᠬᠠᠢ᠌ᠯᠠᠪᠠᠯ ᠮᠤᠩᠭ᠋ᠤᠯ ᠤᠨ ᠢᠵᠠᠭᠤᠷ ᠳᠡᠭᠡᠳᠦᠰ ᠊᠊᠊᠊᠊᠊᠊᠊᠊᠊᠊᠊᠊᠊᠊᠊᠊᠊᠊᠊᠊᠊᠊᠊᠊᠊᠊ ᠾᠥᠩᠨᠤ ᠶᠢᠨ ᠳᠤᠪᠳᠤᠯᠤᠯᠳᠠ ᠶᠢ ᠰᠡᠷᠭᠡᠢ᠌ᠯᠡᠭᠦ ᠶᠢᠨ ᠲᠦᠯᠦᠭᠡ ᠶᠤᠮ ᠰᠢᠤ ᠭᠡᠵᠤ ᠭᠢᠴᠢᠶᠠᠯ ᠳᠠᠢ᠌ᠯᠪᠣᠷᠢᠯᠠᠬᠤ ᠶᠤᠮ ᠰᠢᠭ ᠶᠠᠷᠢᠵᠤ ᠭᠠᠷᠴᠠᠢ᠃ ᠦᠨᠡᠨᠳᠡᠭᠡᠨ ᠡᠭᠦᠨ ᠡᠴᠠ ᠴᠤ ᠣᠯᠠᠨ ᠶᠠᠷᠢᠵᠤ ᠪᠣᠯᠤᠮᠠᠷ ᠶᠤᠮ᠃ ᠵᠠ ᠶᠠᠪᠣᠭ ᠴᠠᠰᠢ᠂ ᠬᠡᠦᠬᠡᠳ ᠡᠷᠳᠡᠮ ᠮᠡᠳᠡᠯᠭᠡ ᠨᠢ ᠨᠡᠮᠡᠭ᠍ᠳᠡᠭᠦ ᠪᠠᠷ ᠶᠢᠡᠨ ᠦᠪᠡᠷ ᠶᠢᠡᠨ ᠴᠢᠨᠠᠭᠰᠢ ᠣᠬᠠᠵᠤ ᠰᠤᠪᠢᠬᠤ ᠪᠢᠵᠠ ᠭᠡᠭᠦ ᠪᠣᠳᠤᠯ ᠳᠤ ᠣᠨᠠᠵᠤ ᠳᠠᠭᠢᠨ ᠶᠠᠷᠢᠭᠰᠠᠨ ᠦᠭᠡᠶ᠃

ᠨᠥᠭᠦᠭᠡ ᠳᠦᠷᠪᠠᠨ ᠦᠵᠠᠮᠵᠢ ᠳᠤ ᠮᠢᠨᠤ ᠰᠡᠳᠭᠢᠯ ᠳᠡᠭᠡᠵᠤ ᠶᠡᠭᠡ ᠳᠠᠳᠠᠭᠳᠠᠭᠰᠠᠨ ᠴᠤ ᠦᠭᠡᠶ᠂ ᠴᠢᠨᠠᠭᠰᠢᠯᠠᠭᠠᠤᠨ ᠮᠢᠩ ᠣᠯᠤᠰ ᠤᠨ ᠬᠠᠭᠠᠤᠨ ᠤᠨ ᠣᠩᠭ᠋ᠤᠨ ᠪᠣᠯᠠᠰᠢ ᠊᠊᠊᠊᠊᠊᠊᠊᠊᠊᠊᠊᠊᠊᠊᠊᠊᠊᠊᠊᠊᠊᠊᠊᠊᠊᠊ 《ᠮᠢᠩ ᠬᠤᠸᠠᠩ ᠭᠦᠩ》 ᠳ᠋ᠤ ᠭᠦᠷᠦᠭᠡᠳ ᠳᠡᠷᠭᠡᠨ ᠡᠴᠠ ᠴᠤ ᠪᠠᠭᠤᠯ ᠦᠭᠡᠶ ᠭᠦᠯᠢᠶᠡᠨ ᠰᠠᠭᠤᠪᠠ᠃ ᠵᠠᠭᠤ ᠭᠦᠷᠭᠦ ᠦᠭᠡᠶ ᠪᠠᠶ᠎ᠠ᠂ ᠲᠦᠮᠡ ᠭᠦᠷᠦᠭ᠍ᠰᠡᠨ ᠦᠭᠡᠶ ᠳᠦᠷᠤ ᠳᠤ ᠪᠠᠨ ᠶᠡᠭᠡ ᠶᠢ ᠪᠣᠳᠤᠵᠤ᠂ ᠭᠠᠵᠠᠷ ᠨᠤᠳᠤᠭ ᠤᠨ ᠣᠭᠢ ᠰᠤᠳᠤ ᠶᠢ ᠡᠵᠡᠯᠡᠨ ᠪᠣᠩᠬᠤᠯᠠᠬᠤ ᠳᠤ ᠪᠠᠨ᠂ ᠦᠨᠦᠳᠤᠷ ᠤᠨ ᠭᠦᠮᠦᠰ ᠤᠨ ᠦᠵᠠᠮᠤᠷᠢ ᠪᠣᠯᠤᠨ᠎ᠠ ᠭᠡᠵᠤ ᠵᠤ ᠶᠤᠸᠠᠨ ᠵᠠᠩ ᠳᠡᠷᠢᠭᠦᠳᠡᠢ ᠮᠢᠩ ᠤᠨ ᠬᠠᠭᠠᠤᠨ ᠤᠨ ᠵᠡᠭᠦᠳᠤᠨ ᠳᠤ ᠨᠢ ᠴᠤ ᠣᠷᠤᠭᠰᠠᠨ ᠦᠭᠡᠶ ᠪᠠᠢ᠌ᠬ᠎ᠠ᠃ ᠡᠨᠡ ᠳᠠᠯ᠎ᠠ ᠪᠠᠷ ᠴᠢᠩᠭᠢᠰ ᠳᠡᠷᠢᠭᠦᠳᠡᠢ ᠮᠤᠩᠭ᠋ᠤᠯ ᠤᠨ ᠡᠵᠡᠳ ᠬᠠᠭᠠᠤᠨ ᠢ ᠪᠢᠰᠢᠷᠡᠭᠦ ᠦᠭᠡᠶ ᠪᠠᠢ᠌ᠬᠤ ᠶᠢᠨ ᠠᠷᠭ᠎ᠠ ᠦᠭᠡᠶ ᠶᠤᠮ᠃ ᠦᠨᠦᠳᠤᠷ ᠲᠤ ᠳᠤᠯᠳᠠᠯ᠎ᠠ ᠳᠢᠪ ᠰᠤᠠᠳᠠᠯᠠᠭᠰᠠᠨ ᠳᠡᠦᠭᠡ ᠲᠡᠶ ᠮᠤᠩᠭ᠋ᠤᠯ ᠤᠨ ᠣᠯᠠᠨ ᠬᠠᠭᠠᠤᠨ ᠨᠡᠷ ᠤᠨ ᠣᠩᠭ᠋ᠤᠨ ᠪᠣᠯᠠᠰᠢ ᠶᠢ ᠣᠯᠤᠯ᠎ᠠ ᠭᠡᠰᠡᠨ ᠰᠤᠷᠠᠭ ᠣᠭᠳᠤᠬᠠᠨ ᠴᠤ ᠳᠤᠭᠤᠯᠳᠠᠭᠰᠠᠨ ᠦᠭᠡᠶ᠃ ᠪᠣᠳᠤᠪᠠᠯ ᠳᠠᠳᠠ ᠨᠡᠷ ᠮᠠᠨᠢ ᠨᠠᠷᠠᠳᠤ ᠡᠨᠡ ᠳᠡᠯᠡᠭᠡᠢ ᠶᠢᠨ ᠶᠢᠡᠨ ᠠᠭᠤᠵᠢᠮ ᠦᠷᠤᠴᠠᠨ ᠳᠤ ᠨᠠᠷᠠᠨ ᠪᠠᠢ᠌ᠭᠠᠯᠢ ᠲᠡᠶ ᠪᠠᠨ ᠦᠨᠢᠳᠠ ᠠᠭᠤᠰᠤᠯᠳᠤᠨ ᠰᠢᠩᠭᠡᠭ᠍ᠰᠡᠨ ᠡᠴᠠ ᠳᠠᠷᠠ ᠪᠢᠵᠠ᠃

ᠳᠦᠷᠪᠠᠨ ᠴᠠᠭ ᠬᠠᠭᠠᠰ ᠤᠨ ᠠᠯᠳᠠ ᠪᠠᠷ᠂ ᠮᠠᠨ ᠤ ᠵᠤᠭᠠᠴᠠᠯ ᠤᠨ ᠭᠢᠨ ᠬᠠᠰ ᠡᠳ᠋ᠯᠡᠯ ᠤᠨ ᠳᠡᠯᠭᠡᠭᠦᠷ ᠡᠴᠠ ᠰᠠᠯᠵᠤ ᠪᠠᠭᠡᠵᠢᠩ ᠬᠤᠳᠠ ᠵᠥᠭ᠌ ᠶᠢᠡᠨ ᠡᠷᠭᠢᠪᠡ᠃


