ᠨᠡᠪᠲᠡᠷᠡᠨ ᠤᠷᠤᠬᠤ
ᠮᠤᠷᠢᠨ ᠦᠴᠢᠯ

        1

ᠡᠪᠠᠤ︕

ᠡᠴᠢᠭᠡ ᠳᠡᠭ᠍ᠷᠢ ᠮᠢᠨᠤ

     ᠨᠠᠮ᠎ᠠ ᠶᠢ

ᠡᠷ᠎ᠡ ᠪᠠᠭᠠᠳᠤᠳ ᠲᠡᠶ ᠬᠠᠨᠢᠯᠠ ᠭᠡᠵᠤ

ᠡᠭᠡ ᠣᠷᠤᠨ ᠢ ᠨᠢ ᠬᠠᠮᠠᠭᠠᠯᠠ ᠭᠡᠵᠤ

ᠡᠩ ᠶ‍ᠢᠷᠳᠢᠠᠴᠤ ᠳᠤ ᠪᠠᠭᠤᠯᠭᠠᠭᠰᠠᠨ ᠪᠢᠯᠠ ᠦᠦ

ᠡᠮᠨᠢᠭ᠌ ᠵᠠᠩ ᠰᠠᠭᠤᠯᠭᠠᠭᠰᠠᠨ ᠪᠢᠰᠢ ᠦᠦ

ᠲᠦᠮᠡᠨ ᠨᠢᠳᠤ ᠪᠠᠨ ᠵᠠᠪᠰᠠᠷᠯᠠᠨ

ᠳᠡᠦᠭᠡᠨ ᠬᠠᠭᠤᠳᠠᠰᠤ ᠶᠢ ᠣᠷᠪᠠᠭᠤᠯᠬᠤᠢ

ᠡᠭᠡᠭ᠌ ᠳᠠᠭᠤ ᠳᠠᠯᠪᠢᠶ᠎ᠠ

ᠨᠢᠯᠪᠣᠰᠤ ᠮᠢᠨᠢ ᠬᠠᠭᠤᠷᠠᠢ

ᠡᠨᠡ ᠪᠠᠶ᠎ᠠ ᠵᠤᠯᠠᠷᠠᠶ᠎ᠠ

ᠨᠤᠭᠳᠤ ᠮᠢᠨᠢ ᠬᠠᠳᠠᠭᠤ

ᠮᠠᠯᠵᠢᠬᠤ ᠣᠷᠤᠨ ᠳᠤ ᠳᠦᠷᠤᠯ ᠣᠯᠵᠤ

ᠳᠠᠷᠢᠶᠠᠯᠠᠬᠤ ᠭᠠᠵᠠᠷ ᠲᠤ ᠠᠵᠢᠯ ᠣᠯᠵᠤ ᠁

       2

ᠪᠣᠳᠤᠯᠭ᠎ᠠ ᠪᠣᠯᠤᠨ ᠪᠣᠰᠤᠭ᠎ᠠ ᠵᠡᠭᠦᠷᠮᠡᠭ᠍ᠯᠡᠳᠡᠯ᠎ᠡ

ᠪᠣᠭᠳᠠ ᠵᠢᠩᠭᠠᠷ ᠤᠨ ᠪᠣᠷᠬᠠᠨ ᠵᠡᠭᠡᠷᠳᠡ ᠳᠡᠯᠮᠡᠭᠦᠯᠦᠭ᠍ᠰᠡᠭᠡᠷ

《ᠪᠣᠷᠤᠭᠤᠯᠠ᠂ ᠪᠣᠷᠤᠭᠤᠯᠠ︕》 ᠭᠡᠨ᠎ᠡ

《ᠪᠣᠮᠪᠠ ᠶᠢᠨ ᠣᠷᠤᠨ ᠵᠥᠭ᠌

ᠳᠠᠮᠠᠤᠯ᠂ ᠳᠠᠮᠠᠤᠯ︕》 ᠭᠡᠨ᠎ᠡ


ᠲ᠋ᠠᠪᠭᠢᠶ᠎ᠠ ᠭᠡᠭᠦᠯᠡᠷ

ᠳᠠᠯᠠᠨ ᠳᠠᠪᠬᠤᠷ ᠳᠤᠤᠷ ᠰᠠᠷᠠᠯᠵᠢ

