☆ ᠴᠥ᠊·ᠪᠣᠯᠤᠤᠠᠪᠠᠳᠤ
ᠨᠠᠢ᠌ᠷᠠᠭ ᠤᠨ ᠭᠠᠠᠵᠤᠭ᠎ᠠ ᠳ᠋ᠠᠭᠢ ᠣᠶᠤᠨ ᠤ ᠳᠠᠯᠠᠰᠳᠤ᠂ ᠣᠢ᠌ᠯᠠᠰ ᠤᠨ ᠠᠶᠠᠨ ᠳ᠋ᠠᠭᠢ ᠦᠷ᠎ᠡ ᠵᠢᠮᠢᠰ
᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠤᠢ᠌ᠷᠠᠤᠨ ᠤᠨ ᠵᠠᠯᠠᠭᠤ ᠢᠷᠠᠭᠤ ᠨᠠᠢ᠌ᠷᠠᠭᠴᠢ ᠺᠠ᠊·ᠴᠠᠷᠠᠠᠳᠤᠷᠵᠢ ᠨᠥᠭᠦᠷ ᠤᠨ 《ᠡᠷ᠎ᠡ ᠬᠠᠷ᠎ᠠ ᠴᠢᠯᠠᠭᠤ》 ᠭᠡᠮᠡᠭᠦ ᠰᠢᠯᠦᠭ᠌ ᠤᠨ ᠳᠡᠭᠦᠪᠦᠷᠢ ᠶᠢ ᠣᠩᠰᠢᠭᠠᠤᠨ
ᠤᠢ᠌ᠷᠠᠤᠨ ᠰᠢᠯᠦᠭ᠌ ᠤᠨ ᠭᠠᠯ ᠠᠶᠠᠨ ᠳᠤ ᠦᠪᠡᠷ ᠤᠨ ᠭᠡᠰᠡᠨ ᠦᠪᠡᠷᠮᠢᠭᠴᠠ ᠭᠡᠪ ᠨᠠᠮᠪᠠ ᠪᠠᠷ ᠶᠢᠡᠨ ᠣᠯᠠᠨ ᠡᠴᠠ ᠣᠠᠴᠠᠯᠠᠭᠳᠠᠨ ᠠᠷᠠᠤᠨ ᠤᠨ ᠳᠠᠭᠠᠰᠢᠶᠠᠯ ᠢ ᠣᠯᠵᠤ ᠶᠠᠪᠣᠭ᠎ᠠ 《ᠠᠯᠳᠠᠨ ᠳᠦᠷᠦᠭᠡ》 ᠶᠢᠨ ᠡᠵᠡᠨ ᠊᠊᠊᠊᠊᠊᠊᠊᠊᠊᠊᠊᠊᠊᠊ ᠮᠢᠨᠤ ᠨᠤᠮ ᠤᠨ ᠰᠠᠳᠤᠨ᠂ ᠰᠢᠯᠦᠭ᠌ ᠤᠨ ᠨᠠᠢ᠌ᠵᠠ ᠺᠠᠨᠠᠷᠤᠤ ᠶᠢᠨ ᠴᠠᠷᠠᠠᠳᠤᠷᠵᠢ ᠶᠢᠨ 《ᠡᠷ᠎ᠡ ᠬᠠᠷ᠎ᠠ ᠴᠢᠯᠠᠭᠤ》 ᠭᠡᠮᠡᠭᠦ ᠰᠢᠯᠦᠭ᠌ ᠤᠨ ᠳᠡᠭᠦᠪᠦᠷᠢ ᠶᠢ ᠣᠯᠵᠠᠷᠬᠠᠨ ᠣᠩᠰᠢᠭᠠᠤᠨ᠂ 《ᠴᠢᠯᠠᠭᠤ》 ᠰᠢᠭ ᠵᠢᠩᠳᠠᠢ ᠰᠢᠯᠦᠭ᠌ ᠤᠨ ᠪᠣᠳᠤᠷᠤᠯ ᠳ᠋ᠤᠨᠢ ᠴᠤᠴᠢᠮᠠᠭ ᠭᠡᠳᠤᠨ ᠥᠭᠡ ᠭᠡᠯᠡᠮᠡᠷ ᠪᠣᠳᠤᠭᠳᠠᠯ᠎ᠠ᠂ ᠳᠠᠭᠠᠯᠠᠨ ᠪᠣᠯᠭᠠᠨᠤ︕
ᠺᠠ᠊·ᠴᠠᠷᠠᠠᠳᠤᠷᠵᠢ ᠨᠠᠶᠠᠭᠠᠤᠨ ᠣᠨ ᠤ ᠡᠭᠢᠨ ᠡᠴᠠ ᠣᠳᠤ ᠪᠣᠯᠳᠠᠯ᠎ᠠ 250 ᠭᠠᠷᠤᠢ ᠡᠬᠢᠨ ᠰᠢᠯᠦᠭ᠌ ᠨᠡᠢ᠌ᠳᠡᠯᠡᠭᠦᠯᠵᠤ ᠢᠷᠡᠭ᠍ᠰᠡᠨ ᠤ ᠦᠷ᠎ᠡ ᠳᠤ᠂ ᠣᠩᠰᠢᠭᠴᠢ ᠲᠦᠮᠡᠨ ᠣᠤᠷ ᠪᠠᠶ᠎ᠠ ᠬᠤᠶᠠᠷ ᠲᠠᠭᠠᠨ ᠬᠠᠷᠢᠭᠤᠴᠠᠬᠤ ᠣᠪᠣᠷ ᠶᠢᠡᠷ 108 ᠡᠭᠢᠨ ᠰᠢᠯᠦᠭ᠌ ᠰᠤᠩᠭ᠋ᠤᠵᠤ ᠡᠷᠳᠡᠮ ᠨᠤᠮ ᠤᠨ ᠡᠷᠢᠭᠡ ᠶᠢᠨ ᠳᠤᠭ᠎ᠠ ᠭᠦᠢᠴᠡᠭᠡᠳ 《ᠡᠷ᠎ᠡ ᠬᠠᠷ᠎ᠠ ᠴᠢᠯᠠᠭᠤ》 ᠭᠡᠮᠡᠭᠦ ᠡᠨᠡ ᠨᠤᠮ ᠢ ᠪᠣᠰᠬᠠᠭᠰᠠᠨ ᠪᠠᠢ᠌ᠨ᠎ᠠ᠃ ᠳᠠᠷᠠ ᠳᠤᠳᠤᠷ᠎ᠠ ᠪᠠᠨ 《ᠠᠯᠳᠠᠢ ᠶᠢᠨ ᠭᠦᠷᠡᠩ ᠪᠦᠷᠭᠦᠤᠨ》᠂ 《ᠰᠡᠳᠭᠢᠯ ᠤᠨ ᠳᠠᠮᠢᠷ》᠂ 《ᠳᠠᠯ᠎ᠠ ᠶᠢᠨ ᠵᠠᠮ》᠂ 《ᠡᠷ᠎ᠡ ᠬᠠᠷ᠎ᠠ ᠴᠢᠯᠠᠭᠤ》᠂ 《ᠴᠠᠭᠠᠴᠢᠨ ᠰᠢᠪᠠᠭᠤ》᠂ 《ᠬᠠᠢ᠌ᠴᠢᠯᠠᠵᠤ ᠳᠠᠰᠤᠷᠠᠰᠢ ᠦᠭᠡᠶ ᠬᠠᠢ᠌ᠷ᠎ᠠ》᠂ 《ᠴᠠᠭ ᠤᠨ ᠴᠠᠭᠠᠨ ᠭᠡᠯᠡᠨ》᠂ 《ᠭᠦᠭᠡ ᠬᠤᠴᠠ ᠶᠢᠨ ᠳᠤᠮ》 ᠭᠡᠭᠦ ᠨᠢ᠋ᠮᠠᠨ ᠭᠠᠠᠵᠤᠭ᠎ᠠ ᠶᠢᠨ ᠨᠠᠷᠢᠨ ᠳᠠᠰᠤᠮ ᠪᠢᠳᠡᠭᠦᠯᠵᠤ᠂ ᠬᠤᠷᠸ᠎ᠠ ᠶᠢᠨ ᠣᠩᠰᠢᠭᠴᠢ ᠲᠦᠮᠡᠨ ᠳᠡᠭᠡᠨ ᠬᠤᠳᠠᠯᠠ ᠳᠡᠭᠦᠰ ᠤᠨ ᠪᠠᠯᠭᠡ ᠣᠷᠤᠰᠢᠭᠤᠯᠤᠭᠰᠠᠨ ᠪᠣᠯᠳᠠᠭ᠃
ᠨᠢᠭᠡ᠂ ᠰᠠᠨᠠᠭ᠎ᠠ ᠨᠢ ᠬᠤᠷᠴᠠ ᠳᠤᠳᠤ᠂ ᠰᠡᠳᠬᠢᠯᠭᠡ ᠨᠢ ᠪᠠᠷᠳᠠᠮ ᠪᠠᠶᠠᠯᠢᠭ
