ᠨᠡᠪᠲᠡᠷᠡᠨ ᠤᠷᠤᠬᠤ
ᠵᠠᠯᠠᠭᠤ ᠨᠠᠰᠤ
(ᠳᠠᠭᠤᠤ ᠶᠢᠨ ᠥᠭᠡ)

ᠡᠩᠭᠦᠷᠡᠢ ᠬᠤᠩᠭ᠋ᠤᠷ ᠵᠠᠯᠠᠭᠤ ᠨᠠᠰᠤ

ᠡᠷᠢᠭᠡᠤᠨ ᠣᠯᠳᠠᠬᠤ ᠦᠭᠡᠶ ᠲᠤᠬᠢᠶᠠᠯ ᠪᠠᠢ᠌ᠨ᠎ᠠ

ᠡᠷᠳᠡᠮ ᠳᠤ ᠰᠢᠮᠳᠠᠨ ᠣᠢ᠌ᠯᠠᠰ ᠴᠤᠭᠴᠠᠯᠠᠬᠤ

ᠡᠷᠭᠢᠮ ᠨᠠᠠᠳᠢᠨ ᠵᠠᠪᠰᠢᠶᠠᠨ ᠪᠠᠢ᠌ᠨ᠎ᠠ

ᠬᠤᠩᠭ᠋ᠤᠷ ᠵᠠᠯᠠᠭᠤ ᠨᠠᠰᠤ ᠪᠠᠨ ᠪᠢᠳᠠ

ᠬᠤᠪᠳᠤᠯ ᠵᠢᠷᠦᠭᠡᠨ ᠳᠡᠭᠡᠨ ᠨᠠᠠᠳᠢᠩᠨᠠᠵᠤ ᠶᠠᠪᠣᠶ᠎ᠠ︕


ᠭᠠᠩᠭ᠋ᠠᠩ ᠰᠠᠢ᠌ᠬᠠᠨ ᠵᠠᠯᠠᠭᠤ ᠨᠠᠰᠤ

ᠭᠠᠭᠴᠠᠬᠠᠨ ᠵᠠᠶᠠᠭᠠᠬᠤ ᠳᠠᠪᠢᠯᠠᠩ ᠪᠠᠢ᠌ᠨ᠎ᠠ

ᠭᠠᠷᠮᠠᠭᠠᠢ᠌ᠯᠠᠵᠤ ᠠᠵᠢᠯᠯᠠᠨ ᠠᠮᠵᠢᠯᠳᠠ ᠪᠦᠳᠦᠭᠡᠭᠦ

ᠭᠠᠩ ᠵᠤᠷᠢᠭ ᠤᠨ ᠳᠦᠷᠦᠭᠡ ᠪᠠᠢ᠌ᠨ᠎ᠠ

ᠪᠠᠬᠠᠳᠤᠯᠳᠤ ᠵᠠᠯᠠᠭᠤ ᠨᠠᠰᠤ ᠪᠠᠨ ᠪᠢᠳᠠ

ᠪᠣᠳᠤᠯ ᠰᠠᠤᠠᠭᠢᠯ ᠳᠡᠭᠡᠨ ᠨᠠᠠᠳᠢᠩᠨᠠᠵᠤ ᠶᠠᠪᠣᠶ᠎ᠠ︕


ᠴᠤᠪᠣᠭᠤ ᠳᠡᠭ᠍ᠵᠢᠨ ᠵᠠᠯᠠᠭᠤ ᠨᠠᠰᠤ

ᠴᠤᠤᠷᠠᠢ᠌ᠯᠠᠵᠤ ᠬᠠᠩᠭᠢᠨᠠᠭᠰᠠᠨ ᠡᠭᠡᠰᠢᠭ᠌ ᠪᠠᠢ᠌ᠨ᠎ᠠ

ᠴᠢᠷᠮᠠᠢ᠌ᠨ ᠳᠠᠮᠠᠴᠠᠵᠤ ᠰᠢᠨ᠎ᠠ ᠶᠢ ᠡᠭᠦᠦᠡᠭᠦ

ᠴᠤᠬᠠᠭ ᠬᠤᠪᠣᠷ ᠡᠷᠡᠨ ᠪᠠᠢ᠌ᠨ᠎ᠠ

ᠠᠭᠠᠭᠢᠮ᠎ᠠ ᠵᠠᠯᠠᠭᠤ ᠨᠠᠰᠤ ᠪᠠᠨ ᠪᠢᠳᠠ

ᠠᠶᠤᠤᠯᠢᠬᠠᠢ ᠴᠡᠭᠡᠵᠢᠨ ᠳᠡᠭᠡᠨ ᠨᠠᠠᠳᠢᠩᠨᠠᠵᠤ ᠶᠠᠪᠣᠶ᠎ᠠ︕

ᠵᠤᠬᠢᠶᠠᠭᠴᠢ᠄ ᠳ᠋ᠦ᠋ᠩ ᠴᠢᠩ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 4565
ᠴᠠᠭ᠄ 2005 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