ᠳᠤᠪᠳᠤᠯᠤᠶ᠎ᠠ ᠭᠡᠭᠦᠯᠡᠷ

ᠳᠤᠪᠣ ᠡᠷᠭᠢ ᠨᠤᠷ᠎ᠠ ᠡᠯᠡᠰᠤ

ᠡᠨᠡ ᠮᠠᠩᠬ᠎ᠠ ᠰᠢᠷᠤᠢ ᠳᠤ

ᠡᠷ᠎ᠡ ᠴᠢᠳᠠᠯ ᠪᠦᠳᠦᠴᠢᠨ

ᠭᠤᠯᠵᠢ᠌ᠳᠠᠯ᠎ᠠ ᠭᠤᠶᠠᠳᠠᠭᠳᠠᠨ

ᠭᠤᠴᠢ ᠳᠦᠴᠢᠨ ᠵᠤᠷᠬ᠎ᠠ ᠁

ᠳᠠᠮᠢᠷᠳᠠᠳᠠᠯ᠎ᠠ ᠪᠠᠨ ᠳᠠᠰᠢᠭᠤᠷᠳᠠᠭᠳᠠᠨ

ᠳᠠᠪᠢ ᠵᠢᠷᠠᠨ ᠵᠤᠷᠬ᠎ᠠ ᠁   

    3

ᠬᠤᠶᠠᠷ ᠵᠠᠭᠠᠯ

ᠬᠤᠯᠠ ᠡᠷᠳᠡᠨ ᠡᠴᠡ ᠶᠦᠷᠭᠦᠭᠦᠯᠦᠭ᠍ᠰᠡᠭᠡᠷ

《ᠭᠠᠵᠠᠷᠯᠠ᠂ ᠭᠠᠵᠠᠷᠯᠠ︕》 ᠭᠡᠨ᠎ᠡ

ᠨᠢ᠋ᠮᠠᠨ ᠰᠢᠷᠭ᠎ᠠ

《ᠨᠠᠢ᠌ᠵᠠ ᠶᠢᠨ ᠣᠴᠠᠷᠠᠯ》 ᠳᠠᠭᠤᠯᠠᠵᠤ

《ᠨᠠᠢ᠌ᠷᠯᠠᠶ᠎ᠠ᠂ ᠭᠦᠦᠷᠨᠢᠶ᠎ᠡ︕》 ᠭᠡᠨ᠎ᠡ


ᠭᠡᠨ ᠮᠠᠳᠠᠵᠢᠮ

ᠮᠠᠰᠢᠨ ᠳᠸᠭ᠍ᠨᠢᠭ᠌ ᠭᠦᠭ᠍ᠵᠢᠯ᠎ᠡ ᠯᠠ ᠭᠡᠳᠡᠭ᠌

ᠮᠠᠯ ᠠᠳᠤᠭᠤᠰᠤ ᠭᠦᠯᠯᠡᠭᠦ ᠦᠭᠡᠶ ᠯᠠ ᠭᠡᠳᠡᠭ᠌

ᠮᠠᠨ ᠰᠢᠭ ᠬᠠᠷᠭᠤᠭᠰᠠᠨ ᠶᠢᠡᠨ ᠣᠷᠤᠯᠳᠤᠵᠤ

ᠮᠠᠩᠭᠤᠰ ᠤᠨ ᠰᠢᠭ ᠬᠠᠷᠠᠳᠠᠨ ᠳᠠᠮᠤᠯᠠᠵᠤ

ᠶᠠᠳᠠᠭᠤ ᠬᠤᠴᠤᠷᠤᠩᠭᠤᠢ ᠣᠷᠤᠨ ᠳᠤ

ᠶᠠᠰᠤ ᠪᠠᠨ ᠴᠠᠢ᠌ᠯᠭᠠᠬᠤ ᠵᠠᠶᠠᠭ᠎ᠠ

ᠬᠠᠷᠢ ᠳᠤ ᠮᠤᠷᠳᠠᠭᠰᠠᠨ ᠭᠡᠦᠭᠡᠨ ᠰᠢᠭ᠌

ᠬᠠᠨᠢ ᠦᠭᠡᠶ ᠭᠠᠭᠴᠠᠭᠠᠷ

ᠭᠠᠨᠢᠵᠤ ᠭᠤᠨᠢᠵᠤ ᠣᠶᠠᠭᠠᠨ ᠳᠤ ᠳᠡᠪᠭᠡᠴᠡᠨ

ᠭᠠᠵᠠᠷ ᠴᠠᠪᠴᠢᠯᠠᠨ ᠭᠠᠩᠰᠠᠷᠠᠨᠠᠮ

         4

ᠴᠢᠩ ᠤᠨ ᠳᠦᠷᠤ ᠶᠢ ᠳᠠᠭᠵᠢᠭᠤᠯᠤᠭᠰᠠᠨ

ᠴᠢᠩᠭᠦᠡᠵᠡᠪ ᠤᠨ ᠬᠠᠷ᠎ᠠ ᠠᠵᠢᠷᠭ᠎ᠠ

ᠠᠷᠳᠠᠭᠯᠠᠨ ᠪᠣᠭᠰᠠᠵᠤ

ᠭᠡᠷᠡᠮ ᠮᠠᠳᠤ ᠵᠢᠭᠰᠠᠭᠰᠠᠨ ᠳᠠᠢ᠌ᠰᠤᠨ ᠤ

ᠭᠡᠳᠤᠨ ᠳᠠᠪᠬᠤᠷ ᠪᠦᠰᠡᠯᠡᠯᠳᠡ ᠶᠢ ᠰᠢᠪᠳᠤᠯᠤᠨ

ᠭᠦᠭᠦᠯᠳᠤ ᠳᠤᠭ ᠶᠢᠡᠨ

ᠭᠦᠵᠦᠭᠦᠨ ᠳᠤ ᠪᠠᠨ ᠪᠣᠰᠬᠠᠨ

ᠭᠦᠩᠭᠦᠷᠦᠰᠤᠨ ᠬᠠᠷᠠᠢ᠌ᠯᠠᠭᠰᠠᠭᠠᠷ ᠠᠢ᠌ᠰᠤᠢ

《ᠬᠠᠷ᠎ᠠ ᠰᠠᠨᠠᠭᠠᠳᠠᠨ ᠤ ᠭᠠᠪᠠᠯᠠ ᠶᠢ ᠬᠠᠭᠠᠯᠰᠤ

ᠬᠠᠮᠤᠭ ᠮᠤᠩᠭᠤᠯ ᠤᠨ ᠰᠦᠯᠳᠡ ᠶᠢ ᠪᠣᠰᠬᠠᠶᠤ︕》 ᠁

ᠳᠤᠷᠪᠢ ᠪᠠᠨ ᠪᠠᠷᠠᠭᠰᠠᠨ

ᠪᠣᠷᠪᠢ ᠪᠠᠨ ᠴᠢᠷᠦᠭ᠍ᠰᠡᠨ ᠪᠢ

ᠰᠤᠳᠤᠨ ᠬᠤᠶᠠᠷ ᠨᠢᠳᠤ ᠨᠤᠤᠬᠠᠳᠠᠨ

ᠰᠤᠷᠭᠤᠭ ᠬᠤᠶᠠᠷ ᠴᠢᠭᠢ ᠱᠤᠤᠭᠢᠨᠠᠳᠤᠨ

ᠦᠣᠷᠰᠡᠭᠦ ᠳᠠᠭᠤᠨ ᠤ ᠡᠭᠡᠰᠢᠭ᠌ ᠬᠠᠳᠠᠵᠤ

ᠦᠷᠢᠶ᠎ᠠ ᠭᠦᠯᠦᠭ᠌ ᠤᠨ ᠣᠢ᠌ᠯᠠᠳᠤᠯ ᠬᠠᠭᠰᠠᠵᠤ

ᠦᠷᠦᠭᠡᠯ ᠴᠢᠳᠤᠷ ᠶᠢᠡᠷ ᠡᠮᠭᠦᠭᠦᠯᠵᠤ ᠴᠢᠮᠭᠢᠭᠦᠯᠵᠤ

ᠦᠰᠢᠶ᠎ᠡ ᠬᠤᠷᠤᠰᠤᠯ ᠤᠨ ᠭᠠᠯ ᠶᠢᠡᠨ ᠪᠦᠭᠦᠭᠡᠵᠤ ᠁

        5

ᠰᠡᠩᠭᠡᠷᠢᠡᠴᠢᠨ ᠤ ᠶᠡᠭᠡ ᠰᠢᠷᠭ᠎ᠠ

