ᠨᠡᠪᠲᠡᠷᠡᠨ ᠤᠷᠤᠬᠤ
ᠪᠠᠭᠰᠢ ᠭᠦᠮᠤᠨ

ᠮᠦᠰᠢᠶᠠᠯ ᠳᠤᠳᠤᠷᠠᠭᠰᠠᠨ ᠴᠢᠷᠠᠢ ᠳᠤ ᠨᠢ ᠡᠴᠢᠭᠡ ᠶᠢᠨ ᠬᠠᠳᠠᠭᠤᠬᠠᠨ ᠰᠤᠷᠭᠠᠯ ᠰᠢᠩᠭᠡᠵᠤ

ᠢᠳᠡᠭᠡᠯ ᠦᠭ‍ᠭᠦᠭ᠍ᠰᠡᠨ ᠨᠢᠳᠤᠨ ᠳᠤ ᠨᠢ ᠡᠭᠡ ᠶᠢᠨ ᠣᠶᠠᠷᠠᠭᠤᠬᠠᠨ ᠨᠢᠯᠪᠣᠰᠤ ᠳᠤᠨᠠᠵᠤ

ᠡᠷᠳᠡᠮ ᠤᠨ ᠡᠭᠢ ᠡᠭᠡᠰᠢᠭ᠌ ᠳᠤᠯᠤᠭ᠎ᠠ ᠪᠠᠷ ᠪᠠᠨ ᠰᠠᠠᠰᠠᠷ ᠳᠡᠯᠡᠭᠦ ᠰᠤᠯᠤᠩᠭ᠋ᠠᠨ ᠬᠠᠷᠭᠤᠢ ᠶᠢ ᠢᠷᠠᠨ

ᠡᠭᠡ ᠣᠷᠤᠨ ᠤ ᠪᠠᠨ ᠡᠯᠢᠭᠡ ᠪᠦᠳᠤᠨ ᠵᠠᠶᠠᠭ᠎ᠠ ᠳᠤ ᠰᠡᠳᠭᠢᠯ ᠠᠷᠭᠠᠮᠵᠢᠬᠤ ᠶᠢ ᠨᠠᠢ᠌ᠳᠠᠭᠰᠠᠨ

ᠪᠠᠭᠰᠢ ᠭᠦᠮᠤᠨ ᠤ ᠰᠤᠷᠭᠠᠯ ᠪᠦᠭᠦᠨ ᠡᠷᠳᠡᠨᠢ ᠶᠢᠨ ᠲᠦᠯᠭᠢᠭᠦᠷ

ᠪᠠᠭᠰᠢ ᠭᠦᠮᠤᠨ ᠤ ᠵᠠᠭᠢᠶ᠎ᠠ ᠪᠦᠭᠦᠨ ᠭᠡᠭᠡᠨ ᠰᠤᠶᠤᠷᠬᠠᠯ

ᠪᠠᠭᠰᠢ ᠭᠦᠮᠤᠨ ᠤ ᠨᠠᠢ᠌ᠳᠠᠯᠭ᠎ᠠ ᠪᠦᠭᠦᠨ ᠠᠯᠳᠠᠨ ᠬᠤᠩᠬᠤ

ᠪᠠᠭᠰᠢ ᠭᠦᠮᠤᠨ ᠤ ᠭᠦᠦᠷᠨᠢᠯ ᠪᠦᠭᠦᠨ ᠳᠡᠦᠭᠡᠨ ᠴᠤᠮᠤᠭ

ᠠᠯᠳᠠᠭ᠎ᠠ ᠭᠠᠷᠭᠠᠬᠤ ᠨᠢ ᠡᠷᠭᠡ ᠨᠢ ᠮᠦᠨ ᠭᠡᠮᠡᠨ ᠰᠡᠳᠭᠢᠯ ᠳᠡᠭᠡᠨ ᠳᠤᠩᠭ᠋ᠠᠨ ᠮᠠᠳᠠᠷᠠᠵᠤ

ᠠᠯᠢ ᠠᠯᠢᠨ ᠴᠤ ᠣᠬᠠᠭᠠᠨ ᠳᠤ ᠨᠢ ᠢᠵᠢᠯᠢᠭᠡᠨ ᠦᠷᠳᠦᠳᠡᠭ᠌ ᠨᠠᠮᠠᠭ᠎ᠠ ᠦᠭᠡᠶ ᠪᠣᠳᠤᠯ ᠳᠠᠢ

ᠠᠯᠳᠠᠭᠰᠠᠨ ᠶᠢᠡᠨ ᠣᠯᠬᠤ ᠨᠢ ᠣᠢ᠌ᠯᠠᠰ ᠨᠢ ᠮᠦᠨ ᠭᠡᠮᠡᠨ ᠵᠢᠷᠦᠭᠡᠨ ᠳᠡᠭᠡᠨ ᠮᠠᠳᠠᠨ ᠪᠠᠶᠠᠰᠴᠤ

ᠠᠵᠠᠢ ᠪᠣᠭᠤᠷᠤᠯ ᠳᠡᠭᠡᠳᠦᠰ ᠤᠨ ᠵᠠᠭᠢᠶ᠎ᠠ ᠶᠢ ᠪᠠᠳᠤᠵᠢᠭᠤᠯᠤᠭᠰᠠᠨ ᠮᠤᠩᠭ᠋ᠤᠯ ᠮᠤᠩᠭ᠋ᠤᠯᠵᠢᠭᠤᠨ ᠮᠦᠰᠤ ᠳᠠᠢ

ᠪᠠᠭᠰᠢ ᠭᠦᠮᠤᠨ ᠤ ᠰᠤᠷᠭᠠᠯ ᠪᠦᠭᠦᠨ ᠡᠷᠳᠡᠨᠢ ᠶᠢᠨ ᠲᠦᠯᠭᠢᠭᠦᠷ