    ᠬᠠᠷᠠᠴᠤ ᠪᠢᠳᠠ 《ᠬᠠᠭᠠᠨ ᠤ ᠣᠷᠳᠤᠨ》 ᠶ᠋ᠢᠡᠷ ᠰᠡᠯᠡᠭᠦᠴᠡᠪᠡ


ᠳᠤᠯᠤᠭᠠᠨ ᠰᠠᠷ᠎ᠠ ᠶᠢᠨ ᠬᠤᠷᠢᠨ ᠬᠤᠶᠠᠷ ᠤᠨ ᠡᠳᠦᠷ ᠪᠢᠳᠠ ᠬᠠᠭᠠᠨ ᠤ ᠣᠷᠳᠤᠨ ᠶᠢᠡᠷ ᠵᠤᠭᠠᠴᠠᠯ᠎ᠠ᠃ ᠦᠨᠡᠨᠳᠡᠭᠡᠨ ᠮᠠᠨ ᠤ ᠭᠡᠯᠡᠳᠡᠭ᠌ ᠬᠠᠭᠠᠨ ᠤ ᠣᠷᠳᠤᠨ ᠤ ᠪᠦᠭᠦᠯᠢ ᠨᠠᠷᠠᠢ᠌ᠳᠤᠯ ᠨᠢ 《ᠮᠢᠩ ᠣᠯᠤᠰ ᠴᠢᠩ ᠣᠯᠤᠰ ᠤᠨ ᠬᠠᠭᠠᠨ ᠤ ᠣᠷᠳᠤᠨ》 ᠭᠡᠳᠡᠭ᠌ ᠪᠦᠭᠡᠳ ᠡᠭᠦᠨ ᠢ ᠠᠷᠠᠤᠨ ᠤᠨ ᠳᠤᠮᠳᠠ ᠪᠠᠰᠠ 《ᠪᠣᠷᠤ ᠬᠤᠳᠠ》 ᠴᠤ ᠭᠡᠳᠡᠭ᠌ ᠶᠤᠮ᠃ ᠡᠨᠡ ᠣᠷᠳᠤᠨ ᠨᠢ ᠮᠢᠩ ᠣᠯᠤᠰ ᠤᠨ ᠶᠦᠩ ᠯᠧ (1403 ᠊᠊᠊᠊᠊᠊᠊᠊᠊᠊᠊᠊᠊᠊᠊᠊᠊᠊᠊ 1424 ᠣᠨ ᠤ ᠬᠤᠭᠤᠷᠤᠠᠳᠤ) ᠶ᠋ᠢᠨ ᠣᠨ ᠤ ᠦᠶ᠎ᠡ ᠪᠠᠷ ᠡᠭᠢᠯᠡᠨ ᠪᠠᠢ᠌ᠭᠤᠯᠵᠤ᠂ ᠮᠢᠩ ᠣᠯᠤᠰ ᠤᠨ 14 ᠬᠠᠭᠠᠨ᠂ ᠴᠢᠩ ᠣᠯᠤᠰ ᠤᠨ 10 ᠬᠠᠭᠠᠨ ᠡ᠊ᠨᠳᠡ ᠣᠷᠢᠳ ᠬᠤᠵᠢᠳ ᠰᠠᠭᠤᠵᠤ ᠥᠩᠭᠡᠷᠡᠭ᠍ᠰᠡᠨ ᠣᠴᠢᠷ ᠡᠴᠠ ᠰᠠ‍‌ᠶᠢ ᠢᠩᠭᠢᠵᠤ ᠭᠡᠯᠡᠳᠡᠭ᠌ ᠶᠤᠮ᠃ ᠡᠨᠡ ᠨᠢ ᠳᠤᠬᠠᠢ ᠶᠢᠨ ᠦᠶ᠎ᠡ ᠳᠤ ᠪᠠᠨ ᠡᠭᠡᠯ ᠠᠷᠠᠤᠨ ᠱᠠᠭᠠᠢ᠌ᠵᠤ ᠪᠣᠯᠬᠤ ᠦᠭᠡᠶ᠂ ᠦᠳᠡᠯ᠎ᠠ ᠭᠦᠮᠤᠨ ᠥᠩᠭᠡᠢ᠌ᠵᠤ ᠪᠣᠯᠬᠤ ᠦᠭᠡᠶ ᠳᠠᠪᠬᠤᠷ ᠳᠠᠪᠬᠤᠷ ᠬᠠᠷᠠᠭᠤᠯ ᠮᠠᠨᠠᠭ᠎ᠠ ᠲᠡᠶ᠂ ᠳᠠᠮᠤᠷ ᠮᠠᠳᠤ ᠶᠤᠰᠤ ᠴᠠᠭᠠᠵᠠ ᠲᠡᠶ 《ᠪᠣᠷᠤ ᠬᠤᠳᠠ》 ᠪᠠᠢ᠌ᠭᠰᠠᠨ ᠶᠤᠮ᠃

ᠡᠭᠦᠪᠠᠷ ᠠᠭᠠᠵᠢᠮ ᠵᠤᠭᠠᠴᠠᠵᠤ᠂ ᠳᠡᠮᠳᠡᠭᠯᠡᠯ ᠳᠤᠳᠤᠷᠬᠠᠢ᠌ᠯᠠᠯ ᠢ ᠨᠢ ᠰᠠᠢ᠌ᠳᠤᠷ ᠨᠢᠭᠡ ᠨᠢᠭᠳᠠᠯᠠᠶ᠎ᠠ ᠭᠡᠰᠡᠨ ᠮᠢᠨᠤ ᠭᠦᠰᠡᠯ ᠭᠡᠢ ᠭᠤᠷᠢᠳᠠᠯ ᠪᠠᠢ᠌ᠭᠰᠠᠨ ᠠᠵᠠᠢ᠃ ᠬᠣᠢ᠌ᠨ᠎ᠠ ᠡᠴᠠ ᠲᠦᠯᠭᠢᠯᠡᠭᠦ᠂ ᠬᠠᠵᠠᠭᠤ ᠡᠴᠠ ᠮᠦᠷᠭᠦᠯᠭᠢᠯᠡᠭᠦ ᠭᠦᠮᠦᠰ ᠲᠤ ᠰᠢᠬᠠᠭᠳᠠᠭᠠᠤᠨ ᠣᠯᠢᠭ ᠲᠡᠶ ᠰᠠᠢ᠌ᠬᠠᠨ ᠦᠵᠠᠵᠤ ᠠᠮᠵᠢᠭᠰᠠᠨ ᠦᠭᠡᠶ᠃ ᠶᠠᠭᠤ ᠴᠤ ᠭᠡᠰᠡᠨ 《ᠬᠠᠭᠠᠨ ᠤ ᠣᠷᠳᠤᠨ》 ᠨᠢ ᠭᠠᠳᠠᠭᠠᠳᠤ ᠭᠤᠷᠪᠠᠨ ᠣᠷᠳᠤᠨ ᠬᠠᠷᠰᠢ ᠊᠊᠊᠊᠊᠊᠊᠊᠊᠊᠊᠊᠊᠊᠊᠊᠊᠊᠊᠊᠊᠊᠊᠊᠊᠊᠊ ᠲᠡᠶ ᠾᠧ ᠳ᠋ᠢᠶᠠᠨ ᠬᠠᠷᠰᠢ᠂ ᠵᠦᠩ ᠾᠧ ᠳ᠋ᠢᠶᠠᠨ ᠬᠠᠷᠰᠢ᠂ ᠪᠣᠤ ᠾᠧ ᠳ᠋ᠢᠶᠠᠨ ᠬᠠᠷᠰᠢ ᠭᠡᠭᠦ ᠭᠤᠷᠪᠠᠨ ᠳᠤᠮᠤ ᠣᠷᠳᠤᠨ ᠬᠠᠷᠰᠢ ᠪᠠ ᠬᠣᠢ᠌ᠳᠤ ᠭᠤᠷᠪᠠᠨ ᠣᠷᠳᠤᠨ ᠊᠊᠊᠊᠊᠊᠊᠊᠊᠊᠊᠊᠊᠊᠊᠊᠊᠊᠊᠊᠊᠊᠊᠊᠊᠊᠊ ᠴᠢᠶᠠᠨ ᠴᠢᠩ ᠭᠦᠩ ᠣᠷᠳᠤᠨ᠂ ᠺᠦᠨ ᠨᠢᠩ ᠭᠦᠩ ᠣᠷᠳᠤᠨ᠂ ᠵᠢᠶᠤᠤ ᠲᠡᠶ ᠳ᠋ᠢᠶᠠᠨ ᠬᠠᠷᠰᠢ ᠶᠢ ᠪᠠᠭᠳᠠᠭᠠᠭᠰᠠᠨ ᠳᠤᠮᠤ ᠪᠠᠷᠢᠯᠭ᠎ᠠ ᠶᠢ ᠭᠡᠯᠡᠨ᠎ᠡ᠃