ᠰᠡᠩᠭᠡᠷᠡᠭᠦᠯᠵᠤ ᠣᠬᠠᠭᠤᠯᠵᠤ ᠱᠤᠭᠰᠢᠭᠰᠠᠭᠠᠷ

《ᠳᠠᠭᠢᠳᠠᠵᠤ ᠲᠤᠢ᠌ᠯᠳᠠᠵᠤ ᠠᠮᠢᠳᠤᠷᠠᠬᠤ ᠪᠠᠷ ᠶᠢᠡᠨ

ᠳᠠᠢ᠌ᠨ ᠳᠤ ᠡᠷᠡᠯᠭᠡᠵᠤ ᠦᠷᠡᠭ᠍ᠳᠡᠪᠠᠴᠤ ᠁

ᠬᠠᠷᠠᠩᠭᠤᠢ ᠬᠠᠭᠠᠨ ᠢ ᠬᠠᠮᠠᠭᠠᠯᠠᠬᠤ ᠪᠠᠷ ᠶᠢᠡᠨ

ᠬᠠᠷᠢ ᠶᠢᠨ ᠳᠠᠢ᠌ᠰᠤᠨ ᠢ ᠬᠠᠰᠢᠷᠭᠠᠶ᠎ᠠ

ᠬᠠᠯᠠᠭᠤᠨ ᠵᠠᠭᠤᠷ᠎ᠠ ᠪᠠᠨ ᠬᠠᠳᠬᠤᠯᠳᠠᠬᠤ ᠪᠠᠷ ᠵᠢᠠᠨ

ᠬᠨ ᠪᠠᠨ ᠴᠠᠪᠴᠢᠭᠤᠯᠵᠤ ᠠᠮᠠᠷᠠᠶ᠎ᠠ︕》


ᠪᠦᠭᠡᠮ ᠰᠢᠷᠤᠢ ᠳᠤ ᠪᠦᠳᠦᠴᠢᠨ

ᠪᠦᠳᠦᠭᠦᠨ ᠡᠪᠠᠰᠤᠨ ᠳᠤ ᠳᠡᠭᠡᠭ᠍ᠯᠡᠨ

ᠪᠠᠭᠠᠰᠤᠨ ᠳᠤ ᠪᠣᠯᠠᠭᠳᠠᠮᠠᠷ

ᠴᠠᠭᠠᠰᠤᠨ ᠳᠤ ᠪᠣᠭᠤᠭᠳᠠᠮᠠᠷ

ᠪᠠᠳᠠᠭᠠᠨ᠎ᠠ ᠢᠯᠠᠭ᠎ᠠ ᠦᠷᠭᠦᠭᠡᠵᠤ ᠳᠡᠢ᠌ᠯᠭᠦ ᠦᠭᠡᠶ ᠯᠠ

ᠪᠠᠮ ᠲᠡᠶ ᠭᠦᠯ ᠶᠢᠡᠨ ᠡᠷᠭᠦᠵᠤ ᠳᠡᠢ᠌ᠯᠭᠦ ᠦᠭᠡᠶ ᠯᠠ

ᠭᠦᠳᠡᠯᠪᠠᠯ ᠡᠪᠠᠰᠤ ᠮᠢᠨᠢ ᠳᠠᠷᠠ

ᠭᠦᠳᠦᠯᠪᠠᠯ ᠡᠵᠡᠨ ᠮᠢᠨᠢ ᠳᠠᠷᠠ

       6

ᠮᠢᠩᠭᠠᠨ ᠰᠠᠯᠠᠮ᠎ᠠ ᠶᠢᠨ ᠳᠤᠤᠭᠤᠷ

ᠮᠠᠩᠨᠠᠢ ᠨᠢᠭᠤᠵᠤ ᠥᠵᠡᠭᠡ ᠦᠭᠡᠶ

ᠲᠦᠮᠡᠨ ᠰᠤᠮᠤᠨ ᠤ ᠳᠤᠮᠳᠠᠭᠤᠷ

ᠳᠡᠷᠢᠭᠦᠨ ᠳᠠᠯᠳᠠᠷᠢᠵᠤ ᠶᠠᠪᠣᠭ᠎ᠠ ᠦᠭᠡᠶ

ᠮᠤᠷᠢᠳᠤ ᠴᠡᠷᠢᠭ᠌ ᠤᠨ ᠡᠩᠨᠡᠭᠡᠨ ᠤ

