☆ ᠡᠷᠳᠡᠨᠢᠪᠠᠭᠠᠨ᠎ᠠ
ᠮᠢᠨᠤ ᠨᠤᠳᠤᠭ ᠤᠨ ᠴᠠᠭᠢᠯᠳᠠᠭ
ᠳᠠᠯ᠎ᠠ ᠶᠢᠨ ᠨᠤᠭᠤᠭᠠᠨ ᠰᠠᠯᠠᠮ᠎ᠠ
ᠭᠠᠩ ᠬᠠᠭᠤᠷᠠᠢ ᠳᠤ ᠰᠡᠷᠡᠢ᠌ᠭᠦ ᠪᠠᠷ ᠶᠢᠡᠨ ᠰᠠᠷᠠᠢ᠌ᠨᠡ
ᠳᠠᠮᠢᠷ ᠣᠬᠠᠭᠠᠨ ᠤ ᠰᠢᠮ᠎ᠠ
ᠭᠠᠵᠠᠷ ᠤᠨ ᠡᠩᠭᠡᠷ ᠲᠤ ᠳᠡᠯᠭᠡᠷᠡᠭᠦ ᠪᠠᠷ ᠵᠢᠡᠨ ᠲ᠋ᠡᠯᠭᠡᠷᠡᠨᠡ
ᠣᠷᠴᠢᠯᠠᠩ ᠤᠨ ᠠᠮᠢ ᠵᠢᠨ ᠵᠢᠮ᠎ᠠ
ᠣᠨ ᠣᠨ ᠳᠤ ᠪᠠᠨ ᠨᠤᠭᠤᠭᠠᠷᠠᠬᠤ ᠪᠠᠷ ᠶᠢᠡᠨ ᠨᠤᠭᠤᠭᠠᠷᠠᠨ᠎ᠠ
ᠣᠭᠤᠭ᠎ᠠ ᠰᠠᠢ᠌ᠬᠠᠨ ᠤ ᠬᠠᠢ᠌ᠷ᠎ᠠ
ᠵᠢᠯ ᠵᠢᠯ ᠳᠤ ᠪᠠᠨ ᠭᠦᠭᠡᠷᠡᠭᠦ ᠪᠠᠷ ᠶᠢᠡᠨ ᠭᠦᠭᠡᠷᠡᠨᠡ
ᠮᠢᠨᠤ ᠨᠤᠳᠤᠭ ᠤᠨ ᠭᠦᠭᠡ ᠳᠡᠭ᠍ᠷᠢ
ᠴᠠᠭᠢᠯᠳᠠᠭ ᠤᠨ ᠨᠠᠪᠴᠢ ᠴᠡᠴᠡᠭ᠌ ᠳᠤ ᠰᠠᠯᠭᠢᠯᠠᠬᠤ ᠪᠠᠷ ᠵᠢᠠᠨ ᠰᠠᠯᠭᠢᠯᠠᠨ᠎ᠠ
ᠮᠢᠨᠤ ᠨᠤᠳᠤᠭ ᠤᠨ ᠲ᠋ᠡᠷᠭᠡᠯ ᠨᠡᠷ᠎ᠡ
ᠴᠢᠩ ᠦᠨᠡᠨ ᠤ ᠦᠷ᠎ᠡ ᠭᠦᠭᠡᠭᠡᠴᠡᠯᠳᠦᠯ ᠳᠤ ᠮᠥᠰᠢᠶᠡᠭᠦ ᠪᠠᠷ ᠶᠢᠡᠨ ᠮᠦᠰᠢᠶᠠᠨᠡ
ᠳᠤᠷᠤᠨ᠎ᠠ ᠶᠢᠨ ᠴᠠᠭᠠᠨ ᠰᠠᠷ᠎ᠠ
ᠦᠨᠳᠦᠰᠦ ᠪᠠᠨ ᠮᠠᠨᠠᠭᠰᠠᠨ ᠬᠠᠰᠭᠢᠷᠤᠯ ᠳᠤ ᠳᠡᠨᠦᠭᠦ ᠪᠠᠷ ᠶᠢᠡᠨ ᠳᠠᠨᠤᠨᠡ
ᠳᠤᠯᠠᠭᠠᠨ ᠨᠠᠢ᠌ᠷᠠᠮᠳᠠᠭᠤ ᠬᠤᠷ᠎ᠠ
ᠥᠶᠦᠭ᠌ ᠳᠠᠪᠠᠳᠠᠢ ᠵᠡᠭᠦᠳᠤᠨ ᠳᠤ ᠰᠢᠪᠠᠨᠡᠭᠦ ᠪᠠᠷ ᠶᠢᠡᠨ ᠰᠢᠪᠠᠨᠠᠨ᠎ᠠ᠁
ᠮᠤᠩᠭ᠋ᠤᠯ ᠭᠡᠷ
ᠭᠠᠵᠠᠷ ᠤᠨ ᠡᠯᠢᠭᠡᠨ ᠳᠤ ᠳᠡᠯᠭᠡᠷᠡᠭ᠍ᠰᠡᠨ