ᠡᠮᠦᠨᠡᠭᠢ ᠨᠢ ᠭᠤᠤᠯᠳᠠᠭᠤ ᠳᠦᠷᠤ ᠭᠦᠷᠤᠨ ᠤ ᠶᠡᠭᠡ ᠣᠴᠢᠷ ᠶᠠᠪᠣᠳᠠᠯ ᠢ ᠳᠠᠰᠤᠯᠤᠨ ᠶᠠᠪᠣᠭᠤᠯᠳᠠᠭ ᠭᠠᠵᠠᠷ ᠪᠠᠢ᠌ᠭᠰᠠᠨ ᠪᠣᠯ ᠬᠣᠢ᠌ᠳᠤ ᠭᠤᠷᠪᠠᠨ ᠣᠷᠳᠤᠨ ᠨᠢ ᠭᠤᠤᠯᠳᠠᠭᠤ ᠬᠠᠭᠠᠨ ᠡᠵᠡᠨ ᠵᠢᠴᠢ ᠬᠠᠳᠤᠨ ᠳᠠᠳᠠᠪᠣᠷᠢ ᠨᠤᠭᠤᠳ ᠤᠨ ᠠᠮᠢᠳᠤᠷᠠᠯ ᠤᠨ ᠭᠦᠷᠢᠶᠡᠯᠩ ᠪᠠᠢ᠌ᠭᠰᠠᠨ ᠠᠵᠠᠢ᠃ ᠬᠠᠭᠠᠨ ᠤ ᠣᠷᠳᠤᠨ ᠤ ᠭᠡᠷ ᠪᠠᠢ᠌ᠰᠢᠩ ᠨᠠᠢ᠌ᠳᠠ ᠶ‍ᠢᠰᠤᠨ ᠮᠢᠩᠭ᠋᠎ᠠ ᠶ‍ᠢᠰᠤᠨ ᠵᠠᠭᠤ ᠶᠠᠷᠠ ᠶ‍ᠢᠰᠤᠨ ᠳᠠᠰᠤᠯᠭ᠎ᠠ ᠦᠷᠦᠭᠡ ᠲᠡᠶ ᠶᠤᠮ ᠭᠡᠨ᠎ᠡ᠃ ᠭᠡᠷᠪᠡ ᠨᠢᠭᠡ ᠭᠦᠮᠤᠨ ᠳᠦᠷᠦᠭ᠍ᠰᠡᠨ ᠳᠠᠷᠠ ᠡᠳᠦᠷ ᠡᠴᠠ ᠪᠠᠨ ᠡᠭᠢᠯᠡᠨ ᠦᠷᠦᠭᠡ ᠰᠤᠯᠢᠵᠤ ᠬᠤᠨᠤᠭᠯᠠᠭᠠᠤᠨ᠂ ᠪᠦᠭᠦᠨ ᠢ ᠬᠤᠨᠤᠭᠯᠠᠵᠤ ᠳᠠᠭᠤᠰᠳᠠᠯ᠎ᠠ ᠬᠤᠷᠢᠨ ᠳᠠᠪᠤᠨ ᠨᠠᠰᠤᠯᠠᠴᠢᠬᠠᠳᠠᠭ ᠭᠡᠨ᠎ᠡ ᠰᠢᠤ᠃ ᠶᠠᠭᠤᠨ ᠳᠤ ᠲᠦᠮᠡᠨ ᠳᠠᠰᠤᠯᠭ᠎ᠠ ᠦᠷᠦᠭᠡ ᠪᠣᠯᠭᠠᠭᠰᠠᠨ ᠦᠭᠡᠶ ᠶᠤᠮ ᠭᠡᠪᠠᠯ ᠳᠡᠭ᠍ᠷᠢ ᠶᠢᠨ ᠣᠷᠳᠤᠨ ᠰᠠ‍‌ᠶᠢ ᠲᠦᠮᠡᠨ ᠳᠠᠰᠤᠯᠭ᠎ᠠ ᠦᠷᠦᠭᠡ ᠲᠡᠶ ᠶᠤᠮ ᠭᠡᠨᠡᠯᠡᠢ᠃ ᠪᠣᠳᠤᠪᠠᠯ ᠳᠡᠭ᠍ᠷᠢ ᠶᠢᠨ ᠭᠦᠪᠠᠭᠦᠨ ᠨᠢ ᠳᠡᠭ᠍ᠷᠢ ᠡᠴᠠ ᠪᠠᠨ ᠳᠠᠪᠠᠵᠤ ᠪᠣᠯᠳᠠᠭ ᠦᠭᠡᠶ ᠶᠤᠮ ᠪᠠᠢ᠌ᠨ᠎ᠠ᠃

ᠬᠠᠭᠠᠨ ᠤ ᠣᠷᠳᠤᠨ ᠳᠤ ᠦᠵᠡᠭ᠍ᠰᠡᠨ ᠶᠠᠭᠤᠮ᠎ᠠ ᠨᠢ ᠪᠠᠭ᠎ᠠ ᠴᠤ ᠪᠣᠳᠤᠭᠰᠠᠨ ᠶᠠᠭᠤᠮ᠎ᠠ ᠨᠢ ᠣᠯᠠᠨ᠃ ᠮᠠᠠᠵᠤ ᠶᠢ ᠮᠠᠠᠳᠤᠵᠤ ᠡᠭᠢᠯᠡᠭ᠍ᠰᠡᠨ ᠡᠴᠠ ᠮᠥᠭᠦᠵᠤ ᠳᠠᠭᠤᠰᠳᠠᠯ᠎ᠠ ᠮᠠᠠᠵᠤ ᠮᠤᠩᠭ᠋ᠤᠯᠴᠤᠳ ᠶᠠᠮᠠᠷ ᠨᠢᠭᠡᠨ ᠳᠠᠯ᠎ᠠ ᠪᠠᠷ ᠶᠢᠡᠨ ᠬᠠᠷᠢᠴᠠᠭ᠎ᠠ ᠬᠤᠯᠪᠣᠭ᠎ᠠ ᠶᠠᠷᠤ ᠡᠴᠠ ᠳᠠᠰᠤᠷᠠᠵᠤ ᠦᠵᠡᠭᠡ ᠦᠭᠡᠶ᠃