ᠮᠤᠠᠳᠠᠭ ᠴᠤᠯᠠ ᠪᠠᠨ ᠳᠠᠭᠤᠷᠢᠰᠬᠠᠭᠰᠠᠨ

ᠰᠠᠢ᠌ᠬᠠᠨ ᠮᠤᠩᠭᠤᠯ ᠮᠤᠷᠢ

ᠰᠠᠢ᠌ᠪᠣᠷᠯᠠᠵᠤ ᠬᠠᠵᠠᠭᠤ ᠪᠠᠷ ᠦᠩᠭᠡᠷᠡᠨ᠎ᠡ


ᠠᠶ᠎ᠠ︕ ᠬᠤᠬᠤᠢ

ᠠᠷᠭ᠎ᠠ ᠦᠭᠡᠶ ᠪᠢ ᠴᠢᠨᠢ

ᠠᠳᠠᠷ ᠭᠦᠷᠦᠰᠤ ᠪᠠᠨ ᠬᠠᠭᠠᠯᠵᠤ

ᠠᠪᠣ ᠶᠢᠨ ᠪᠠᠯᠴᠢᠭᠡᠷ ᠶᠢᠡᠨ ᠡᠪᠳᠡᠵᠤ

ᠡᠭᠡ ᠭᠠᠵᠠᠷ ᠤᠨ ᠶᠢᠡᠨ ᠡᠯᠢᠭᠡ ᠶᠢ

ᠡᠭᠡᠮ ᠳᠠᠯᠤ ᠪᠠᠷ ᠶᠢᠡᠨ ᠵᠢᠳᠭᠦᠨ ᠵᠦᠰᠤᠵᠤ

ᠬᠠᠮᠢᠭᠠᠰᠢ ᠬᠠᠠᠳᠤᠨ ᠦᠣᠷᠰᠡᠭᠦ ᠪᠠᠨ ᠣᠯᠬᠤ ᠦᠭᠡᠶ

ᠬᠠᠵᠠᠭᠠᠷ ᠡᠮᠡᠭᠡᠯ ᠤᠨ ᠳᠦᠷᠰᠤ ᠶᠢ ᠳᠠᠨᠢᠬᠤ ᠦᠭᠡᠶ

ᠱᠠᠩᠳᠠᠭᠤᠨ ᠨᠠᠮᠤᠷ ᠤᠨ ᠣᠯᠠᠷᠢᠯ ᠳᠤ ᠴᠤ

ᠰᠢᠪᠠᠷ ᠰᠢᠷᠤᠢ ᠲᠡᠶ ᠠᠪᠣᠯᠴᠠᠨ

ᠰᠢᠷᠠᠯᠠᠭᠰᠠᠨ ᠡᠪᠠᠰᠤ ᠭᠡᠮᠡᠯᠢᠨ

ᠱᠠᠯᠪᠠᠭ ᠤᠨ ᠣᠰᠤ ᠰᠤᠷᠤᠵᠤ ᠁

     7

ᠨᠠᠭᠠᠳᠤᠮ ᠤᠨ ᠬᠤᠷᠠᠯ ᠳᠤ ᠣᠷᠤᠯᠳᠤᠭᠰᠠᠨ ᠠᠭᠳᠠᠤᠨ

ᠨᠠᠷᠭᠢᠶᠠᠨ ᠭᠦᠭ᠍ᠵᠢᠶᠡᠨ ᠪᠣᠴᠠᠯᠭᠠᠭᠰᠠᠭᠠᠷ

《ᠠᠵᠢᠨᠠᠢ᠂ ᠠᠷᠭᠤᠮᠠᠭ᠂ ᠠᠷᠠᠠᠵᠢᠯ ᠁》

ᠠᠯᠳᠠᠷ ᠴᠤᠯᠠ ᠪᠠᠨ ᠳᠠᠭᠤᠳᠠᠭᠤᠯᠤᠭᠰᠠᠭᠠᠷ

ᠲᠦᠮᠡᠨ ᠤ ᠡᠭᠡ ᠳᠡᠷᠢᠭᠦᠯᠡᠨ

ᠳᠡᠦᠭᠡ ᠶᠢᠨ ᠬᠠᠭᠤᠳᠠᠰᠤᠨ ᠳᠤ ᠳᠡᠮᠳᠡᠭ᠍ᠯᠡᠭᠦᠯᠦᠭ᠍ᠰᠡᠭᠡᠷ

《ᠣᠷᠤᠯᠳᠤᠪᠠᠯ ᠮᠤᠳᠤ