ᠢᠷᠠᠭᠤ ᠨᠠᠢ᠌ᠷᠠᠭ ᠪᠣᠯ ᠤᠶᠠᠩᠭ᠎ᠠ ᠰᠠᠨᠠᠭᠠᠨ ᠤ ᠣᠷᠠᠯᠢᠭ᠃ ᠢᠷᠠᠭᠤ ᠨᠠᠢ᠌ᠷᠠᠭ ᠤᠨ ᠰᠠᠨᠠᠭ᠎ᠠ ᠳᠠᠯᠳᠠ ᠪᠣᠯᠬᠤ ᠳᠤᠳᠤᠮ ᠰᠤᠪᠢᠨ ᠠᠮᠳᠠᠷᠬᠠᠬᠤ ᠭᠦᠴᠤᠨ ᠲᠡᠶ᠂ ᠭᠦᠭ᠍ᠵᠢᠮᠯᠢᠭ᠌ ᠪᠠᠢ᠌ᠬᠤ ᠳᠤᠳᠤᠮ ᠶᠢᠡᠨ ᠣᠯᠠᠮ ᠤᠶᠠᠩᠭ᠎ᠠ ᠲᠡᠶ ᠪᠣᠯᠬᠤ ᠶᠤᠮ᠃ ᠡᠨᠡ ᠳᠠᠯ᠎ᠠ ᠪᠠᠷ ᠺᠠ᠊·ᠴᠠᠷᠠᠠᠳᠤᠷᠵᠢ ᠶᠢᠨ ᠰᠢᠯᠦᠭ᠌ ᠦᠪᠡᠷ ᠤᠨ ᠭᠡᠰᠡᠨ ᠥᠩᠭᠡ ᠠᠶᠠᠰ ᠶᠢᠡᠷ ᠢᠯᠠᠳᠳᠠ᠃ 《ᠡᠷ᠎ᠡ ᠬᠠᠷ᠎ᠠ ᠴᠢᠯᠠᠭᠤ》 ᠳᠡᠭᠦᠪᠦᠷᠢ ᠳ᠋ᠠᠭᠢ ᠰᠢᠯᠦᠭ᠌ ᠤᠳ ᠭᠦᠨ ᠣᠬᠠᠭᠠᠯᠢᠭ ᠣᠶᠤᠠᠴᠢ ᠪᠣᠳᠤᠯᠭᠢᠯᠠᠯ ᠳᠠᠰᠢ ᠰᠢᠯᠵᠢᠵᠤ᠂ ᠣᠴᠢᠷᠯᠠᠯ ᠤᠨ ᠳᠠᠯ᠎ᠠ ᠳᠤ ᠣᠯᠠᠨ ᠵᠣᠢ᠌ᠯ ᠤᠨ ᠣᠬᠠᠮᠰᠠᠷ ᠰᠤᠯᠢᠪᠴᠠᠨ ᠣᠷᠤᠰᠢᠵᠤ᠂ ᠣᠳᠤᠭᠢᠴᠢ ᠰᠢᠯᠦᠭ᠌ ᠤᠨ ᠰᠢᠨ᠎ᠠ ᠠᠭᠤᠷ ᠠᠮᠢᠰᠬᠤᠯ ᠪᠢᠯᠬᠠᠵᠤ ᠪᠠᠢ᠌ᠨ᠎ᠠ᠃
ᠢᠷᠠᠭᠤ ᠨᠠᠢ᠌ᠷᠠᠭ ᠲᠤ ᠣᠤᠠᠬ᠎ᠠ ᠰᠠᠨᠠᠭ᠎ᠠ ᠭᠡᠵᠤ ᠪᠠᠢ᠌ᠳᠠᠭ᠂ ᠣᠷᠠᠯᠢᠭ ᠭᠡᠵᠤ ᠪᠠᠢ᠌ᠳᠠᠭ᠃ ᠣᠷᠠᠯᠢᠭ ᠣᠤᠠᠬ᠎ᠠ ᠰᠠᠨᠠᠭ᠎ᠠ ᠨᠢᠭᠡᠳᠦᠭᠡᠳ ᠨᠢᠭᠡᠨ ᠴᠤᠭᠴᠠ ᠪᠣᠯᠤᠭᠠᠤᠨ ᠨᠢᠭᠡ ᠪᠦᠳᠦᠭᠡᠯ ᠪᠣᠢ ᠪᠣᠯᠳᠠᠭ᠃ ᠰᠠᠨᠠᠭ᠎ᠠ ᠪᠣᠯ ᠣᠷᠠᠯᠢᠭ ᠠᠭᠤᠯᠭ᠎ᠠ ᠶᠢᠨ ᠣᠭᠢ ᠳᠠᠯᠠᠰ ᠮᠦᠨ᠃ ᠰᠢᠯᠦᠭ᠌ ᠤᠨ ᠰᠠᠨᠠᠭ᠎ᠠ ᠶᠡᠭᠡ ᠴᠢᠬᠤᠯᠠ ᠪᠠᠢ᠌ᠳᠠᠭ ᠶᠤᠮ᠃ ᠡᠨᠡ ᠪᠣᠯ ᠭᠦᠮᠤᠨ ᠤ ᠳᠠᠷᠢᠭᠢᠨ ᠳᠤ ᠭᠡᠭᠡ ᠣᠷᠤᠭᠤᠯᠳᠠᠭ ᠭᠡᠷᠡᠯ ᠤᠨ ᠬᠤᠷᠢᠶᠠᠩᠭ᠋ᠤᠢ ᠳᠦᠪᠯᠡᠷᠡᠭ᠍ᠰᠡᠨ ᠴᠡᠭ᠌ ᠮᠦᠨ᠃ ᠰᠢᠯᠦᠭ᠌ ᠤᠨ ᠰᠠᠨᠠᠭ᠎ᠠ ᠭᠡᠳᠡᠭ᠌ ᠶᠠᠭᠤᠮ᠎ᠠ ᠭᠦᠮᠤᠨ ᠤ ᠰᠤᠶᠤᠯ ᠤᠨ ᠲᠦᠪᠰᠢᠨ ᠡᠴᠠ ᠰᠢᠯᠳᠠᠭᠠᠯᠠᠭᠰᠠᠨ ᠮᠡᠳᠡᠯᠭᠡ ᠶᠢᠨ ᠭᠢᠷᠢ ᠭᠡᠮ᠂ ᠮᠡᠷᠭᠡᠵᠢᠯ ᠤᠨ ᠣᠷ᠎ᠠ ᠳᠠᠮ᠂ ᠪᠣᠳᠠᠭᠠᠯᠢ ᠪᠠᠶ᠎ᠠ ᠶᠢᠨ ᠦᠵᠡᠯ ᠣᠬᠠᠮᠰᠠᠷ ᠵᠡᠷᠭᠡ ᠣᠯᠠᠨ ᠶᠠᠭᠤᠮ᠎ᠠ ᠲᠡᠶ ᠬᠤᠯᠪᠣᠭᠳᠠᠨ᠎ᠠ᠃ 《ᠡᠷ᠎ᠡ ᠬᠠᠷ᠎ᠠ ᠴᠢᠯᠠᠭᠤ》 ᠳᠡᠭᠦᠪᠦᠳᠢ ᠳ᠋ᠠᠭᠢ ᠰᠢᠯᠦᠭ᠌ ᠤᠳ ᠶᠠᠭᠤ ᠶᠢ ᠳᠤᠰᠬᠠᠬᠤ᠂ ᠶᠠᠮᠠᠷ ᠰᠠᠨᠠᠭ᠎ᠠ ᠢᠯᠡᠷᠡᠭᠦᠯᠭᠦ ᠳᠠᠯ᠎ᠠ ᠪᠠᠷ ᠣᠤᠠᠬ᠎ᠠ ᠶᠢᠨ ᠬᠠᠷᠠᠭ᠎ᠠ ᠬᠤᠷᠴᠠ᠂ ᠣᠬᠠᠭᠠᠨ ᠰᠠᠨᠠᠭ᠎ᠠ ᠳᠤᠳᠤ ᠳᠤᠪᠣᠭᠤᠷ ᠪᠠᠢ᠌ᠳᠠᠭ ᠶᠢᠡᠷ ᠣᠩᠰᠢᠭᠴᠢ ᠶᠢ ᠣᠷᠠᠯᠢᠭ ᠶᠢᠡᠷ ᠰᠡᠩᠭᠡᠭᠡᠷᠡᠭᠦᠯᠭᠦ ᠦᠷ᠎ᠡ ᠨᠥᠯᠦᠭᠡ ᠪᠠᠷ ᠦᠯᠡᠮᠵᠢ ᠪᠣᠯᠤᠭᠰᠠᠨ ᠪᠠᠢ᠌ᠨ᠎ᠠ᠃ ᠡᠨᠡ ᠪᠦᠭᠦᠨ ᠨᠢ ᠳᠡᠭᠦᠨ ᠤ ᠰᠡᠳᠬᠢᠯᠭᠡᠨ ᠤ ᠢᠷᠠᠭᠤ ᠨᠠᠢ᠌ᠷᠠᠭ ᠤᠨ ᠡᠷᠢᠯ ᠳᠤᠷᠰᠢᠴᠠ ᠲᠡᠶ ᠬᠤᠯᠪᠣᠭᠠᠳᠠᠢ᠃