ᠡᠭᠦᠨ ᠳᠤ᠂ ᠴᠢᠩ ᠣᠯᠤᠰ ᠤᠨ ᠳᠠᠢ᠌ᠽᠦᠩ ᠬᠠᠭᠠᠨ ᠬᠤᠸᠠᠩ ᠳᠠᠢ᠌ᠵᠢ ᠶᠢᠨ ᠬᠠᠳᠤᠨ ᠊᠊᠊᠊᠊᠊᠊᠊᠊᠊᠊᠊᠊᠊᠊᠊᠊᠊᠊᠊᠊᠊᠊᠊᠊᠊᠊᠊ ᠰᠢᠶᠤᠤ ᠵᠤᠸᠠᠩ ᠸᠧᠨ ᠬᠤᠸᠡᠩᠭᠡᠤ ᠭᠡᠭᠦ ᠮᠤᠩᠭ᠋ᠤᠯ ᠪᠦᠰᠡᠭᠦᠢ ᠬᠠᠮᠤᠭ ᠳᠡᠷᠢᠭᠦᠨ ᠳᠤ ᠳᠤᠷᠠᠳᠤᠭᠳᠠᠬᠤ ᠶᠤᠰᠤᠳᠠᠢ᠃ ᠳᠡᠭᠦᠨ ᠤ ᠮᠤᠩᠭ᠋ᠤᠯ ᠨᠠᠷ᠎ᠠ ᠨᠢ ᠪᠤᠮᠪᠦᠳᠡᠢ ᠭᠡᠳᠡᠭ᠌᠃ ᠳᠠᠷᠠ ᠪᠠᠷ ᠳᠠᠢ᠌ᠽᠦᠩ ᠬᠠᠭᠠᠨ ᠡᠴᠠ ᠭᠠᠳᠠᠨ᠎ᠠ ᠡᠶᠡᠪᠠᠷ ᠵᠠᠰᠠᠭᠴᠢ ᠬᠠᠭᠠᠨ ᠪᠠ ᠡᠩᠭᠡ ᠠᠮᠤᠭᠤᠯᠠᠩ ᠬᠠᠭᠠᠨ ᠵᠡᠷᠭᠡ ᠭᠤᠷᠪᠠᠨ ᠦᠶ᠎ᠡ ᠶᠢᠨ ᠴᠢᠩ ᠤᠨ ᠬᠠᠭᠠᠤᠨ ᠢ ᠲᠡᠳᠬᠦᠵᠤ ᠶᠠᠪᠣᠭᠰᠠᠨ ᠰᠢᠯᠭᠠᠷᠠᠭᠰᠠᠨ ᠣᠯᠤᠰ ᠳᠦᠷᠤᠴᠢᠨ ᠡᠮᠡᠭ᠍ᠳᠡᠢ ᠪᠠᠢ᠌ᠭ᠎ᠠ ᠶᠤᠮ᠃ ᠣᠠᠴᠠᠭᠠᠢ᠌ᠯᠠᠨ ᠡᠩᠭᠡ ᠠᠮᠤᠭᠤᠯᠠᠩ ᠬᠠᠭᠠᠨ ᠢ ᠠᠩᠬ᠎ᠠ ᠰᠠᠭᠤᠷᠢᠨ ᠳᠤ ᠰᠠᠭᠤᠬᠤ ᠦᠶ᠎ᠡ ᠳᠤ᠂ ᠨᠢᠯᠬ᠎ᠠ ᠬᠠᠭᠠᠨ ᠢ ᠨᠢᠳᠤᠨ ᠳᠤ ᠪᠠᠨ ᠴᠤ ᠬᠠᠪᠴᠢᠳᠠᠭ ᠦᠭᠡᠶ ᠪᠠᠢ᠌ᠭᠰᠠᠨ ᠶᠡᠭᠡ ᠲᠦᠰᠢᠮᠠᠯ ᠣᠤᠪᠠᠢ ᠶᠢ ᠶᠠᠭ ᠡᠨᠡ ᠰᠢᠶᠤᠤ ᠵᠤᠸᠠᠩ ᠸᠧᠨ ᠬᠤᠸᠡᠩᠭᠡᠤ ᠣᠷᠠᠨ ᠠᠷᠭ᠎ᠠ ᠪᠠᠷ ᠠᠷᠢᠯᠭᠠᠵᠤ ᠦᠭ‍ᠭᠦᠭ᠍ᠰᠡᠨ ᠰᠢᠤ᠃ ᠰᠢᠭᠦᠮᠵᠢᠯᠡᠭ᠍ᠴᠢᠳ ᠤᠨ ᠥᠭᠦᠯᠡᠯᠳᠡ ᠶᠢ ᠦᠨᠳᠦᠰᠦᠯᠠᠪᠠᠯ᠂ ᠡᠩᠭᠡ ᠠᠮᠤᠭᠤᠯᠠᠩ ᠬᠠᠭᠠᠨ ᠤ ᠵᠠᠰᠠᠭ ᠶᠠᠪᠣᠭᠤᠯᠬᠤ ᠠᠷᠭ᠎ᠠ ᠪᠣᠳᠤᠯᠭ᠎ᠠ᠂ ᠭᠦᠮᠤᠨ ᠵᠤᠨ ᠲᠡᠶ ᠬᠠᠷᠢᠯᠴᠠᠬᠤ ᠠᠷᠭ᠎ᠠ ᠮᠠᠶ‍ᠢᠭ᠂ ᠡᠷᠡᠰ ᠳᠠᠰᠤᠷᠬᠠᠢ ᠵᠠᠩ ᠠᠭᠠᠰᠢ ᠵᠡᠷᠭᠡ ᠳᠠᠯ᠎ᠠ ᠪᠠᠷ ᠰᠢᠶᠤᠤ ᠵᠤᠸᠠᠩ ᠸᠧᠨ ᠬᠤᠸᠡᠩᠭᠡᠤ ᠬᠠᠳᠤᠨ ᠲᠡᠶ ᠨᠠᠯᠢᠶᠠᠤᠨ ᠳᠦᠰᠦᠷᠭᠡᠤ ᠭᠡᠳᠡᠭ᠌ ᠪᠠᠢ᠌ᠪᠠ᠃ ᠡᠢ᠌ᠮᠤ ᠡᠴᠠ ᠵᠤᠭᠢᠬᠤ ᠠᠭᠤᠯᠭ᠎ᠠ ᠡᠴᠠ ᠭᠡᠯᠡᠪᠠᠯ᠂ ᠰᠢᠶᠤᠤ ᠵᠤᠸᠠᠩ ᠸᠧᠨ ᠬᠠᠳᠤᠨ ᠪᠣᠯ 《ᠡᠩᠭᠡ ᠠᠮᠤᠭᠤᠯᠠᠩ ᠤᠨ ᠴᠡᠴᠡᠭᠯᠡᠯᠳᠡ》 ᠳ᠋ᠤ ᠴᠢᠬᠤᠯᠠ ᠬᠤᠪᠢ ᠨᠠᠮᠠᠷᠢ ᠦᠵᠡᠭᠦᠯᠦᠭ᠍ᠰᠡᠨ ᠮᠤᠩᠭ᠋ᠤᠯ ᠪᠦᠰᠡᠭᠦᠢ ᠭᠡᠭᠦ ᠳᠤ ᠢᠯᠡᠭᠦᠳᠡᠭᠦ ᠦᠭᠡᠶ ᠶᠤᠮ᠃ ᠮᠦᠨᠴᠤ ᠮᠤᠩᠭ᠋ᠤᠯ ᠢ ᠮᠠᠠᠵᠤ ᠳᠤ ᠳᠠᠭᠠᠭᠤᠯᠬᠤ ᠭᠡᠵᠤ ᠣᠯᠠᠨ ᠳᠠᠪᠤᠨ ᠠᠷᠭ᠎ᠠ ᠣᠬᠠᠭᠠᠨ ᠪᠣᠳᠤᠵᠤ ᠰᠡᠢ᠌ᠯᠦᠭ᠍ᠰᠡᠨ ᠡᠴᠠ ᠪᠣᠴᠠᠬᠤ ᠦᠭᠡᠶ ᠶᠤᠮ᠃ ᠮᠤᠩᠭ᠋ᠤᠯ ᠤᠨ ᠥᠭᠡᠨ ᠳᠤ 《ᠬᠠᠷᠢ ᠳᠤ ᠦᠭ‍ᠭᠦᠭ᠍ᠰᠡᠨ ᠭᠡᠦᠭᠡᠨ ᠬᠠᠷᠪᠣᠵᠤ ᠭᠡᠭᠡᠭ᠍ᠰᠡᠨ ᠰᠤᠮᠤ》 ᠭᠡᠳᠡᠭ᠌᠃ ᠳᠡᠭᠡᠪᠠᠯ ᠰᠢᠶᠤᠤ ᠵᠤᠸᠠᠩ ᠸᠧᠨ ᠬᠠᠳᠤᠨ ᠢ 《ᠬᠠᠷᠪᠣᠵᠤ ᠭᠡᠭᠡᠭ᠍ᠰᠡᠨ ᠰᠤᠮᠤ》 ᠭᠡᠭᠦ ᠦᠦ ︖ 《ᠭᠡᠳᠡᠷᠭᠦ ᠬᠠᠷᠪᠣᠭᠳᠠᠭᠰᠠᠨ ᠰᠤᠮᠤ》 ᠭᠡᠭᠦ ᠦᠦ ︖

ᠡᠭᠦᠨ ᠡᠴᠠ ᠰᠡᠭᠦᠯ ᠰᠡᠭᠦᠯᠴᠢ ᠳᠤ ᠪᠠᠨ ᠮᠠᠠᠵᠤ ᠶᠢᠨ ᠬᠠᠭᠠᠤᠨ ᠤᠨ ᠠᠪᠠᠬᠠᠢ ᠭᠡᠭᠡ ᠨᠡᠷ ᠮᠤᠩᠭ᠋ᠤᠯ ᠨᠤᠳᠤᠭ ᠵᠥᠭ᠌ ᠮᠤᠷᠳᠠᠵᠠᠭᠠᠬᠤ ᠪᠣᠯᠵᠠᠢ᠃ ᠣᠯᠤᠰ ᠳᠦᠷᠤ ᠶᠢᠨ ᠣᠷᠤᠭ ᠴᠤ ᠭᠡᠯᠢᠤ ︖ ᠨᠠᠢ᠌ᠷᠠᠮᠳᠠᠯ ᠤᠨ ᠣᠷᠤᠭ ᠴᠤ ᠭᠡᠯᠢᠤ ᠪᠣᠤ ᠮᠠᠳᠠ᠃ ᠨᠢᠭᠡ ᠮᠡᠳᠡᠭ᠍ᠰᠡᠨ ᠴᠢᠨᠢ ᠮᠤᠩᠭ᠋ᠤᠯ ᠴᠢᠭᠤᠯᠭᠠᠨ ᠬᠤᠰᠢᠭᠤᠳ ᠤᠨ ᠸᠠᠩ ᠭᠦᠩ᠂ ᠨᠤᠶᠠᠤᠨ ᠲᠦᠰᠢᠮᠠᠤᠨ ᠮᠠᠠᠵᠤ ᠭᠡᠦᠭᠡᠨ ᠤ ᠨᠢᠯᠤᠭᠤᠨ ᠳᠠᠭᠤᠨ ᠳᠤ ᠰᠤᠭᠳᠤᠭᠤᠷᠠᠵᠤ᠂ ᠨᠠᠷᠢᠨ ᠪᠠᠯᠭᠡᠭᠦᠰᠤ ᠪᠠᠷ ᠳᠠᠪᠠᠷᠢᠵᠤ ᠪᠠᠢ᠌ᠭ᠎ᠠ ᠦᠶ᠎ᠡ ᠪᠠᠷ᠂ ᠮᠤᠩᠭ᠋ᠤᠯ ᠤᠨ ᠭᠠᠵᠠᠷ ᠨᠤᠳᠤᠭ᠂ ᠮᠤᠩᠭ᠋ᠤᠯ ᠲᠦᠮᠡᠨ ᠤ ᠡᠭᠦᠳᠤᠨ ᠪᠦᠳᠦᠭᠡᠭ᠍ᠰᠡᠨ ᠡᠳ᠋ ᠠᠭᠤᠷᠰᠤᠨ ᠬᠠᠵᠠᠭᠤ ᠪᠠᠷ ᠨᠢ ᠭᠤᠭᠤᠵᠢᠵᠤ ᠠᠮᠵᠢᠪᠠ᠃