ᠣᠬᠤᠷᠢᠪᠠᠯ ᠮᠤᠳᠤ》 ᠭᠡᠵᠤ

ᠣᠬᠠᠭ᠎ᠠ ᠰᠠᠢ᠌ᠯᠤᠨ ᠳᠠᠪᠭᠢᠨ᠎ᠠ᠃


ᠬᠤᠠᠳᠤᠯᠠᠢ ᠳᠦᠭᠦᠷᠡᠩ ᠳᠠᠷᠭᠤ ᠡᠴᠡᠯ᠎ᠡ

ᠬᠤᠷᠳᠤᠨ ᠭᠦᠶ‍ᠦᠳᠡᠭ᠌ ᠭᠦᠯ ᠴᠤᠴᠠᠯ᠎ᠠ

ᠳᠤᠭ ᠰᠠᠢ᠌ᠬᠠᠨ ᠰᠡᠭᠦᠯ

ᠳᠤᠵᠢᠩ ᠳᠠᠰᠤᠷᠬᠠᠢ ᠪᠣᠯᠵᠤ

ᠳᠠᠤᠯᠠᠢ ᠰᠠᠢ᠌ᠬᠠᠨ ᠵᠤ᠋

ᠳᠤᠷᠠᠩᠬᠠᠢ ᠶᠤᠷᠳᠤᠩᠬᠠᠢ ᠪᠣᠯᠵᠤ

ᠠᠳᠠᠭ᠎ᠠ ᠬᠤᠯᠠᠳᠪᠠ᠂ ᠰᠠᠳᠠᠭ᠎ᠠ ᠤᠢ᠌ᠷᠠᠳᠪᠠ

ᠭᠢᠩᠭᠤᠤ ᠶᠢᠨ ᠳᠠᠭᠤ ᠬᠤᠯᠠᠳᠪᠠ

ᠬᠠᠰᠭᠢᠷᠬᠤ ᠳᠠᠭᠤ ᠤᠢ᠌ᠷᠠᠳᠪᠠ

ᠴᠤᠯᠠᠯᠠᠬᠤ ᠳᠠᠭᠤᠨ ᠬᠤᠯᠠᠳᠪᠠ

ᠴᠤᠭᠢᠬᠤ ᠳᠠᠭᠤᠨ ᠳᠤ ᠣᠢ᠌ᠳᠪᠠ

ᠬᠤᠮᠠᠭ ᠤᠨ ᠳᠡᠭᠡᠷ᠎ᠡ ᠭᠡᠪᠳᠡᠵᠤ

ᠬᠤᠭ ᠤᠨ ᠳᠡᠭᠡᠷ᠎ᠡ ᠪᠠᠯᠴᠢᠵᠤ

ᠦᠨᠡᠰᠤᠨ ᠳᠡᠭᠡᠷ᠎ᠡ ᠭᠦᠷᠪᠠᠵᠤ

ᠡᠭᠦᠳᠡᠨ ᠳᠡᠭᠡᠷ᠎ᠡ ᠢᠳᠠᠰᠢᠯᠠᠵᠤ

ᠣᠴᠢᠷ ᠦᠭᠡᠶ ᠦᠶ᠎ᠡ

ᠣᠶᠠᠭ᠎ᠠ ᠪᠣᠯᠠᠭ᠎ᠠ ᠰᠠᠭᠢᠵᠤ

ᠣᠨᠤᠵᠤ ᠭᠦᠯᠯᠡᠭᠦ ᠦᠶ᠎ᠡ

ᠣᠳᠤᠭ᠎ᠠ ᠭᠠᠷᠳᠠᠯ᠎ᠠ ᠰᠣᠢ᠌ᠯᠭᠢᠯᠠᠨ

ᠣᠭᠤᠴᠠ ᠳᠠᠰᠢᠶ᠎ᠠ ᠱᠤᠪᠳᠣᠢ᠌ᠨ

ᠰᠠᠭᠠᠭ ᠤᠨ ᠭᠡᠯᠪᠠᠷᠢᠳᠡᠢ ᠪᠣᠯᠵᠤ

ᠣᠬᠤᠷᠬᠠᠢ ᠳᠦᠭᠦᠷᠦᠭ᠍ᠰᠡᠨ ᠰᠢᠷᠤᠢ

ᠰᠠᠢ᠌ᠬᠠᠨ ᠨᠤᠳᠤᠭ ᠢ ᠬᠠᠯᠬᠠᠯᠠᠵᠤ᠂ ᠬᠠᠯᠬᠠᠯᠠᠵᠤ ᠁