ᠺᠠ᠊·ᠴᠠᠷᠠᠠᠳᠤᠷᠵᠢ ᠶᠢᠨ ᠰᠢᠯᠦᠭ᠌ ᠤᠨ ᠲᠦᠪᠰᠢᠨ ᠪᠣᠯ ᠤᠢ᠌ᠷᠠᠤᠨ ᠮᠤᠩᠭ᠋ᠤᠯ ᠰᠢᠯᠦᠭ᠌ ᠤᠨ ᠡᠩᠨᠡᠭᠡ ᠳᠤᠳᠤᠷ᠎ᠠ ᠳᠤᠭ ᠪᠣᠯᠵᠤ ᠡᠮᠦᠨ᠎ᠡ ᠨᠢ ᠵᠢᠭᠰᠠᠭᠳᠡᠨᠡ᠃ ᠡᠨᠡ ᠨᠢ ᠳᠡᠭᠦᠨ ᠤ ᠰᠢᠯᠦᠭ᠌ ᠳᠤᠭᠤᠷᠪᠢᠬᠤ ᠣᠷ᠎ᠠ ᠣᠬᠠᠭᠠᠨ ᠤ ᠳᠠᠯ᠎ᠠ ᠪᠠᠷ ᠭᠢ ᠰᠢᠷᠭᠠᠭᠤ ᠴᠢᠷᠮᠠᠢ᠌ᠯᠳᠠ᠂ ᠰᠢᠳᠤᠷᠭᠤ ᠭᠦᠭᠡᠴᠡᠯᠳᠡᠯ ᠡᠴᠠ ᠰᠠᠯᠵᠤ ᠴᠢᠳᠠᠬᠤ ᠦᠭᠡᠶ᠃ ᠳᠠᠷᠠ ᠪᠠᠷ ᠰᠡᠳᠬᠢᠯᠭᠡ ᠪᠠᠷ ᠶᠢᠡᠨ ᠣᠩᠰᠢᠭᠴᠢᠳ ᠶᠢᠠᠨ ᠣᠯᠵᠠᠯᠠᠵᠤ ᠴᠢᠳᠠᠳᠠᠭ ᠣᠠᠴᠠᠭᠠᠢ ᠠᠪᠢᠶᠠᠰ ᠲᠡᠶ ᠰᠢᠯᠦᠭ᠍ᠴᠢ ᠮᠦᠨ᠃ ᠢᠷᠠᠭᠤ ᠨᠠᠢ᠌ᠷᠠᠭᠴᠢ ᠭᠦᠮᠤᠨ ᠪᠣᠯ ᠰᠡᠳᠭᠢᠯ ᠤᠨ ᠪᠠᠢ᠌ᠯᠳᠤᠭᠠᠨ ᠭᠢᠳᠡᠭ᠌ ᠭᠦᠮᠤᠨ ᠶᠤᠮ᠃ ᠳᠡᠭᠦᠨ ᠤ ᠰᠢᠯᠦᠭ᠌ ᠤᠨ ᠰᠡᠳᠬᠢᠯᠭᠡ ᠶᠢᠨ ᠴᠢᠨᠠᠷ ᠨᠢ ᠦᠨᠡᠠᠴᠢ᠂ ᠰᠡᠳᠬᠢᠯᠭᠡ ᠶᠢᠨ ᠥᠩᠭᠡ ᠨᠢ ᠳᠤᠪᠣᠭᠤᠷ᠂ ᠰᠡᠳᠬᠢᠯᠭᠡ ᠶᠢᠨ ᠢᠯᠠᠷᠠᠯ ᠨᠢ ᠥᠭ᠍ᠭᠢᠶᠡᠮᠦᠷ ᠪᠠᠢ᠌ᠳᠠᠭ ᠳᠤᠯᠠ ᠰᠢᠯᠦᠭ᠌ ᠤᠨ ᠰᠠᠨᠠᠭ᠎ᠠ ᠨᠢ ᠬᠤᠷᠴᠠ ᠳᠤᠳᠤ᠂ ᠰᠡᠳᠬᠢᠯᠭᠡ ᠨᠢ ᠪᠠᠷᠳᠠᠮ ᠪᠠᠶᠠᠯᠢᠭ ᠶᠤᠮ᠃
ᠬᠤᠶᠠᠷ᠂ ᠭᠡᠯᠡ ᠨᠢ ᠺᠠᠠᠳᠠ ᠭᠡᠷᠡᠭᠯᠡᠭ᠍ᠰᠡᠨ ᠨᠢ ᠭᠣᠢ᠌ᠳᠠ
ᠰᠢᠯᠦᠭ᠌ ᠪᠣᠯ ᠭᠡᠯᠡᠨ ᠤ ᠣᠷᠠᠯᠢᠭ ᠮᠦᠨ᠃ ᠭᠡᠭᠦ ᠳᠡᠭᠡᠨ ᠣᠷᠠᠨ ᠵᠤᠬᠢᠶᠠᠯ ᠤᠨ ᠪᠣᠰᠤᠳ ᠳᠢᠭ᠌ ᠮᠠᠶᠢᠭ ᠲᠡᠶ ᠠᠳᠠᠯᠢ ᠦᠭᠡᠶ ᠰᠢᠷᠭᠠᠮᠠᠯ᠂ ᠠᠭᠰᠢᠭᠠᠮᠠᠯ᠂ ᠣᠯᠠᠨ ᠳᠡᠭ᠍ᠳᠡᠷᠯᠡᠯ ᠰᠠᠨᠠᠭ᠎ᠠ ᠪᠦᠭᠦᠢ ᠨᠢᠭᠡ ᠵᠣᠢ᠌ᠯ ᠤᠨ ᠣᠤᠠᠬ᠎ᠠ ᠵᠤᠬᠢᠶᠠᠯ ᠤᠨ ᠭᠡᠯᠡ ᠪᠣᠯᠤᠨ᠎ᠠ᠃ ᠰᠢᠯᠦᠭ᠌ ᠤᠨ ᠠᠮᠳᠠᠷᠬᠠᠯ ᠨᠢ ᠶᠠᠭᠤᠨ ᠤ ᠡᠮᠦᠨ᠎ᠡ ᠭᠡᠯᠡᠨ ᠡᠴᠠ ᠡᠭᠢᠯᠡᠳᠡᠭ᠌᠃ ᠰᠢᠯᠦᠭ᠌ ᠤᠨ ᠭᠡᠯᠡ ᠪᠣᠯ ᠡᠩ ᠤᠨ ᠶᠠᠷᠢᠶᠠᠨ ᠭᠡᠯᠡᠨ ᠤ ᠵᠠᠶᠠᠭ ᠳᠦᠷᠢᠮ ᠢ ᠡᠳᠦᠢ ᠳᠠᠳᠤᠢ ᠡᠪᠳᠡᠵᠤ ᠯᠤᠭᠢᠭ ᠪᠠ ᠥᠭᠦᠯᠡᠭᠦ ᠶᠢᠨ ᠳᠠᠷᠠᠭᠠᠯᠠᠯ ᠳᠤ ᠭᠢᠵᠠᠭᠠᠷᠯᠠᠭᠳᠠᠬᠤ ᠦᠭᠡᠶ ᠪᠠᠷ ᠳᠠᠨᠢᠯ ᠪᠣᠰᠤᠴᠢᠯᠠᠬᠤ᠂ ᠳᠦᠷᠰᠤ ᠬᠤᠪᠢᠷᠭᠠᠬᠤ᠂ ᠡ᠊ᠨᠳᠡᠭᠦᠤ ᠰᠠᠷᠠᠯ ᠡᠭᠦᠰᠭᠡᠭᠦ ᠵᠡᠷᠭᠡ ᠪᠠᠷ ᠣᠯᠠᠨ ᠣᠤᠠᠬ᠎ᠠ ᠰᠢᠠᠵᠢ ᠳᠤ ᠣᠯᠠᠷᠢᠳᠠᠭ ᠪᠣᠯᠬᠤᠷ ᠳᠡᠭᠦᠨ ᠤ ᠳᠡᠮᠳᠡᠭ᠌ ᠪᠠ ᠳᠤᠭᠢᠯᠳᠠ ᠳᠤ ᠳᠤᠯᠳᠣᠢ᠌ᠳᠤᠨ ᠰᠠᠷᠠᠵᠤ ᠮᠡᠳᠡᠷᠡᠭᠦ ᠳᠤ ᠵᠠᠪᠠᠯ ᠨᠢᠭᠡᠨ ᠭᠡᠮᠵᠢᠶᠡᠨ ᠤ ᠪᠣᠳᠤᠯᠢᠶᠠᠠᠳᠤ ᠶᠠᠪᠣᠴᠠ ᠶᠢ ᠥᠩᠭᠡᠷᠡᠭᠡᠳᠡᠭ᠌ ᠶᠤᠮ᠃ ᠡᠢ᠌ᠮᠤ ᠡᠴᠠ ᠰᠢᠯᠦᠭ᠌ ᠤᠨ ᠭᠡᠯᠡ ᠭᠡᠯᠡᠯᠭᠡ ᠪᠣᠯ ᠰᠢᠯᠦᠭ᠌ ᠤᠨ ᠠᠮᠳᠠᠷᠬᠠᠯ ᠤᠨ ᠡᠭᠦᠳᠡ ᠨᠢ ᠮᠦᠨ᠃ ᠳᠠᠩ ᠣᠯᠤᠰ ᠤᠨ ᠶᠡᠭᠡ ᠰᠢᠯᠦᠭ᠍ᠴᠢ ᠳ᠋ᠦ᠋ ᠹᠦ᠋᠄ 《ᠥᠭᠡ ᠪᠠᠷ ᠭᠦᠮᠤᠨ ᠢ ᠡᠰᠡ ᠳᠤᠭᠳᠤᠯᠤᠭᠤᠯᠪᠠᠰᠤ ᠥᠭᠦᠪᠠᠴᠤ ᠦᠯᠦ ᠠᠮᠤᠮᠤᠢ》 ᠭᠡᠵᠤ ᠰᠢᠯᠦᠭ᠌ ᠤᠨ ᠭᠡᠯᠡ ᠶᠢ ᠮᠠᠰᠢ ᠴᠢᠬᠤᠯᠴᠢᠯᠠᠨ ᠥᠭᠦᠯᠡᠵᠡᠢ᠃ ᠮᠤᠩᠭ᠋ᠤᠯ ᠦᠨᠳᠦᠰᠦᠳᠠᠨ ᠤ ᠠᠯᠳᠠᠷᠳᠤ ᠵᠤᠬᠢᠶᠠᠯᠴᠢ ᠢᠠᠵᠠᠨᠨᠠᠰᠢ ᠴᠤ᠄ 《ᠭᠦᠮᠤᠨ ᠤ ᠰᠡᠳᠭᠢᠯ ᠢ ᠭᠦᠳᠡᠯᠭᠡᠨ ᠡᠰᠡ ᠴᠢᠳᠠᠪᠠᠰᠤ ᠬᠦᠩᠭᠡᠨ ᠪᠢᠷ ᠢ ᠭᠦᠰᠢᠵᠤ ᠶᠠᠭᠤ ᠭᠢᠮᠤᠢ︖》 ᠭᠡᠵᠤ ᠰᠢᠯᠦᠭᠯᠡᠭ᠍ᠰᠡᠨ ᠪᠠᠢ᠌ᠳᠠᠭ᠃ ᠡᠳᠡᠨ ᠤ ᠥᠵᠡᠭᠦ ᠪᠠᠷ ᠭᠡᠯᠡ ᠭᠡᠯᠡᠯᠭᠡ ᠶᠢᠨ ᠷᠢᠳᠢ ᠰᠢᠳᠢ ᠪᠠᠷ ᠳᠠᠮᠵᠢᠵᠤ ᠭᠦᠮᠤᠨ ᠢ ᠳᠤᠭᠳᠤᠯᠤᠭᠤᠯᠬᠤ᠂ ᠭᠠᠢ᠌ᠬᠠᠰᠢ ᠠᠯᠳᠠᠭᠤᠯᠬᠤ ᠠᠮᠳᠠᠷᠬᠠᠯ ᠤᠨ ᠳᠡᠭᠡᠳᠤ ᠲᠦᠪᠰᠢᠨ ᠳᠤ ᠣᠳᠤᠷᠢᠳᠤᠨ ᠠᠪᠠᠴᠢᠳᠠᠭ ᠠᠵᠢ᠃ ᠰᠢᠯᠦᠭ᠍ᠴᠢ ᠪᠣᠯᠤᠨ ᠣᠩᠰᠢᠭᠴᠢ ᠶᠢᠨ ᠳᠤᠮᠳᠠ ᠰᠢᠯᠦᠭ᠌ ᠤᠨ ᠭᠡᠯᠡ ᠭᠡᠯᠡᠯᠭᠡ ᠬᠠᠮᠤᠭ ᠠᠩᠬᠠᠨ ᠤ ᠵᠠᠭᠤᠴᠢ ᠪᠣᠶᠤ ᠭᠦᠭᠦᠷᠭᠡ ᠪᠣᠯᠵᠤ ᠶᠠᠪᠣᠳᠠᠭ᠃
《ᠳᠠᠨ ᠨᠡᠷ ᠤᠨ ᠪᠣᠶᠠᠨ ᠮᠠᠩᠨᠠᠢ ᠳᠤ ᠳᠠᠨᠢ ᠪᠦᠳᠦᠳᠦᠭᠡᠢ᠂ ᠮᠢᠨᠤ ᠪᠣᠶᠠᠨ ᠳᠠᠩᠨᠠᠢ ᠳᠤ ᠮᠢᠨᠢ ᠪᠦᠳᠦᠭ᠌᠃》 ᠭᠡᠵᠤ ᠳᠠᠩᠭ᠋ᠠᠷᠢᠭᠯᠠᠵᠤ᠂ ᠳᠠᠩᠨᠠᠢ ᠶᠢᠨ ᠣᠷᠠᠨ ᠶᠢᠡᠷ ᠶᠢᠡᠨ ᠱᠠᠭ᠎ᠠ ᠰᠢᠭ ᠰᠢᠯᠦᠭ᠌ ᠨᠠᠢ᠌ᠷᠠᠴᠤ ᠶᠠᠪᠣᠭ᠎ᠠ ᠺᠠ᠊·ᠴᠠᠷᠠᠠᠳᠤᠷᠵᠢ ᠮᠠᠨᠢ ᠡᠭᠦᠷ ᠬᠠᠨᠢ ᠳᠤᠳᠤᠷ᠎ᠠ ᠪᠠᠨ 《ᠺᠠᠠᠳᠠ ᠥᠭᠡ ᠲᠡᠶ ᠊᠊᠊᠊᠊᠊᠊᠊᠊᠊᠊᠊᠊᠊᠊》 ᠭᠡᠳᠡᠭ᠌ ᠰᠠᠢ᠌ᠬᠠᠨ ᠠᠯᠳᠠᠷ ᠲᠡᠶ ᠪᠢᠯᠠ᠃ 《ᠡᠷ᠎ᠡ ᠬᠠᠷ᠎ᠠ ᠴᠢᠯᠠᠭᠤ》 ᠭᠡᠭᠦ ᠳᠡᠭᠦᠪᠦᠷᠢ ᠳ᠋ᠠᠭᠢ ᠶᠡᠭᠡᠩᠭᠢ ᠰᠢᠯᠦᠭ᠌ ᠲᠤ ᠤᠢ᠌ᠷᠠᠤᠨ ᠤᠨ ᠠᠷᠠᠤᠨ ᠤᠨ ᠠᠮᠠᠨ ᠵᠤᠬᠢᠶᠠᠯ᠂ ᠠᠮᠠᠨ ᠶᠠᠷᠢᠶ᠎ᠠ ᠳ᠋ᠠᠭᠢ ᠠᠮᠢᠳᠤ ᠳᠦᠷᠰᠦᠯᠢᠭ᠌ ᠭᠡᠯᠡᠯᠭᠡ᠂ ᠣᠷᠤᠨ ᠨᠤᠳᠤᠭ ᠤᠨ ᠠᠷᠠᠤᠨ ᠤᠨ ᠪᠣᠷᠤᠭᠵᠢᠭᠤᠨ ᠭᠡᠯᠡᠴᠡ᠂ 《ᠵᠢᠩᠭ᠋ᠠᠷ》 ᠤᠨ ᠳᠤᠤᠯᠢ ᠭᠢᠭᠡᠳ ᠳᠤᠷᠭᠤᠳ ᠠᠷᠠᠤᠨ ᠤᠨ ᠳᠠᠭᠤᠤ ᠳ᠋ᠠᠭᠢ ᠣᠷᠠᠨ ᠳᠦᠷᠰᠦᠯᠢᠭ᠌ ᠭᠡᠯᠡᠯᠭᠡ ᠶᠢ ᠪᠦᠳᠦᠭᠡᠯᠴᠢ ᠴᠢᠨᠠᠷ ᠲᠡᠶ ᠪᠠᠷ ᠴᠢᠳᠠᠮᠠᠭᠠᠢ ᠠᠪᠤᠨ ᠭᠡᠷᠡᠭᠯᠡᠭ᠍ᠰᠡᠨ ᠣᠴᠢᠷ ᠡᠴᠠ ᠳᠤᠰ ᠳᠡᠭᠦᠪᠦᠷᠢ ᠶᠢᠨ ᠭᠦᠡᠳᠤ ᠶᠢᠨ ᠵᠢᠩ ᠨᠢ ᠨᠡᠮᠡᠭ᠍ᠳᠡᠵᠤ᠂ ᠣᠷᠤᠨ ᠨᠤᠳᠤᠭ ᠤᠨ ᠦᠨᠦᠷ ᠠᠮᠳᠠ ᠪᠠᠷ ᠬᠠᠩᠬᠤᠯᠤᠨ ᠪᠣᠯᠤᠭᠰᠠᠨ ᠪᠠᠢ᠌ᠨ᠎ᠠ᠃
(ᠨᠢᠭᠡ) ᠰᠢᠯᠦᠭ᠌ ᠤᠨ ᠭᠠᠷᠴᠠᠭ ᠳᠤᠨᠢ ᠠᠷᠠᠤᠨ ᠤᠨ ᠠᠮᠠᠨ ᠶᠠᠷᠢᠶᠠᠨ ᠤ ᠭᠡᠯᠡᠭᠦᠢ ᠶᠢᠨ ᠥᠩᠭᠡ ᠠᠭᠤᠰᠤᠨ ᠰᠢᠩᠭᠡᠭ᠍ᠰᠡᠨ ᠪᠠᠢ᠌ᠨ᠎ᠠ᠃ ᠵᠢᠱᠢᠶᠠᠯᠠᠪᠠᠯ᠄ 《ᠭᠡᠳᠡ ᠶᠢᠨ ᠣᠯᠠᠭᠠᠨ ᠭᠡᠯᠡᠨ》᠂ 《ᠵᠸᠲ᠋ ᠶᠢᠨ ᠴᠡᠩᠭᠡᠷ ᠳᠠᠭᠤᠯᠠᠯ》᠂ 《ᠮᠡᠷᠭᠡᠨ ᠳᠤ ᠭᠦᠷᠦᠭᠡᠰᠤ ᠰᠢᠬᠠᠯ᠎ᠠ》᠂ 《ᠱᠤᠷᠤᠯᠭ᠎ᠠ》᠂ 