ᠪᠢ᠂ ᠮᠠᠠᠵᠤ ᠴᠢᠩ ᠤᠨ ᠳᠦᠷᠤ ᠵᠠᠰᠠᠭ ᠤᠨ ᠴᠢᠬᠤᠯᠠ ᠭᠦᠢᠰᠤ ᠪᠣᠯᠵᠤ ᠪᠠᠢ᠌ᠭᠰᠠᠨ ᠲᠡᠶ ᠾᠧ ᠳ᠋ᠢᠶᠠᠨ (ᠪᠠᠰᠠ ᠶᠢᠨ ᠯᠤᠸᠠᠨ ᠳ᠋ᠢᠶᠠᠨ ᠴᠤ ᠭᠡᠳᠡᠭ᠌) ᠬᠠᠷᠰᠢ ᠶᠢᠨ ᠶᠠᠠᠳᠠᠷ ᠳᠡᠭᠡᠷ᠎ᠡ ᠣᠳᠠᠳᠠᠯ᠎ᠠ ᠵᠤᠭᠰᠤᠪᠠ᠃ ᠡᠨᠡ ᠪᠣᠯ ᠮᠠᠠᠵᠤ ᠴᠢᠩ ᠤᠨ ᠳᠦᠷᠤ ᠵᠠᠰᠠᠭ ᠤᠨ ᠴᠢᠬᠤᠯᠠ ᠴᠢᠬᠤᠯᠠ ᠭᠡᠷᠡᠭ᠌ ᠶᠠᠪᠣᠳᠠᠯ ᠢ ᠵᠦᠪᠳᠠᠨ ᠰᠢ᠌ᠳᠪᠦᠷᠢᠯᠡᠳᠡᠭ᠌ ᠭᠦᠢᠰᠤ ᠭᠠᠵᠠᠷ ᠪᠠᠢ᠌ᠭᠰᠠᠨ ᠶᠤᠮ᠃ ᠳᠤᠬᠠᠢ ᠶᠢᠨ ᠦᠶ᠎ᠡ ᠶᠢᠨ ᠭᠤᠪᠢ ᠶᠢᠨ ᠡᠮᠦᠨᠡᠭᠢ ᠪᠠ ᠭᠤᠪᠢ ᠶᠢᠨ ᠣᠮᠠᠷ᠎ᠠ ᠶᠢᠨ ᠮᠤᠩᠭ᠋ᠤᠯᠴᠤᠳ ᠨᠢ ᠮᠠᠠᠵᠤᠴᠤᠳ ᠤᠨ ᠳᠤᠯᠤᠭᠠᠢ ᠶᠢ ᠨᠢ ᠡᠪᠡᠳᠭᠡᠵᠤ ᠪᠠᠢ᠌ᠭᠰᠠᠨ ᠣᠴᠢᠷ ᠲᠡᠶ᠂ ᠵᠦᠩᠭ᠋ᠠᠷ ᠤᠨ ᠭᠠᠯᠳᠠᠨ ᠪᠣᠱᠤᠭᠳᠤ ᠬᠠᠭᠠᠨ ᠨᠢ ᠮᠠᠠᠵᠤ ᠶᠢᠨ ᠡᠩᠭᠡ ᠠᠮᠤᠭᠤᠯᠠᠩ ᠬᠠᠭᠠᠨ ᠤ ᠣᠬᠠᠭᠠᠨ ᠳᠠᠮᠢᠷ ᠢ ᠨᠢ ᠪᠠᠷᠠᠭᠠᠵᠤ ᠪᠠᠢ᠌ᠭᠰᠠᠨ ᠳᠡᠦᠭᠡ ᠲᠡᠶ ᠶᠤᠮ᠃ ᠡᠭᠦᠨ ᠢ ᠪᠣᠳᠤᠬᠤ ᠳᠤ᠂ ᠡᠩᠭᠡ ᠠᠮᠤᠭᠤᠯᠠᠩ ᠤᠨ 《ᠭᠠᠯᠳᠠᠨ ᠪᠣᠱᠤᠭᠳᠤ ᠶᠢ᠁ ᠣᠯᠠᠭᠠᠠᠪᠣᠳᠤᠩ ᠳᠤ᠁》 ᠭᠡᠭᠦ ᠨᠢᠭᠤᠴᠠ ᠬᠤᠤᠪᠢᠯᠳᠤᠯᠭ᠎ᠠ ᠬᠠᠭᠢᠷ ᠳᠠᠭᠤᠨ ᠡᠨᠡ ᠳᠤᠮᠤ ᠬᠠᠷᠰᠢ ᠡᠴᠠ ᠳᠤᠭᠤᠯᠳᠠᠬᠤ ᠰᠢᠭ ᠪᠣᠯᠵᠠᠢ᠃

ᠳᠡᠭᠦᠨ ᠡᠴᠠ ᠬᠤᠵᠢᠮ ᠨᠢ ᠡᠨᠡ ᠣᠷᠳᠤᠨ ᠶᠢᠡᠷ ᠮᠤᠩᠭ᠋ᠤᠯ ᠭᠦᠮᠤᠨ ᠣᠷᠤᠵᠤ ᠭᠠᠷᠴᠤ ᠯᠠ ᠪᠠᠢ᠌ᠯ᠎ᠠ᠃ ᠡᠯ᠎ᠡ ᠴᠢᠭᠤᠯᠭᠠᠨ ᠤ ᠸᠠᠩ ᠨᠤᠶᠠᠤᠨ᠂ ᠬᠤᠰᠢᠭᠤ ᠨᠤᠳᠤᠭ ᠤᠨ ᠸᠠᠩ ᠭᠦᠩ ᠨᠡᠷ ᠳᠤᠰ ᠳᠤᠰ ᠲᠤ ᠪᠠᠨ ᠮᠠᠠᠵᠤ ᠶᠢᠨ ᠬᠠᠭᠠᠨ ᠳᠤ ᠪᠠᠷᠠᠳᠠᠵᠤ᠂ ᠮᠠᠠᠵᠤ ᠶᠢᠨ ᠬᠠᠭᠠᠤᠨ ᠤᠨ 《ᠰᠤᠶᠤᠷᠬᠠᠭᠰᠠᠨ》 ᠪᠠᠰᠢᠷ ᠮᠡᠭᠡ ᠶᠢ ᠳᠦᠭᠦᠷᠡᠳᠡᠯ᠎ᠡ ᠬᠠᠷᠮᠠᠯᠠᠭᠠᠤᠨ ᠨᠢᠭᠤᠴᠠ ᠬᠠᠭᠠᠯᠠᠭ᠎ᠠ ᠪᠠᠷ ᠨᠢ ᠰᠡᠮᠭᠡᠨ ᠭᠠᠷᠴᠤ ᠶᠠᠪᠣᠬᠤ ᠦᠵᠡᠭ᠍ᠳᠡᠯ ᠵᠥᠩᠳᠡᠭᠡᠨ ᠪᠠᠢ᠌ᠭᠰᠠᠨ᠃