ᠪᠠᠭᠰᠢ ᠭᠦᠮᠤᠨ ᠤ ᠵᠠᠭᠢᠶ᠎ᠠ ᠪᠦᠭᠦᠨ ᠭᠡᠭᠡᠨ ᠰᠤᠶᠤᠷᠬᠠᠯ

ᠪᠠᠭᠰᠢ ᠭᠦᠮᠤᠨ ᠤ ᠨᠠᠢ᠌ᠳᠠᠯᠭ᠎ᠠ ᠪᠦᠭᠦᠨ ᠠᠯᠳᠠᠨ ᠬᠤᠩᠬᠤ

ᠪᠠᠭᠰᠢ ᠭᠦᠮᠤᠨ ᠤ ᠭᠦᠦᠷᠨᠢᠯ ᠪᠦᠭᠦᠨ ᠳᠡᠦᠭᠡᠨ ᠴᠤᠮᠤᠭ

ᠵᠤᠯᠭᠠᠷᠠᠵᠤ ᠭᠠᠷᠤᠭᠰᠠᠨ ᠴᠤᠮᠤᠷᠯᠢᠭ ᠪᠦᠭᠦᠨ ᠶᠢᠡᠨ ᠮᠦᠰᠢᠶᠠᠯ ᠶᠢᠡᠷ ᠮᠢᠯᠢᠶᠠᠳᠠᠭ

ᠴᠤᠪᠬᠤᠴᠢᠴᠠᠵᠤ ᠳᠤᠮᠤᠭᠠᠵᠢᠭᠰᠠᠨ ᠳᠠᠯᠠᠪᠴᠢ ᠪᠦᠭᠦᠨ ᠶᠢᠡᠨ ᠬᠠᠢ᠌ᠷ᠎ᠠ ᠪᠠᠷ ᠢᠯᠪᠢᠳᠡᠭ᠌

ᠪᠣᠷᠤᠭᠠᠨ ᠤ ᠳᠠᠷᠭᠠᠭᠢ ᠨᠠᠷᠠ ᠲᠡᠶ ᠠᠮᠢᠰᠬᠤᠯ ᠰᠢᠭ᠌ ᠴᠠᠪ ᠴᠡᠯᠮᠡᠭᠦᠨ ᠠᠭᠠᠯᠢ ᠪᠠᠷ ᠵᠢᠠᠨ

ᠡᠭᠡᠯ ᠲᠦᠮᠡᠨ ᠡᠷᠭᠡᠳᠤ ᠳᠡᠷᠢᠭᠦᠨ ᠳᠡᠭᠡᠨ ᠠᠳᠠᠯᠢᠬᠠᠨ ᠮᠠᠠᠳᠤᠴᠢᠯᠠᠯ ᠲᠡᠶ ᠪᠠᠢ᠌ᠳᠠᠭ

ᠪᠠᠭᠰᠢ ᠭᠦᠮᠤᠨ ᠤ ᠰᠤᠷᠭᠠᠯ ᠪᠦᠭᠦᠨ ᠡᠷᠳᠡᠨᠢ ᠶᠢᠨ ᠲᠦᠯᠭᠢᠭᠦᠷ

ᠪᠠᠭᠰᠢ ᠭᠦᠮᠤᠨ ᠤ ᠵᠠᠭᠢᠶ᠎ᠠ ᠪᠦᠭᠦᠨ ᠭᠡᠭᠡᠨ ᠰᠤᠶᠤᠷᠬᠠᠯ

ᠪᠠᠭᠰᠢ ᠭᠦᠮᠤᠨ ᠤ ᠨᠠᠢ᠌ᠳᠠᠯᠭ᠎ᠠ ᠪᠦᠭᠦᠨ ᠠᠯᠳᠠᠨ ᠬᠤᠩᠬᠤ

ᠪᠠᠭᠰᠢ ᠭᠦᠮᠤᠨ ᠤ ᠭᠦᠦᠷᠨᠢᠯ ᠪᠦᠭᠦᠨ ᠳᠡᠦᠭᠡᠨ ᠴᠤᠮᠤᠭ



ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ ᠬᠤᠰᠢᠭᠤᠨ ᠤ ᠮᠤᠩᠭ᠋ᠤᠯ ᠦᠨᠳᠦᠰᠦᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3162
ᠴᠠᠭ᠄ 2010 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