《ᠮᠠᠯᠢᠶ᠎ᠠ ᠶᠢᠨ ᠴᠠᠭᠠᠨ ᠭᠡᠯᠡᠨ》᠂ 《ᠭᠦᠭᠡ ᠬᠤᠴᠠ ᠶᠢᠨ ᠳᠤᠮ》᠂ 《ᠳᠠᠭᠢᠯ》᠂ 《ᠭᠠᠠᠵᠤᠭ᠎ᠠ ᠶᠢᠨ ᠵᠠᠩᠭᠢᠳᠤᠭ᠎ᠠ》 ᠵᠡᠷᠭᠡ ᠰᠢᠯᠦᠭ᠌ ᠤᠨ ᠭᠠᠷᠴᠠᠭ ᠳᠤᠨᠢ ᠤᠢ᠌ᠷᠠᠤᠨ ᠠᠶᠠᠯᠭᠤᠨ ᠥᠭᠡᠰ ᠰᠢᠭᠡᠳᠭᠡᠭ᠍ᠰᠡᠨ ᠶᠢᠡᠷ ᠠᠪᠤᠨ ᠥᠵᠡᠭᠦ ᠳᠤ ᠠᠩᠬᠠᠷᠤᠯ ᠳᠠᠳᠠᠬᠤ ᠭᠦᠴᠤᠨ ᠲᠡᠶ ᠪᠠᠢ᠌ᠵᠤ᠂ ᠠᠷᠠᠤᠨ ᠤᠨ ᠳᠠᠭᠠᠰᠢᠶᠠᠯ ᠳᠤ ᠠᠷᠭ᠎ᠠ ᠦᠭᠡᠶ ᠳᠠᠨᠢᠯ ᠳᠠᠰᠤᠯ ᠰᠠᠨᠠᠭᠳᠠᠨ᠎ᠠ᠃ ᠡᠳᠡᠭᠡᠷ ᠨᠢ ᠰᠢᠯᠦᠭ᠍ᠴᠢ ᠶᠢᠨ ᠰᠢᠯᠦᠭ᠌ ᠭᠠᠷᠴᠠᠭᠯᠠᠬᠤ ᠣᠷ᠎ᠠ ᠮᠡᠷᠭᠡᠵᠢᠯ ᠤᠨ ᠲᠦᠪᠰᠢᠨ ᠢ ᠬᠠᠷᠠᠭᠤᠯᠵᠤ᠂ ᠣᠷᠠᠯᠢᠭ ᠤᠨ ᠠᠷᠭ᠎ᠠ ᠪᠠᠷᠢᠯ ᠤᠨ ᠪᠣᠯᠪᠠᠰᠤᠷᠠᠯ ᠢ ᠳᠤᠰᠬᠠᠵᠤ ᠪᠠᠢ᠌ᠨ᠎ᠠ᠃
(ᠬᠤᠶᠠᠷ) ᠠᠷᠠᠤᠨ ᠤᠨ ᠠᠮᠢᠳᠤ ᠶᠠᠷᠢᠶᠠᠨ ᠭᠡᠯᠡ ᠶᠢ ᠰᠢᠯᠦᠭ᠌ ᠤᠨ ᠭᠡᠯᠡ ᠪᠣᠯᠭᠠᠵᠤ ᠣᠷᠠᠯᠢᠭᠵᠢᠭᠤᠯᠤᠭᠰᠠᠨ ᠨᠢ ᠳᠠᠪᠠᠮᠠᠭᠠᠢ᠃
ᠲ᠋ᠡᠭᠦᠨ ᠤ ᠰᠢᠯᠦᠭ᠌ ᠢ ᠠᠪᠤᠨ ᠣᠩᠰᠢᠬᠤ ᠳᠤ ᠤᠢ᠌ᠷᠠᠤᠨ ᠨᠤᠳᠤᠭ ᠤᠨ ᠭᠡᠯᠡ ᠭᠡᠯᠡᠯᠭᠡ ᠶᠢᠨ ᠦᠨᠦᠷ ᠠᠮᠳᠠ ᠦᠪᠡᠷᠢᠴᠠ ᠠᠮᠳᠠᠯᠠᠭᠳᠠᠨ᠎ᠠ᠃ ᠡᠨᠡ ᠳᠤᠮᠳᠠ ᠪᠠᠨ ᠠᠷᠠᠤᠨ ᠤᠨ ᠶᠠᠷᠢᠶᠠᠨ ᠤ ᠭᠡᠯᠡ ᠶᠢ ᠰᠢᠯᠦᠭ᠌ ᠤᠨ ᠭᠡᠯᠡᠨ ᠤ ᠳᠠᠪᠬᠤᠷᠭᠠᠨ ᠳᠤ ᠳᠡᠭᠡᠭ᠍ᠰᠢᠯᠡᠭᠦᠯᠭᠦ ᠣᠷᠠᠯᠢᠭ ᠤᠨ ᠡᠷᠢᠯ ᠳᠤᠷᠰᠢᠴᠠ ᠶᠢ ᠵᠤᠷᠢᠭᠳᠠᠢ ᠭᠢᠵᠤ ᠪᠣᠳᠠᠳᠠᠢ ᠥᠢᠯᠡᠳᠦᠯᠭᠡᠨ ᠤ ᠴᠢᠨᠠᠷ ᠲᠡᠶ ᠦᠷ᠎ᠡ ᠠᠮᠵᠢᠯᠳᠠ ᠣᠯᠤᠭᠰᠠᠨ ᠳᠠᠯ᠎ᠠ ᠪᠠᠷ ᠵᠠᠯᠠᠭᠤ ᠢᠷᠠᠭᠤ ᠨᠠᠢ᠌ᠷᠠᠭᠴᠢᠳ ᠤᠨ ᠳᠤᠳᠤᠷ᠎ᠠ ᠬᠤᠰᠢᠭᠤᠴᠢᠯᠠᠵᠤ ᠪᠠᠢ᠌ᠨ᠎ᠠ᠃
《ᠪᠣᠯᠠᠮᠠᠭ ᠬᠠᠢ᠌ᠰᠤᠨ ᠡᠴᠠ ᠭᠠᠷᠤᠭᠠᠳᠤᠢ
ᠪᠣᠷᠠᠭ᠎ᠠ ᠪᠠᠭ᠎ᠠ ᠨᠠᠰᠤᠨ ᠮᠢᠨᠢ
ᠪᠣᠷᠮ᠎ᠠ ᠭᠦᠯᠭᠦᠭ᠍ᠰᠡᠨ ᠳᠤᠷᠠᠰᠤᠯ ᠊᠊᠊᠊᠊᠊᠊᠊᠊᠊᠊᠊᠊᠊᠊
ᠮᠢᠨᠤ ᠬᠠᠢ᠌ᠷᠠᠳᠠᠢ ᠪᠠᠭ᠎ᠠ ᠰᠤᠷᠭᠠᠭᠤᠯᠢ᠃》 (《ᠮᠢᠨᠤ ᠬᠠᠢ᠌ᠷᠠᠳᠠᠢ ᠪᠠᠭ᠎ᠠ ᠰᠤᠷᠭᠠᠭᠤᠯᠢ》) ᠳᠤᠰ ᠪᠠᠳᠠᠭ ᠲᠤ 《ᠪᠣᠯᠠᠮᠠᠭ᠂ ᠪᠣᠷᠠᠭ᠎ᠠ ᠪᠠᠭ᠎ᠠ ᠨᠠᠰᠤᠨ᠂ ᠪᠣᠷᠮ᠎ᠠ ᠭᠦᠯᠭᠦᠭᠦ》 ᠵᠡᠷᠭᠡ ᠨᠤᠳᠤᠭ ᠤᠨ ᠭᠡᠯᠡᠯᠭᠡ ᠢ ᠰᠢᠯᠦᠭᠯᠢᠭ᠌ ᠭᠡᠯᠡ ᠵᠦᠢ᠌ ᠶᠢᠨ ᠠᠷᠭ᠎ᠠ ᠪᠠᠷ ᠰᠡᠳᠬᠢᠯᠵᠢᠭᠦᠯᠦᠭ᠍ᠰᠡᠨ ᠪᠠᠢ᠌ᠬᠤ ᠳᠤ᠂
《ᠮᠠᠭᠢᠷ ᠭᠠᠷ
ᠠᠶᠤᠤ ᠳᠠᠯ᠎ᠠ ᠪᠠᠨ ᠴᠤ
ᠮᠠᠭᠠᠤᠨ ᠥᠭᠡᠢ
ᠭᠡᠮᠡᠨ
ᠨᠢᠭᠡ ᠭᠤᠤᠯ ᠤᠨ ᠨᠤᠬᠠᠢ᠌ᠰ