ᠡᠭᠦᠨ ᠡᠴᠠ ᠨᠠᠩ ᠬᠤᠵᠢᠭᠤ ᠴᠢᠨᠠᠭᠰᠢᠯᠠᠪᠠᠯ ᠮᠠᠠᠵᠤ ᠴᠢᠩ ᠤᠨ ᠳᠦᠷᠤ ᠳᠤᠰᠤ ᠨᠢ ᠪᠠᠷᠠᠭᠳᠠᠭᠰᠠᠨ ᠵᠤᠯᠠ ᠰᠢᠭ ᠬᠤᠷᠣᠢ᠌ᠯᠵᠠᠵᠤ ᠪᠠᠢ᠌ᠭᠰᠠᠨ ᠳᠠᠷᠠ ᠦᠶ᠎ᠡ ᠳᠤ᠂ ᠶᠡᠭᠡ ᠡᠷ᠎ᠡ ᠰᠡᠩᠭᠡᠷᠢᠡᠴᠢᠨ ᠡᠨᠡ ᠣᠷᠳᠤᠨ ᠳᠤ ᠳᠦᠷᠪᠠᠯᠵᠢᠯᠠᠨ ᠠᠯᠬᠤᠵᠤ ᠥᠩᠭᠡᠷᠡᠭ᠍ᠰᠡᠨ᠂ ᠪᠠᠰᠠ ᠳᠡᠭᠡᠳᠦᠰ ᠤᠨ ᠶᠢᠡᠨ ᠣᠯᠠᠭᠠᠨ ᠪᠣᠶᠠᠨ ᠳᠤ ᠵᠢᠷᠭᠠᠨ ᠴᠡᠩᠭᠡᠭᠦ ᠪᠠᠷ ᠵᠠᠶᠠᠭᠠᠭᠰᠠᠨ ᠨᠠᠷᠠᠰᠤ ᠪᠠᠢ᠌ᠯᠠ ᠨᠡᠷ ᠴᠤ ᠡᠨᠡ ᠣᠷᠳᠤᠨ ᠳᠤ ᠣᠷᠤᠵᠤ ᠭᠠᠷᠴᠤ ᠪᠠᠢ᠌ᠭᠰᠠᠨ ᠭᠡᠵᠤ ᠪᠣᠳᠤᠨ ᠠᠮᠵᠢᠪᠠ᠃

ᠣᠨ ᠵᠢᠯ ᠣᠷᠴᠢᠨ ᠣᠯᠠᠷᠢᠵᠤ ᠣᠯᠠᠨ ᠭᠡᠷᠡᠭ᠌ ᠣᠳᠤᠭ᠎ᠠ ᠣᠨᠢᠶᠠᠷ ᠪᠣᠯᠵᠤ ᠠᠷᠢᠯᠤᠯ᠎ᠠ᠃ 《ᠢᠳᠡᠭ᠍ᠰᠡᠨ ᠡᠷᠡᠤ ᠬᠤᠪᠠᠬᠠᠢ᠌ᠷᠠᠵᠤ ᠢᠳᠡᠭ᠍ᠳᠡᠭ᠍ᠰᠡᠨ ᠳᠤᠪᠣ ᠭᠦᠭᠡᠷᠡᠨ᠎ᠡ》 ᠭᠡᠳᠡᠭ᠌ ᠶᠠᠭ ᠣᠨᠤᠵᠤ ᠭᠡᠯᠡᠭ᠍ᠰᠡᠨ ᠥᠭᠡ ᠳ᠋ᠠ᠃ ᠮᠤᠩᠭ᠋ᠤᠯᠴᠤᠳ ᠢ ᠣᠭ ᠦᠨᠳᠦᠰᠦ ᠪᠠᠷ ᠨᠢ ᠮᠥᠭᠦᠭᠡᠨ᠎ᠡ ᠭᠡᠵᠤ ᠠᠷᠠᠭ᠎ᠠ ᠰᠢᠳᠤ ᠪᠠᠨ ᠬᠠᠪᠢᠷᠴᠤ᠂ ᠶ‍ᠢᠰᠤᠨ ᠬᠠᠷ᠎ᠠ ᠶᠢᠨ ᠮᠠᠭᠤ ᠪᠣᠳᠤᠯ᠂ ᠮᠤᠰᠢᠭᠠᠢ ᠣᠬᠠᠭᠠᠨ ᠰᠠᠢ᠌ᠯᠵᠤ ᠪᠠᠢ᠌ᠭᠰᠠᠨ ᠮᠠᠠᠵᠤᠴᠤᠳ᠂ ᠳᠠᠮᠠᠭ᠎ᠠ ᠱᠤᠰᠢᠭ᠎ᠠ ᠨᠢ ᠰᠢᠳᠠᠭᠠᠭᠳᠠᠵᠤ᠂ ᠣᠳᠤᠭ᠎ᠠ ᠵᠢᠩᠰᠠ ᠨᠢ ᠮᠤᠯᠭᠤᠷᠠᠵᠤ᠂ ᠣᠭᠰᠠᠭ᠎ᠠ ᠦᠨᠳᠦᠰᠦ ᠨᠢ ᠮᠥᠭᠦᠨ ᠰᠥᠨᠦᠭᠡᠳ ᠳᠤᠯᠢ ᠪᠢᠴᠢᠭ᠌ ᠳᠠᠭᠢ 《ᠮᠡᠡᠵᠤ》 ᠭᠡᠭᠦ ᠥᠭᠡ ᠪᠠ ᠮᠥᠭ᠍ᠳᠡᠨ᠂ ᠪᠠᠭᠡᠵᠢᠩ ᠳᠤ ᠪᠠᠢ᠌ᠭ᠎ᠠ ᠬᠤᠶᠠᠷ 《ᠣᠷᠳᠤᠨ》 ᠯᠠ ᠦᠯᠠᠳᠠᠵᠠᠢ᠃ ᠡᠭᠦᠨ ᠤ ᠡᠰᠡᠷᠭᠦ ᠪᠠᠷ᠂ ᠮᠤᠩᠭ᠋ᠤᠯᠴᠤᠳ ᠮᠠᠨᠢ ᠬᠠᠷᠢᠨ ᠣᠭᠰᠠᠭ᠎ᠠ ᠬᠠᠷᠠᠯᠠᠵᠤ᠂ ᠣᠳᠤᠮ ᠰᠥᠨᠦᠭᠦ ᠭᠠᠢ ᠭᠠᠮᠰᠢᠭ ᠤᠳ ᠢ ᠠᠵᠢᠭ ᠴᠤ ᠦᠭᠡᠶ ᠮᠠᠠᠳᠤ ᠳᠤᠭᠤᠯᠴᠢᠬᠠᠭᠠᠤᠨ ᠳᠠᠯᠠᠢ ᠨᠠᠭᠤᠷ ᠤᠨ ᠣᠰᠤᠨ ᠮᠠᠳᠤ ᠳᠠᠪᠠᠯᠭᠠᠯᠠᠨ ᠳᠠᠪᠠᠯᠭᠠᠯᠠᠭᠰᠠᠭᠠᠷ ᠁

ᠡᠨᠡ ᠦᠪ ᠦᠨᠡᠨ ᠰᠢᠤ᠃ ᠳᠠᠷᠠ ᠳᠠᠪᠠᠯᠭᠠᠨ ᠤ ᠳᠦᠷᠪᠠᠨ ᠵᠢᠵᠢᠭ᠌ ᠳᠤᠰᠤᠯ ᠨᠢ ᠡᠭᠡᠨᠡᠷ ᠬᠡᠦᠬᠡᠳ ᠪᠢᠳᠠ ᠳᠦᠷᠪᠠᠨ ᠮᠤᠩᠭ᠋ᠤᠯ ᠡ᠊ᠨᠳᠡ ᠵᠤᠭᠠᠴᠠᠵᠤ ᠪᠠᠢ᠌ᠭ᠎ᠠ ᠰᠢᠤ ᠭᠡᠵᠤ ᠣᠯᠵᠠᠷᠬᠠᠨ ᠪᠣᠳᠤᠭᠠᠤᠨ ᠭᠡᠨᠡᠳᠲᠡ ᠳᠤᠯᠤᠭᠠᠢ ᠡᠷᠭᠦᠨ ᠬᠠᠷᠠᠪᠠᠯ᠂ ᠬᠠᠭᠠᠨ ᠤ ᠣᠷᠳᠤᠨ ᠤ ᠬᠣᠢ᠌ᠳᠤ ᠡᠭᠦᠳᠡ ᠊᠊᠊᠊᠊᠊᠊᠊᠊᠊᠊᠊᠊᠊᠊᠊᠊᠊᠊᠊᠊᠊᠊᠊᠊᠊ ᠱᠧᠨ ᠡᠤ ᠮᠧᠨ ᠭᠦᠷᠦᠭᠡᠳ ᠢᠷᠡᠴᠢᠭᠡᠭ᠍ᠰᠡᠨ ᠪᠠᠢ᠌ᠵᠠᠢ᠃