       8

ᠬᠤᠢ ᠰᠠᠯᠭᠢ ᠲᠡᠶ ᠦᠷᠢᠰᠤᠨ

ᠬᠤᠯᠠᠨ ᠴᠢᠭᠢᠳᠤ ᠦᠣᠷᠰᠠᠨ

《ᠨᠡᠢ᠌ᠭᠡᠮ ᠳᠡᠭᠡᠷ᠎ᠡ ᠭᠠᠷᠴᠤ

ᠨᠠᠷ᠎ᠠ ᠰᠦᠷ ᠶᠢᠡᠨ ᠮᠠᠠᠳᠤᠭᠤᠯᠤᠶ᠎ᠠ

ᠨᠢᠭᠦᠯ ᠤᠨ ᠠᠩᠴᠢᠨ ᠡᠴᠡ ᠵᠠᠢ᠌ᠯᠠᠵᠤ

ᠡᠷ᠎ᠡ ᠪᠠᠶ᠎ᠠ ᠪᠠᠨ ᠭᠠᠢ᠌ᠬᠠᠭᠤᠯᠤᠶ᠎ᠠ︕》 ᠭᠡᠵᠤ

ᠰᠠᠯᠭᠢ ᠳᠠᠳᠠᠨ ᠬᠤᠯᠠᠳᠪᠠ

ᠰᠠᠢ᠌ᠬᠠᠨ ᠪᠠᠶ᠎ᠠ ᠨᠢ ᠳᠠᠯᠳᠠᠷᠠᠪᠠ᠃


ᠲ᠋ᠠᠯ᠎ᠠ ᠮᠢᠨᠢ ᠳᠠᠴᠢᠷᠳᠠᠪᠠ

ᠳᠠᠷ ᠮᠢᠨᠢ ᠪᠠᠷᠠᠭᠳᠠᠪᠠ

ᠳᠠᠪᠤᠨ ᠬᠤᠰᠢᠭᠤ ᠮᠠᠯ ᠬᠤᠷᠤᠭᠳᠠᠪᠠ

ᠬᠤᠷᠯᠠᠭᠰᠠᠨ ᠦᠭᠡᠶ ᠳᠠᠯ

ᠭᠢᠷᠭᠠᠭᠰᠠᠨ ᠦᠭᠡᠶ ᠭᠦᠭᠦᠯ

ᠵᠠᠩᠭᠤᠤ ᠨᠠᠭᠠᠯᠳᠤᠨ ᠵᠢᠭᠤᠷᠠᠯᠳᠤᠨ

ᠵᠡᠭᠡᠷ᠎ᠡ ᠶᠢᠨ ᠰᠢᠷᠦᠭᠦᠨ ᠦᠰᠦ

ᠭᠡᠭᠡᠷ᠎ᠡ ᠶᠢᠨ ᠰᠢᠭᠤᠷᠭ᠎ᠠ ᠳᠤ ᠰᠢᠷᠢᠯᠳᠤᠨ

ᠡᠷᠭᠢᠮ ᠳᠠᠨ ᠲᠡᠶ ᠠᠳᠠᠭᠠᠷᠬᠠᠨᠠᠮ

ᠡᠷᠭᠡ ᠴᠢᠯᠦᠭᠡᠨ ᠤ ᠭᠢᠴᠢᠶᠠᠯ ᠣᠷᠤᠬᠤ ᠦᠦ⁈

      9

ᠦᠪᠡᠷ ᠪᠠᠶ᠎ᠠ ᠶᠢᠨ

ᠮᠢᠬ᠎ᠠ ᠴᠢᠰᠤᠨ ᠤ ᠪᠦᠷᠢᠯᠸ᠎ᠡ

ᠦᠨᠢ ᠮᠥᠩᠭᠡᠷᠡᠨ

ᠣᠷᠳᠤ ᠶᠢᠨ ᠳᠠᠭᠤᠤ ᠣᠶᠠᠩᠭ᠋ᠠᠷᠠᠨ

ᠣᠷᠠᠨ ᠡᠭᠡᠰᠢᠭ᠌ ᠴᠢᠪᠬᠠᠳᠠᠨ

ᠣᠶᠠᠨ ᠬᠤᠷᠤᠭᠤᠳ ᠪᠦᠵᠢᠭᠦ ᠳ᠋ᠤ