ᠬᠤᠶᠠᠷ ᠳᠠᠢ᠌ᠰᠢ ᠪᠠᠨ ᠬᠤᠴᠠᠪᠠᠢ᠃》 (《ᠪᠣᠷᠤᠭᠤ ᠬᠠᠯᠢᠶᠠᠭᠰᠠᠨ ᠡᠷᠭᠢ》) ᠭᠡᠭᠦ ᠪᠠᠳᠠᠭ ᠲᠤ᠂ ᠠᠷᠠᠤᠨ ᠤᠨ ᠠᠮᠢᠳᠤ ᠶᠠᠷᠢᠶᠠᠨ ᠤ 《ᠮᠠᠭᠢᠷ ᠭᠠᠷ ᠠᠶᠤᠤ ᠳᠠᠯ᠎ᠠ ᠪᠠᠨ》᠂ 《ᠨᠢᠭᠡ ᠭᠤᠤᠯ ᠤᠨ ᠨᠤᠬᠠᠢ ᠠᠶᠤᠤ ᠳᠠᠯ᠎ᠠ ᠪᠠᠨ ᠬᠤᠴᠠᠨ᠎ᠠ》 ᠭᠡᠭᠦ ᠭᠡᠪᠰᠢᠮᠡᠯ ᠭᠡᠯᠡᠴᠡ ᠳᠤ ᠰᠠᠨᠠᠭ᠎ᠠ ᠠᠬᠤᠢ ᠶᠢᠨ ᠡᠪᠳᠡᠯᠭᠡ ᠭᠢᠵᠤ ᠳᠦᠷᠰᠤ ᠬᠤᠪᠢᠷᠭᠠᠯᠳᠠ ᠡᠭᠦᠰᠭᠡᠭ᠍ᠰᠡᠨ ᠶᠢᠡᠷ ᠭᠦᠨ ᠣᠬᠠᠭᠠᠠᠴᠢ ᠴᠢᠨᠠᠷ ᠲᠡᠶ ᠰᠡᠩᠭᠡᠷᠡᠭᠦᠯᠦᠯ ᠤᠨ ᠦᠷ᠎ᠡ ᠨᠥᠯᠦᠭᠡ ᠭᠠᠷᠭᠠᠵᠠᠢ᠃ 《ᠣᠢ᠌ᠯᠠ ᠶᠢᠨ ᠦᠷᠠᠨ》 ᠭᠡᠳᠡᠭ᠌ ᠭᠠᠯ ᠳᠣᠢ᠌ᠮᠠᠷ ᠤᠨ ᠭᠠᠮᠰᠢᠭ ᠤᠨ ᠳᠤᠬᠠᠢ ᠰᠠᠷᠠᠮᠵᠢᠯᠠᠯ ᠤᠨ ᠰᠢᠯᠦᠭ᠌ ᠲᠡᠭᠡᠨ᠄
《ᠳᠣᠢ᠌ᠮᠠᠷ ᠤᠨ ᠣᠯᠠᠭᠠᠨ ᠭᠡᠯᠡᠨ ᠤ
ᠳᠦᠭᠦᠭᠡᠢ ᠪᠣᠯᠤᠭᠰᠠᠨ ᠬᠤᠶᠠᠷ ᠰᠤᠷᠭᠠᠮᠵᠢ
ᠳᠡᠭᠦᠨ ᠡᠴᠠ ᠭᠠᠰᠢᠭᠤᠨ ᠳᠠᠷᠠᠰᠤ ᠵᠢ
ᠪᠢ ᠣᠤᠭᠤᠵᠤ ᠥᠵᠡᠭᠡᠳᠦᠢ》 ᠭᠡᠵᠤ ᠳᠤᠬᠠᠢ ᠭᠠᠵᠠᠷ ᠣᠷᠤᠨ ᠤ ᠳᠤᠭᠳᠠᠮᠠᠯ ᠭᠡᠯᠡᠯᠭᠡ (《ᠳᠦᠭᠦᠭᠡᠢ ᠪᠣᠯᠤᠭᠰᠠᠨ (ᠭᠡᠳᠤᠨ) ᠬᠤᠨᠢᠨ ᠤ ᠮᠢᠬᠠᠨ》 ᠭᠡᠭᠦ ᠭᠡᠯᠡᠯᠭᠡ ᠬᠤᠪᠣᠭᠰᠠᠢ᠌ᠷᠢ ᠶᠢᠨ ᠬᠤᠷᠢᠮ ᠳᠤ ᠦᠷᠭᠦᠯᠵᠢ ᠭᠡᠯᠡᠭ᠍ᠳᠡᠳᠡᠭ᠌) ᠳᠤ ᠣᠬᠠᠮᠰᠠᠷᠳᠠᠢ ᠣᠷᠠᠯᠢᠭ ᠡᠪᠳᠡᠯᠭᠡ ᠭᠢᠵᠤ᠂ 《ᠰᠤᠷᠭᠠᠮᠵᠢ》 ᠵᠢ 《ᠳᠠᠷᠠᠰᠤ》 ᠪᠣᠯᠭᠠᠨ ᠭᠡᠮᠨᠡᠵᠤ ᠣᠤᠭᠤᠭᠰᠠᠨ ᠣᠢ᠌ᠯᠠ ᠶᠢᠨ ᠪᠠᠢ᠌ᠴᠠ ᠪᠠᠷ 《ᠭᠠᠰᠢᠭᠤᠨ》 ᠊ᠤ ᠴᠡᠭᠡᠷ ᠦᠭᠭᠦᠭ᠍ᠰᠡᠨ ᠪᠠᠢ᠌ᠨ᠎ᠠ᠃ ᠺᠠ᠊·ᠴᠠᠷᠠᠠᠳᠤᠷᠵᠢ ᠶᠢᠨ ᠰᠢᠯᠦᠭ᠌ ᠲᠤ ᠡᠨᠡ ᠮᠠᠳᠤ 《ᠨᠡᠮᠰᠡᠭ᠌ ᠳᠠᠪᠠᠯ᠂ ᠭᠡᠴᠡ ᠶᠢᠨ ᠣᠰᠤ ᠰᠢᠭ᠂ ᠬᠤᠰᠠᠷᠠᠩ ᠥᠭᠡ᠂ ᠰᠡᠯᠪᠠᠭ᠌ ᠪᠣᠯᠳᠠᠭ᠂ ᠳᠠᠷᠠᠮ ᠤᠨ ᠥᠳᠡᠭᠡᠷᠢ ᠰᠢᠭ᠌᠂ ᠁》᠂ 《ᠤᠢ᠌ᠷ᠎ᠡ ᠪᠠᠢ᠌ᠪᠠᠯ ᠭᠡᠳᠡᠰᠤ ᠡᠪᠠᠳᠦᠨ᠎ᠡ᠂ ᠬᠤᠯᠠ ᠪᠠᠢ᠌ᠪᠠᠯ ᠳᠤᠯᠤᠭᠠᠢ ᠡᠪᠠᠳᠦᠨ᠎ᠡ᠃》 (《ᠨᠠᠢ᠌ᠵᠠ》) ᠭᠡᠭᠦ ᠵᠡᠷᠭᠡ ᠤᠢ᠌ᠷᠠᠤᠨ ᠤᠨ ᠠᠮᠠᠨ ᠠᠶᠠᠯᠭᠤ ᠶᠢᠨ ᠥᠭᠡᠰ᠂ ᠦᠪᠡᠷᠮᠢᠴᠠ ᠭᠡᠯᠡᠴᠡ ᠶᠢᠨ ᠦᠨᠦᠷ ᠠᠮᠳᠠ ᠲᠡᠶ ᠮᠦᠷ ᠪᠠᠳᠠᠭ ᠵᠥᠩᠳᠡᠭᠡᠨ ᠬᠠᠷᠠᠭᠳᠠᠨ᠎ᠠ᠃
(ᠭᠤᠷᠪᠠ) ᠳᠤᠷᠭᠤᠳ ᠠᠷᠠᠤᠨ ᠤᠨ ᠳᠠᠭᠤᠤ ᠡᠴᠠ ᠰᠢᠮ᠎ᠠ ᠳᠡᠵᠢᠭᠡᠯ ᠭᠦᠷᠳᠡᠪᠡ᠃
ᠺᠠ᠊·ᠴᠠᠷᠠᠠᠳᠤᠷᠵᠢ ᠰᠢᠯᠦᠭ᠌ ᠤᠨ ᠭᠡᠮᠨᠡᠯ᠂ ᠳᠤᠳᠤᠭᠠᠳᠤ ᠬᠤᠯᠪᠣᠴᠠ ᠶᠢᠨ ᠠᠮᠢᠳᠤᠯᠢᠭ ᠴᠢᠯᠦᠭᠡᠳᠡᠢ ᠪᠠᠢ᠌ᠬᠤ ᠶᠢ ᠣᠠᠴᠠᠯᠠᠨ ᠠᠩᠬᠠᠷᠴᠤ᠂ ᠰᠢᠯᠦᠭ᠌ ᠤᠨ ᠭᠡᠮᠨᠡᠯ ᠢ ᠣᠯᠠᠮᠵᠢᠯᠠᠯ ᠤᠨ ᠰᠠᠭᠤᠷᠢᠨ ᠳᠡᠭᠡᠷ᠎ᠡ ᠰᠢᠨᠠᠴᠢᠯᠠᠯ ᠭᠢᠭᠦ ᠵᠤᠷᠢᠯᠭ᠎ᠠ ᠪᠠᠷ ᠠᠷᠠᠤᠨ ᠤᠨ ᠳᠠᠭᠤᠨ ᠤ ᠭᠡᠮᠨᠡᠯ ᠡᠴᠠ ᠰᠢᠮ᠎ᠠ ᠳᠡᠵᠢᠭᠡᠯ ᠠᠪᠴᠤ ᠳᠡᠭᠦᠨ ᠢ ᠣᠷᠠᠯᠢᠭ ᠮᠠᠳᠠᠷᠠᠮᠵᠢ ᠶᠢᠨ ᠠᠷᠭ᠎ᠠ ᠪᠡᠷ ᠰᠢᠨᠡᠴᠢᠯᠡᠭ᠍ᠰᠡᠨ ᠵᠣᠢ᠌ᠯ ᠨᠢᠭᠡ ᠭᠡᠰᠡᠭ᠌ ᠪᠠᠢ᠌ᠨ᠎ᠠ᠃ ᠵᠢᠱᠢᠶᠠᠯᠠᠪᠠᠯ᠄