ᠨᠠᠷᠠᠨ ᠴᠤ ᠪᠠᠷᠠᠭᠤᠠᠰᠢ ᠭᠤᠳᠣᠢ᠌ᠪᠠ᠃

ᠳᠦᠷᠤ ᠶᠢᠨ ᠨᠠᠢ᠌ᠰᠯᠠᠯ ᠡᠴᠠ ᠳᠦᠷᠦᠭ᠍ᠰᠡᠨ ᠨᠤᠳᠤᠭ ᠵᠥᠭ᠌ ᠪᠤᠴᠠᠬᠤ ᠪᠤᠯᠲᠠᠯᠠᠬᠢ ᠳᠤᠯᠤᠭᠠᠨ ᠰᠠᠷ᠎ᠠ ᠶᠢᠨ ᠬᠤᠷᠢᠨ ᠭᠤᠷᠪᠠᠨ ᠡᠴᠠ ᠬᠤᠷᠢᠨ ᠳᠠᠪᠤᠨ ᠤ ᠦᠳᠡ ᠪᠣᠯᠳᠠᠯ᠎ᠠ ᠮᠤᠷᠢᠨ ᠨᠢᠷᠤᠭᠤᠨ ᠡᠴᠠ ᠴᠡᠴᠡᠭ᠌ ᠰᠤᠨᠢᠷᠬᠠᠬᠤ ᠰᠢᠤᠬᠠᠨ 《ᠡᠢ ᠾᠧ ᠶᠤᠸᠠᠨ ᠴᠡᠴᠡᠷᠯᠢᠭ᠌》᠂ 《ᠳᠢᠶᠠᠨ ᠳᠠᠨ ᠴᠡᠴᠡᠷᠯᠢᠭ᠌》᠂ 《ᠭᠦᠩ ᠴᠢᠨ ᠸᠠᠩ ᠤᠨ ᠣᠷᠳᠤᠨ》᠂ 《ᠳᠤᠮᠳᠠᠳᠤ ᠣᠯᠤᠰ ᠤᠨ ᠬᠤᠪᠢᠰᠬᠠᠯᠳᠤ ᠴᠡᠷᠢᠭ᠌ ᠤᠨ ᠶᠠᠪᠣᠳᠠᠯ ᠤᠨ ᠮᠥᠽᠸᠢ》 ᠵᠡᠷᠭᠡ ᠦᠵᠠᠮᠵᠢ ᠡᠴᠠ ᠰᠤᠨᠢᠷᠬᠠᠵᠤ ᠭᠠᠷᠤᠯ᠎ᠠ᠃

ᠶᠠᠭᠤᠨ ᠭᠡᠭᠦᠯ᠎ᠡ᠂ ᠡᠳᠦᠷ ᠪᠦᠭ᠍ᠴᠢᠮ ᠬᠠᠯᠠᠭᠤᠨ᠂ ᠭᠦᠮᠤᠨ ᠠᠮᠢᠳᠠᠨ ᠤ ᠣᠯᠠᠨ ᠭᠡᠳᠡᠭ᠌ ᠢ ᠭᠡᠯᠡᠭᠦ ᠶᠢᠨ ᠠᠷᠭ᠎ᠠ ᠦᠭᠡᠶ᠃ ᠭᠦᠮᠤᠨ ᠤ ᠳᠠᠯᠠᠢ ᠭᠡᠵᠤ ᠪᠠᠭᠡᠵᠢᠩ ᠬᠤᠳᠠ ᠶᠢ ᠵᠣᠢ᠌ᠷᠯᠠᠪᠠᠯ ᠶᠠᠭ ᠣᠨᠤᠭᠰᠠᠨ ᠭᠡᠵᠤ ᠪᠢ ᠪᠣᠳᠤᠨ᠎ᠠ᠃ ᠬᠤᠭᠤᠯᠠᠨ ᠭᠡᠷ᠂ ᠬᠤᠨᠤᠭ ᠤᠨ ᠪᠠᠭᠤᠳᠠᠯ᠂ ᠬᠤᠷᠰᠢᠶ᠎ᠠ ᠳᠡᠯᠭᠡᠭᠦᠷ ᠬᠠᠮᠢᠭ᠎ᠠ ᠨᠢ ᠴᠤ ᠭᠡᠰᠡᠨ ᠫᠢᠭ ᠳᠦᠭᠦᠷᠡᠩ᠃ ᠪᠠᠭᠡᠵᠢᠩ ᠬᠤᠳᠠ ᠡᠢ᠌ᠮᠤ ᠣᠯᠠᠨ ᠠᠮᠢᠳᠠᠤᠨ ᠢ ᠠᠯᠢ ᠭᠡᠪᠠᠯᠢ ᠳᠤ ᠪᠠᠨ ᠪᠠᠭᠳᠠᠭᠠᠵᠤ ᠪᠠᠢ᠌ᠳᠠᠭ ᠪᠣᠯ ᠳ᠋ᠠ ︖ ᠠᠵᠠ ᠪᠠᠷ ᠭᠦᠤ ᠭᠡᠦᠭᠡᠨ ᠬᠤᠶᠠᠭᠤᠯᠠ ᠪᠧᠯᠧᠲ᠋ ᠠᠪᠬᠤ ᠡᠴᠠ ᠡᠭᠢᠯᠡᠨ ᠮᠦᠷᠯᠠᠨ ᠵᠢᠭᠰᠠᠬᠤ᠂ ᠬᠤᠨᠤᠭ ᠪᠠᠭᠤᠳᠠᠯ ᠠᠪᠬᠤ᠂ ᠬᠤᠭᠤᠯᠠ ᠣᠮᠳᠠ ᠵᠠᠭᠢᠶᠠᠯᠠᠬᠤ᠁ ᠵᠡᠷᠭᠡ ᠠᠯᠢᠪᠠ ᠶᠢ ᠪᠦᠷ ᠳᠠᠭᠠᠭᠠᠴᠢᠯᠠᠭᠰᠠᠨ ᠳᠤ ᠪᠠᠨ ᠮᠠᠨ ᠤ ᠵᠤᠭᠠᠴᠠᠯ ᠳᠦᠭᠦᠷᠡᠩ ᠳᠠᠪᠠᠳᠠᠢ ᠪᠣᠯᠵᠤ ᠴᠢᠳᠠᠵᠠᠢ᠃ ᠭᠡᠷᠪᠡ ᠪᠦᠰᠡᠭᠦᠢ ᠪᠢᠳᠠ ᠬᠤᠶᠠᠭᠤᠯᠠᠬᠠᠨ ᠪᠠᠢ᠌ᠭᠰᠠᠨ ᠪᠣᠯ ᠠᠯᠢ ᠭᠡᠳᠥᠢᠨ ᠳᠤᠷ᠎ᠠ ᠰᠢᠷ᠎ᠠ ᠭᠦᠷᠴᠤ ᠪᠣᠴᠠᠭᠠᠤᠨ ᠢᠷᠡᠴᠢᠭᠡᠭ᠍ᠰᠡᠨ ᠴᠤ ᠪᠠᠢ᠌ᠬ᠎ᠠ᠃

ᠬᠤᠷᠢᠨ ᠳᠠᠪᠤᠨ ᠤ ᠦᠷᠯᠦᠭᠡ ᠡᠭᠡᠨᠡᠷ ᠭᠡᠦᠭᠡᠨ ᠬᠤᠶᠠᠭᠤᠯᠠ ᠸᠠᠩ ᠹᠦ᠋ ᠵᠢᠩ ᠬᠤᠳᠠᠯᠳᠤᠭ᠎ᠠ ᠵᠡᠭᠡᠯᠢ ᠪᠠᠷ ᠳᠤᠭᠤᠷᠢᠬᠤ ᠪᠠᠷ ᠪᠣᠯᠵᠤ᠂ ᠭᠦᠤ ᠪᠢᠳᠠ ᠬᠤᠶᠠᠭᠤᠯᠠ 《ᠳᠤᠮᠳᠠᠳᠤ ᠣᠯᠤᠰ ᠤᠨ ᠬᠤᠪᠢᠰᠬᠠᠯᠳᠤ ᠴᠡᠷᠢᠭ᠌ ᠤᠨ ᠶᠠᠪᠣᠳᠠᠯ ᠤᠨ ᠮᠦᠽᠧᠢ》 ᠪᠠᠷ ᠵᠤᠭᠠᠴᠠᠬᠤ ᠪᠠᠷ ᠡᠷᠳᠡ ᠮᠤᠷᠳᠠᠨ ᠭᠠᠷᠤᠯ᠎ᠠ᠃ ᠭᠦᠤ ᠪᠢᠳᠠ ᠬᠤᠶᠠᠭᠤᠯᠠ ᠭᠤᠷᠪᠠᠨ ᠴᠠᠭ ᠢᠯᠡᠭᠦᠤ ᠬᠤᠪᠢᠰᠬᠠᠯᠳᠤ ᠣᠯᠠᠮᠵᠢᠯᠠᠯ ᠤᠨ ᠭᠦᠮᠦᠵᠢᠯ ᠭᠦᠷᠳᠡᠵᠡᠭᠡᠭᠡᠳ ᠠᠷᠪᠠᠨ ᠨᠢᠭᠡᠨ ᠴᠠᠭ ᠤᠨ ᠦᠶ᠎ᠡ ᠪᠠᠷ ᠴᠢᠶᠠᠨ ᠮᠧᠨ ᠤ ᠳᠡᠷᠭᠡᠳᠡᠭᠢ ᠪᠠᠭᠤᠳᠠᠯ ᠳᠤ ᠪᠠᠨ ᠪᠣᠴᠠᠨ ᠢᠷᠡᠭᠡᠳ ᠪᠣᠭᠤᠳᠠᠯ ᠪᠠᠭᠯᠠᠭ᠎ᠠ ᠪᠠᠨ ᠳᠢᠭᠯᠡᠪᠡ᠃ ᠦᠳᠡ ᠶᠢᠨ ᠬᠤᠭᠤᠯᠠ ᠭᠡᠵᠤ ᠵᠢᠭᠠᠯ ᠵᠤᠭᠠᠯ ᠢᠳᠡᠭᠦᠢᠴᠡ ᠪᠣᠯᠤᠭᠠᠤᠨ ᠳᠠᠭᠢᠨ ᠪᠠᠭᠡᠵᠢᠩ ᠤᠨ ᠭᠠᠯᠳᠤ ᠳᠡᠷᠭᠡᠨ ᠤ ᠦᠷᠳᠡᠭᠡᠨ ᠳᠤ ᠡᠷᠳᠡᠯᠡᠨ ᠭᠦᠷᠦᠭᠡᠳ 11᠄ 58 ᠮᠢᠨᠦ᠋ᠲ ᠲᠤ ᠪᠠᠭᠡᠵᠢᠩ ᠊᠊᠊᠊᠊᠊᠊᠊᠊᠊᠊᠊᠊᠊᠊᠊᠊᠊᠊᠊᠊᠊᠊ ᠰᠦᠩ ᠶᠤᠸᠠᠨ ᠳᠤ ᠰᠢᠭᠤᠳ ᠨᠡᠪᠳᠡᠷᠡᠭᠦ ᠳᠡᠷᠭᠡᠨ ᠳᠤ ᠦᠰᠤᠷᠤᠨ ᠭᠠᠷᠤᠭᠠᠤᠨ ᠰᠡᠳᠭᠢᠯ ᠨᠢᠭᠡ ᠠᠮᠠᠷᠠᠯ᠎ᠠ᠃