ᠰᠥ᠋ ᠲ᠋ᠡᠢ ᠠᠩᠭᠢᠯᠤᠭᠤᠨ ᠴᠡᠴᠡᠭ᠌
ᠭᠠᠯᠪᠠ ᠶᠢᠨ ᠨᠢᠳᠤᠨ ᠳᠤ ᠮᠥᠩᠭᠡᠷᠡᠭ᠍ᠰᠡᠨ
ᠰᠠᠷ᠎ᠠ ᠲ᠋ᠠᠢ ᠨᠡᠭᠦᠳᠡᠯ ᠤᠨ ᠠᠶᠠᠨ
ᠭᠦᠳᠡᠯᠮᠦᠷᠢᠴᠢ ᠮᠤᠩᠭ᠋ᠤᠯ ᠤᠨ ᠭᠠᠷ ᠲ᠋ᠠᠭᠢ
ᠬᠠᠢ᠌ᠷ᠎ᠠ ᠶᠢᠨ ᠵᠤᠯᠪᠣᠭ᠎ᠠ ᠲᠡᠶ ᠡᠭᠦᠳᠡ
ᠭᠦᠰᠡᠯ ᠤᠨ ᠳᠦᠷᠦᠭᠡ ᠳᠤ ᠪᠠᠨ ᠴᠤᠮᠴᠣᠢ᠌ᠭᠰᠠᠨ
ᠬᠠᠩᠭ᠋ᠠᠢ ᠳᠠᠯ᠎ᠠ ᠶᠢᠨ ᠳᠡᠦᠭᠡᠨ ᠥᠡᠳᠦᠷᠯᠢᠭ᠌
ᠨᠠᠷᠠᠨ ᠤ ᠭᠡᠷᠡᠯ ᠰᠢᠩᠭᠡᠭ᠍ᠰᠡᠨ ᠪᠠᠢ᠌ᠳᠠᠭ
ᠨᠠᠪᠴᠢᠳᠤ ᠬᠤᠷᠸ᠎ᠠ ᠶᠢᠨ ᠴᠢᠮᠡᠭ᠌
ᠰᠠᠷᠠᠨ ᠤ ᠳᠤᠶᠠᠭ᠎ᠠ ᠰᠥᠯᠡᠭ᠍ᠰᠡᠨ ᠪᠠᠢ᠌ᠳᠠᠭ
ᠽᠠᠮᠪᠣᠳᠢᠪ ᠤᠨ ᠣᠶᠠᠩᠭ᠋ᠠᠨ ᠴᠠᠳᠢᠭ
ᠭᠠᠯ ᠶᠢᠡᠨ ᠪᠦᠭᠡᠢ᠌ᠴᠢᠯᠡᠨ ᠮᠠᠨᠠᠭᠰᠠᠨ
ᠳᠠᠯ᠎ᠠ ᠶᠢᠨ ᠰᠦᠨᠠᠰᠤ ᠲᠡᠶ ᠪᠠᠭᠤᠳᠠᠯ
ᠳᠠᠠᠩᠰᠤᠭ ᠠᠮᠢᠳᠤᠷᠠᠯ ᠶᠢᠡᠨ ᠴᠢᠪᠬᠠᠳᠠᠭᠰᠠᠨ
ᠭᠤᠤᠯ ᠮᠦᠷᠠᠨ ᠤ ᠢᠷᠠᠭᠤᠬᠠᠨ ᠣᠷᠤᠰᠠᠭᠯ
ᠪᠠᠢ᠌ᠭᠠᠯᠢ ᠡᠭᠡ ᠶᠢᠨ ᠵᠢᠷᠤᠭᠰᠠᠨ
ᠬᠤᠷᠸ᠎ᠠ ᠳᠤ ᠬᠤᠤᠰ ᠦᠭᠡᠶ ᠰᠠᠢ᠌ᠬᠠᠨ ᠵᠢᠷᠤᠭ
ᠪᠠᠶᠠᠨ ᠰᠦᠷᠦᠭ᠌ ᠶᠢᠡᠨ ᠬᠠᠷᠢᠭᠤᠯᠤᠭᠰᠠᠨ
ᠣᠯᠠᠷᠢᠯ ᠤᠨ ᠮᠦᠩᠭᠦᠨ ᠣᠬᠠᠭᠠᠨ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2012 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