《ᠰᠡᠷᠭᠡ ᠶᠢᠨ ᠠᠭᠤᠯᠠ ᠳᠤ ᠴᠠᠰᠤᠨ ᠣᠷᠤᠵᠤ
ᠰᠠᠳᠠᠷᠳᠤ ᠳᠠᠷᠵᠠᠢ ᠳᠤ ᠬᠤᠷ᠎ᠠ ᠱᠠᠭᠢᠪᠠ
ᠰᠡᠳᠭᠢᠯ ᠤᠨ ᠦᠨᠳᠦᠷ ᠲᠤ ᠰᠠᠷ᠎ᠠ ᠊ᠭ᠍ᠬᠢᠷᠳᠦᠪᠠᠴᠤ
ᠢᠳᠡᠭᠡᠯ ᠤᠨ ᠣᠳᠤᠷ ᠲᠤ ᠨᠠᠷᠠ ᠬᠤᠳᠤᠯᠠᠪᠠ᠃》 (《ᠲᠤᠬᠢᠶᠠᠯᠭᠠᠨ》) ᠡ᠊ᠨᠳᠡ ᠠᠷᠠᠤᠨ ᠤᠨ ᠳᠠᠭᠤᠤ ᠶᠢᠨ ᠠᠶ᠎ᠠ ᠭᠡᠮᠨᠡᠯ ᠶᠢᠡᠷ ᠰᠢᠯᠦᠭ᠌ ᠤᠨ ᠠᠢ᠌ᠵᠠᠮ ᠡᠭᠡᠯᠡᠭ᠍ᠰᠡᠨ ᠪᠣᠯᠪᠠᠴᠤ ᠴᠢᠨᠠᠭᠰᠢ ᠪᠠᠨ ᠡᠮᠦᠨᠡᠭᠢ ᠬᠤᠶᠠᠷ ᠮᠦᠷ ᠤᠨ ᠠᠬᠤᠢ ᠶᠢᠨ ᠭᠦᠦᠷᠨᠢᠯ ᠢ ᠳᠠᠷᠠᠭᠠᠴᠢ ᠶᠢᠨ ᠬᠤᠶᠠᠷ ᠮᠦᠷ ᠲᠤ ᠰᠠᠨᠠᠭᠠᠨ ᠤ ᠳᠦᠷᠢ ᠪᠣᠯᠭᠠᠨ ᠣᠶᠠᠩᠭ᠋ᠠᠯᠠᠭᠰᠠᠨ ᠶᠢᠡᠷ 《ᠭᠦᠦᠷᠨᠢᠯ ᠣᠶᠠᠩᠭ᠋ᠠᠯᠠᠯ》 ᠡᠴᠠ 《ᠤᠶᠠᠩᠭ᠎ᠠ ᠶᠢᠨ ᠭᠦᠦᠷᠨᠢᠯ》 ᠡᠭᠦᠰᠭᠡᠵᠤ᠂ 《ᠠᠬᠤᠢ ᠰᠠᠨᠠᠭ᠎ᠠ》 ᠡᠴᠠ 《ᠰᠠᠨᠠᠭ᠎ᠠ ᠠᠬᠤᠢ》 ᠪᠣᠯᠭᠠᠨ ᠰᠡᠳᠬᠢᠯᠵᠢᠭᠦᠯᠦᠭ᠍ᠰᠡᠨ ᠨᠢ ᠰᠢᠨ᠎ᠡ ᠡᠭᠦᠳᠡᠯᠳᠡ ᠲᠡᠶ᠃ ᠡᠭᠦᠨ ᠳᠤ ᠣᠯᠠᠮᠵᠢᠯᠠᠯ ᠢ ᠥᠭᠦᠮᠡᠯ ᠮᠦᠷᠳᠡᠭ᠍ᠰᠡᠨ ᠪᠢᠰᠢ ᠠᠮᠢᠳᠤᠯᠢᠭ ᠪᠠᠳᠠᠷᠠᠭᠤᠯᠤᠭᠰᠠᠨ ᠨᠢ ᠳᠠᠪᠠᠮᠠᠭᠠᠢ᠃ ᠣᠴᠢᠷ ᠨᠢ ᠠᠯᠢᠪᠠ ᠰᠢᠨᠠᠴᠢᠯᠠᠯ ᠪᠣᠯ ᠣᠯᠠᠮᠵᠢᠯᠠᠯ ᠤᠨ ᠰᠠᠭᠤᠷᠢᠨ ᠳᠡᠭᠡᠷ᠎ᠡ ᠪᠣᠢ ᠪᠣᠯᠳᠠᠭ᠃ ᠡᠨᠡ ᠵᠢᠱᠢᠶᠠᠨ ᠳᠤ 《ᠳᠤᠷᠭᠤᠳ ᠤᠨ ᠨᠤᠶᠠᠬᠠᠨ ᠳᠤᠰᠢᠯᠠ》᠂ 《ᠠᠢ᠌ᠰᠤᠨᠠ》 ᠵᠡᠷᠭᠡ ᠰᠢᠯᠦᠭ᠌ ᠤᠳ ᠢ ᠳᠤᠷᠠᠳᠴᠤ ᠪᠣᠯᠤᠨ᠎ᠠ᠃
ᠭᠤᠷᠪᠠ᠂ ᠢᠯᠡᠷᠡᠭᠦ ᠭᠡᠯᠪᠠᠷᠢ ᠶᠢᠨ ᠰᠡᠪᠠᠭᠦᠨ᠂ ᠢᠯᠡᠳᠭᠡᠯ ᠠᠷᠭ᠎ᠠ ᠨᠢ ᠣᠳᠤᠭᠢᠴᠢ
ᠢᠷᠠᠭᠤ ᠨᠠᠢ᠌ᠷᠠᠭ ᠪᠣᠯ ᠰᠡᠳᠭᠢᠯ ᠤᠨ ᠰᠠᠷᠠᠮᠵᠢ ᠵᠢᠷᠦᠭᠡᠨ ᠤ ᠮᠠᠳᠠᠷᠠᠮᠵᠢ᠃ ᠢᠷᠠᠭᠤ ᠨᠠᠢ᠌ᠷᠠᠭ ᠢ ᠣᠩᠰᠢᠨ ᠰᠠᠷᠠᠵᠤ ᠣᠬᠠᠭᠠᠨ ᠳᠠᠭᠠᠨ ᠳᠤᠩᠭ᠋ᠠᠳᠠᠭ ᠣᠴᠢᠷᠳᠠᠢ᠃ ᠢᠷᠠᠭᠤ ᠨᠠᠢ᠌ᠷᠠᠭᠴᠢ ᠺᠠ᠊·ᠴᠠᠷᠠᠠᠳᠤᠷᠵᠢ ᠶᠢᠨ ᠰᠢᠯᠦᠭ᠌ ᠤᠳ ᠪᠣᠯ ᠣᠬᠠᠭᠠᠨᠠ ᠳᠤᠯᠭᠠᠵᠤ ᠣᠩᠰᠢᠬᠤ ᠰᠢᠯᠦᠭ᠌ ᠶᠤᠮ᠃ ᠨᠥᠭᠦᠷ ᠺᠠ᠊·ᠴᠠᠷᠠᠠᠳᠤᠷᠵᠢ ᠶᠢᠨ ᠵᠠᠷᠢᠮ ᠰᠢᠯᠦᠭ᠌ ᠤᠳ ᠲᠡᠭᠡᠨ ᠰᠤᠨᠸᠲ᠋᠂ ᠬᠠᠢ᠌ᠺᠦ᠋ ᠬᠠᠷᠢ ᠣᠯᠤᠰ ᠦᠨᠳᠦᠰᠦᠳᠠᠨ ᠤ ᠪᠠᠳᠠᠭᠯᠠᠯ ᠤᠨ ᠭᠡᠯᠪᠠᠷᠢ ᠶᠢ ᠠᠰᠢᠭᠯᠠᠭᠰᠠᠨ ᠮᠦᠷᠳᠡᠭᠡᠨ ᠰᠢᠯᠦᠭ᠌ ᠪᠦᠳᠦᠭᠡᠯᠭᠡ ᠶᠢᠨ ᠠᠷᠭ᠎ᠠ ᠪᠠᠷᠢᠯ ᠤᠨ ᠬᠤᠪᠢ ᠳᠤ ᠰᠢᠨ᠎ᠠ ᠡᠷᠡᠨ ᠮᠤᠩᠭ᠋ᠤᠯ ᠰᠢᠯᠦᠭ᠌ ᠳᠠᠭᠢ ᠣᠳᠤᠭᠢᠴᠢ ᠣᠷᠤᠰᠬᠠᠯ ᠪᠦᠯᠦᠭ᠌ ᠤᠨ ᠳᠦᠰᠦᠭᠯᠡᠯ᠂ ᠳᠠᠭᠠᠮᠠᠭᠯᠠᠨ ᠪᠣᠳᠤᠯᠳᠠ᠂ ᠬᠠᠮ ᠰᠠᠷᠠᠯ᠂ ᠰᠠᠨᠠᠭ᠎ᠠ ᠳᠦᠷᠢ᠂ ᠳᠦᠷᠰᠤ ᠬᠤᠪᠢᠷᠭᠠᠯ᠂ ᠮᠤᠠᠲ᠋ᠠᠢ᠌ᠭᠢ ᠣᠷᠠᠯᠢᠭ ᠵᠡᠷᠭᠡ ᠶᠢ ᠠᠮᠵᠢᠯᠳᠠ ᠲᠡᠶ ᠭᠡᠷᠡᠭᠯᠡᠵᠡᠢ᠃ ᠵᠢᠱᠢᠶᠠᠯᠠᠪᠠᠯ᠄