ᠵᠥᠭᠡᠯᠡᠨ ᠳᠠᠭᠠᠯᠠᠮᠵᠢᠳᠠᠢ ᠣᠠᠳᠠᠬᠤ ᠣᠷᠤ ᠳᠡᠭᠡᠷ᠎ᠡ ᠳᠦᠳᠡᠭᠡᠨ ᠵᠡᠭᠦᠷᠮᠡᠭᠯᠡᠵᠤ ᠣᠷᠭᠢᠯ᠎ᠠ᠃ ᠳᠦᠷᠦᠭ᠍ᠰᠡᠨ ᠨᠤᠳᠤᠭ ᠤᠨ ᠮᠠᠩᠬ᠎ᠠ ᠳᠤᠯᠤᠭᠠᠤᠨ᠂ ᠨᠠᠭᠤᠷ ᠣᠰᠤ᠂ ᠳᠤᠭᠯᠠᠯᠳᠤᠨ ᠦᠰᠦᠭ᠍ᠰᠡᠨ ᠣᠨᠠᠭᠠᠨ ᠬᠤᠯᠪᠣᠭ᠎ᠠ ᠨᠡᠷ ᠲᠡᠶ ᠪᠠᠨ ᠨᠠᠷᠭᠢᠵᠤ ᠶᠠᠪᠣᠯ᠎ᠠ᠃ ᠳᠠᠪᠣ ᠵᠢᠷᠭᠤᠭᠠᠨ ᠡᠳᠦᠷ ᠵᠤᠭᠠᠴᠠᠵᠤ ᠳᠤᠭᠤᠷᠢᠭᠰᠠᠨ ᠪᠠᠭᠡᠵᠢᠩ ᠤᠨ ᠨᠠᠷᠠᠳᠤ ᠦᠵᠠᠮᠵᠢ ᠣᠠᠳᠠᠬᠤ ᠵᠡᠭᠦᠳᠤᠨ ᠳᠤ ᠣᠷᠤᠭᠰᠠᠨ ᠥᠭᠡᠢ ᠨᠢ ᠭᠠᠢ᠌ᠬᠠᠯᠳᠠᠢ ᠶᠠᠪᠣᠳᠠᠯ ᠪᠣᠯᠤᠨ᠎ᠠ᠃ ᠢᠩᠭᠢᠵᠤ ᠠᠮᠳᠠᠳᠠᠢ ᠰᠠᠢ᠌ᠬᠠᠨ ᠵᠡᠭᠦᠷᠮᠡᠭᠯᠡᠨ ᠪᠠᠢ᠌ᠳᠠᠯ᠎ᠠ ᠭᠠᠷ ᠣᠳᠠᠰᠤ ᠮᠢᠨᠢ ᠵᠠᠭᠢᠶᠠᠰᠤ ᠢᠷᠡᠭ᠍ᠰᠡᠨ ᠢ ᠮᠡᠳᠡᠭᠡᠯᠡᠨ ᠳᠤᠤᠭᠠᠷᠤᠯ᠎ᠠ᠂ ᠳᠡᠯᠭᠡᠨ ᠦᠵᠠᠪᠠᠯ ᠪᠦᠯᠤ ᠳᠡᠭᠦᠤ ᠶᠢᠨ ᠢᠷᠡᠭᠦᠯᠦᠭ᠍ᠰᠡᠨ᠄

ᠬᠠᠭᠠᠨ ᠤ ᠨᠠᠢ᠌ᠰᠯᠠᠯ ᠰᠠᠢ᠌ᠬᠠᠨ ᠪᠠᠢ᠌ᠨ᠎ᠠ ᠦᠦ ︖

ᠬᠠᠪᠣ ᠴᠡᠩᠭᠡᠯ ᠶᠢᠡᠷ ᠳᠦᠭᠦᠷᠡᠩ ᠪᠠᠢ᠌ᠨ᠎ᠠ ᠦᠦ ︖

ᠳᠦᠷᠤ ᠶᠢᠨ ᠨᠠᠢ᠌ᠰᠯᠠᠯ ᠳᠤ ᠭᠡᠳᠤ ᠳᠠᠰᠢᠭᠤᠷᠠᠭᠠᠤᠨ

ᠳᠦᠷᠤᠯ ᠳᠦᠷᠦᠭ᠍ᠰᠡᠨ ᠶᠢᠡᠨ ᠮᠠᠷᠳᠠᠴᠢᠬᠠᠪᠠᠤ ︖ ᠭᠡᠰᠡᠨ ᠬᠤᠯᠪᠣᠭ᠎ᠠ ᠬᠤᠷᠰᠢᠶ᠎ᠠ ᠲᠡᠶ ᠪᠢᠴᠢᠭ᠍ᠰᠡᠨ ᠵᠠᠭᠢᠶᠠᠰᠤ ᠥᠭᠡᠰ ᠬᠠᠷᠠᠭᠳᠠᠨ᠎ᠠ᠃ ᠪᠢ ᠬᠠᠷᠢᠭᠤ ᠳᠤ ᠨᠢ᠄

ᠬᠠᠭᠠᠨ ᠤ ᠨᠠᠢ᠌ᠰᠯᠠᠯ ᠬᠠᠯᠠᠭᠤᠨ ᠯᠠ ᠪᠠᠢ᠌ᠨ᠎ᠠ

ᠬᠠᠷ᠎ᠠ ᠳᠤᠯᠤᠭᠠᠢ᠌ᠳᠠᠤᠨ ᠣᠯᠠᠨ ᠯᠠ ᠪᠠᠢ᠌ᠨ᠎ᠠ᠂

ᠡᠭᠡ ᠨᠤᠳᠤᠭ᠂ ᠡᠯᠢᠭᠡᠨ ᠰᠠᠳᠤᠨ ᠮᠢᠨᠢ

ᠡᠨᠡᠦᠭᠡᠨ ᠳᠠᠨ ᠳᠤ ᠪᠠᠨ ᠣᠴᠢᠯ᠎ᠠ᠃ ᠭᠡᠵᠤ ᠵᠠᠭᠢᠶᠠᠰᠤ ᠪᠢᠴᠢᠭᠡᠳ ᠳᠤᠪᠴᠢᠳᠠᠨ ᠳᠠᠷᠤᠵᠤ ᠳᠠᠮᠵᠢᠭᠤᠯᠵᠤ ᠣᠷᠭᠢᠯ᠎ᠠ᠃


2012 ᠊ᠤ ᠳᠤᠯᠤᠭᠠᠨ ᠰᠠᠷ᠎ᠠ ᠶᠢᠨ ᠠᠷᠪᠠᠨ ᠨᠢ᠋ᠮᠠᠨ


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠳ᠋ᠠᠭᠢ ᠨᠢᠭᠡᠳᠦᠭᠡᠷ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ

ᠵᠤᠬᠢᠶᠠᠭᠴᠢ᠄ ᠳᠢᠪ (ᠬᠠᠢ᠌ᠯᠠᠰᠤ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 58639
ᠴᠠᠭ᠄ 2012 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