ᠴᠢ᠊᠂ ᠪᠣᠯᠠᠭ ᠤᠨ

     ᠭᠦᠭᠯᠡᠭ᠍ᠰᠡᠨ ᠭᠦᠪᠴᠢᠨ ᠡᠴᠠ ᠠᠯᠳᠠᠷᠠᠨ

ᠴᠢᠩᠭᠢᠰ ᠬᠠᠭᠠᠨ ᠤ

     ᠠᠳᠤᠭᠤᠨ ᠰᠦᠷᠦᠭ᠌ ᠳᠠᠢ᠌ᠰᠢ ᠬᠣᠢ᠌ᠯᠠᠷᠠᠨ

ᠳᠡᠭᠡᠭᠦᠷ ᠡᠭᠦᠯᠡ ᠳᠡᠭ᠍ᠳᠡᠭᠡᠨ

    ᠲ᠋ᠤᠮᠳᠠᠭᠤᠷ ᠥᠵᠦᠭᠦᠷ ᠳᠠᠮᠠᠴᠠᠨ

       ᠳᠤᠤᠭᠤᠷ ᠴᠢᠯᠠᠭᠤ ᠭᠡᠢ᠌ᠰᠭᠡᠨ

ᠳᠡᠯᠡᠭᠡᠢ ᠳᠠᠢ᠌ᠪᠠᠳᠠᠯ᠎ᠠ ᠳᠦᠪᠠᠷᠭᠡᠨ ᠳᠠᠯᠠᠳᠴᠤ

ᠳᠠᠯ ᠳᠦᠷᠡᠯᠵᠡᠭᠦᠯᠵᠤ ᠰᠠᠯᠭᠢ ᠬᠠᠭᠠᠯᠤᠨ

ᠳᠠᠯ᠎ᠠ ᠪᠠᠭᠳᠠ ᠶᠠᠳᠠᠨ ᠰᠢᠬᠠᠯᠴᠠᠨ

ᠳᠠᠩᠭᠢᠰ ᠬᠠᠰᠢ ᠶᠠᠳᠠᠨ ᠱᠠᠭᠰᠢᠯᠳᠤᠨ

ᠵᠡᠭᠡᠷ᠎ᠡ ᠰᠢᠭ᠌ ᠵᠢᠷᠢᠯᠵᠠᠨ

ᠵᠡᠷᠭᠡᠯᠭᠡ ᠰᠢᠭ᠌ ᠮᠢᠷᠠᠯᠵᠠᠨ

ᠰᠤᠮᠤ ᠶᠢᠨ ᠬᠠᠷᠪᠣᠯᠳᠠ ᠪᠠᠷ

ᠰᠤᠭᠤ ᠶᠢᠨ ᠬᠠᠷᠠᠢ᠌ᠯᠳᠠ ᠪᠠᠷ

ᠰᠦᠯ ᠨᠠᠯᠠᠳᠠᠯ᠎ᠠ

ᠰᠥᠭ᠌ ᠰᠠᠯᠳᠠᠯ᠎ᠠ

ᠠᠭᠤᠯᠠ ᠬᠠᠭᠠᠷᠠᠳᠠᠯ᠎ᠠ

ᠣᠰᠤ ᠬᠠᠨᠠᠷᠠᠳᠠᠯ᠎ᠠ

ᠣᠮᠤᠭ ᠵᠥᠭ᠌ ᠶᠢᠡᠨ

ᠳᠤᠮᠤᠭ ᠵᠥᠭ᠌ ᠶᠢᠡᠨ

    ᠣᠩᠭᠤᠯᠳᠤᠨ ᠣᠤᠠᠴᠤ

ᠭᠦᠭᠡᠮᠡᠢ ᠶᠢᠨ ᠬᠠᠮᠳᠤ

ᠭᠦᠮᠦᠰ ᠤᠨ ᠰᠤᠨᠤᠷ ᠲᠤ ᠳᠠᠭᠤᠷᠢᠰᠪᠠ ᠁


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