《ᠥᠭᠡᠷ ᠬᠠᠷ᠎ᠠ ᠴᠢᠯᠠᠭᠤᠨ ᠡᠴᠠ
ᠥᠭᠡ ᠰᠠᠭᠠᠵᠤ ᠰᠠᠭᠤᠯ᠎ᠠ
(《ᠥᠭᠡᠷ ᠳᠡᠷᠭᠡ》)
《ᠮᠤᠩᠭ᠋ᠤᠯ ᠳᠡᠦᠭᠡ
ᠮᠤᠷᠢᠨ ᠳᠦᠪᠤᠷᠬᠡᠨ ᠡᠴᠠ
ᠳᠠᠭᠠᠨᠠᠭᠯᠠᠨᠠ
ᠮᠤᠷᠢᠨ ᠳᠦᠪᠤᠷᠬᠡᠨ
ᠮᠤᠷᠢᠨ ᠬᠤᠭᠤᠷ ᠤᠨ ᠠᠶ᠎ᠠ ᠡᠴᠠ
ᠳᠠᠮᠰᠢᠶᠠᠯᠠᠭᠳᠠᠨᠠ
ᠮᠤᠷᠢᠨ ᠬᠤᠭᠤᠷ ᠤᠨ ᠠᠶ᠎ᠠ
ᠮᠦᠽᠧᠢ ᠶᠢᠨ ᠬᠠᠨ᠎ᠠ ᠡᠴᠠ
ᠳᠠᠬᠠᠰᠢᠭᠳᠠᠨᠠ》
(《ᠪᠦᠭᠦᠷᠭᠡ》)
ᠡ᠊ᠨᠳᠡ ᠳᠦᠷᠰᠤ ᠬᠤᠪᠢᠷᠭᠠᠯ᠂ ᠬᠠᠮ ᠰᠠᠷᠠᠯ ᠢ ᠦᠨᠳᠦᠰᠦᠳᠠᠨ ᠤ ᠰᠡᠳᠭᠢᠭᠦᠢ ᠶᠢᠡᠷ ᠢᠳᠡᠭᠡᠰᠢᠭᠦᠯᠤᠨ ᠭᠡᠷᠡᠭᠯᠡᠭ᠍ᠰᠡᠨ ᠨᠢ ᠳᠠᠪᠠᠭᠤ᠃ ᠳᠠᠷᠠ ᠪᠠᠷ ᠰᠢᠯᠦᠭ᠌ ᠤᠨ ᠬᠠᠷᠠᠭᠠᠨ ᠤ ᠣᠷᠠᠯᠢᠭ (ᠪᠠᠷᠢᠯᠭ᠎ᠠ ᠶᠢᠨ ᠣᠷᠠᠯᠢᠭ) ᠊ᠤᠨ ᠭᠤᠸ᠎ᠠ ᠰᠠᠢ᠌ᠬᠠᠨ ᠢ ᠢᠯᠡᠷᠡᠭᠦᠯᠭᠦ ᠳᠠᠯ᠎ᠠ ᠪᠠᠷ ᠡᠷᠢᠯ ᠬᠠᠢ᠌ᠯᠳᠠ ᠭᠢᠵᠤ ᠪᠠᠢ᠌ᠭ᠎ᠠ ᠨᠢ ᠢᠯᠡᠷᠡᠭᠡᠢ᠃
ᠦᠷᠯᠦᠭᠡ
ᠯᠤᠩᠬᠤᠨ ᠮᠠᠶᠢᠭ ᠵᠢᠠᠷ
ᠦᠷᠤᠴᠠ ᠪᠠᠨ ᠴᠤᠭᠢᠨ᠎ᠠ
ᠦᠳᠡᠯ᠎ᠠ
ᠴᠤᠩᠬᠤᠨ ᠭᠡᠯᠪᠠᠷᠢ ᠪᠠᠷ
ᠦᠶ᠎ᠡ ᠦᠭᠡᠶ ᠠᠯᠬᠤᠨ᠎ᠠ
ᠠᠰᠬᠤᠯᠠᠭᠠᠤᠨ
ᠪᠣᠩᠬᠤᠨ ᠶᠠᠩᠵᠤ ᠪᠠᠷ
ᠠᠷᠠᠭ᠎ᠠ ᠪᠠᠨ ᠬᠠᠪᠢᠷᠠᠨ᠎ᠠ᠃
ᠡᠨᠡᠭᠦ 《ᠨᠤᠢᠯ》 (ᠲ᠋ᠤᠰ ᠰᠢᠯᠦᠭ᠌ ᠤᠨ ᠮᠦᠷ ᠪᠠᠳᠠᠭᠯᠠᠯ ᠢ ᠵᠤᠬᠢᠶᠠᠭᠴᠢ ᠶᠢᠨ ᠣᠤᠯ ᠡᠭᠡ ᠶᠢ ᠰᠡᠷᠭᠦᠭᠡᠵᠤ ᠦᠷᠤᠪᠠ᠃) ᠭᠡᠮᠡᠭᠦ ᠰᠢᠯᠦᠭ᠌ ᠲᠤ᠂ ᠠᠷᠢᠭᠢᠴᠢᠨ ᠭᠦᠮᠤᠨ ᠤ ᠡᠳᠦᠷ ᠤᠨ ᠭᠤᠷᠪᠠᠨ ᠴᠠᠭ ᠤᠨ ᠪᠠᠢ᠌ᠳᠠᠯ ᠢ ᠵᠢᠷᠤᠭᠯᠠᠬᠤ ᠳᠠᠭᠠᠨ ᠠᠭᠤᠯᠭ᠎ᠠ ᠶᠢᠨ ᠳᠦᠷᠰᠦᠯᠡᠭᠦᠢ ᠭᠦᠦᠷᠨᠢᠯ ᠪᠠ ᠭᠡᠯᠪᠠᠷᠢ ᠳᠠᠳᠠᠮᠠᠯ ᠵᠢᠷᠤᠭᠯᠠᠯ ᠤᠨ ᠬᠤᠤᠰᠮᠠᠭ ᠠᠷᠭ᠎ᠠ ᠶᠢ ᠭᠡᠷᠡᠭᠯᠡᠵᠡᠢ᠃ ᠢᠯᠠᠩᠭ᠋ᠤᠶ᠎ᠠ ᠪᠠᠳᠠᠭ ᠪᠦᠷᠢ ᠶᠢᠨ ᠦᠷᠤᠯᠳᠠ ᠨᠢ ᠭᠤᠷᠪᠠᠨ ᠴᠠᠭ ᠲᠠᠭᠠᠨ ᠠᠳᠠᠯᠢ ᠦᠭᠡᠶ ᠭᠡᠯᠪᠠᠷᠢ ᠲᠡᠶ ᠪᠠᠢ᠌ᠵᠤ ᠠᠳᠠᠯᠢ ᠪᠣᠰᠤ ᠬᠠᠷᠠᠭᠠᠨ ᠳᠦᠷᠢ ᠶᠢᠨ ᠭᠤᠸ᠎ᠠ ᠭᠦᠷᠳᠡᠭᠡᠯ ᠣᠯᠭᠤᠵᠤ ᠪᠠᠢ᠌ᠨ᠎ᠠ᠃ 《ᠡᠷ᠎ᠡ ᠬᠠᠷ᠎ᠠ ᠴᠢᠯᠠᠭᠤ》 ᠳᠡᠭᠦᠪᠦᠷᠢ ᠲᠤ ᠡᠨᠡ ᠮᠠᠳᠤ ᠶᠢᠨ ᠰᠢᠯᠦᠭ᠌ ᠳᠤᠳᠤᠷ᠎ᠠ ᠵᠢᠷᠤᠭ ᠲᠡᠶ ᠵᠢᠱᠢᠶ᠎ᠠ ᠣᠯᠠᠨ ᠬᠠᠷᠠᠭᠳᠠᠨ᠎ᠠ᠃
ᠭᠦᠮᠤᠨ ᠤ ᠭᠢ ᠪᠣᠯᠵᠤ ᠠᠷᠤ ᠳᠤ ᠮᠢᠨᠢ ᠳᠤᠷᠠᠢ᠌ᠨ᠎ᠠ
ᠭᠦᠰᠡᠯ ᠤᠨ ᠭᠢ ᠪᠣᠯᠵᠤ ᠡᠮᠦᠨ᠎ᠡ ᠮᠢᠨᠢ ᠵᠢᠷᠢᠨᠠ
(《ᠵᠠᠮ》)
ᠰᠠᠩᠨᠠᠢ ᠳᠠᠯᠪᠢᠳᠠᠭ ᠴᠠᠭ ᠲᠤ ᠮᠢᠨᠢ
ᠴᠢᠠᠳᠠᠨ ᠤ ᠱᠤᠪᠣᠭᠤᠷ
ᠠᠷᠭᠠᠯᠢ ᠶᠢᠨ ᠱᠠᠭ᠎ᠠ
ᠰᠠᠬᠠᠯ ᠳᠠᠯᠪᠢᠳᠠᠭ ᠨᠠᠰᠤᠨ ᠳᠤ ᠮᠢᠨᠢ
ᠴᠢᠠᠳᠠᠨ ᠤ ᠱᠤᠪᠣᠭᠤᠷ
ᠠᠷᠢᠭᠢ ᠶᠢᠨ ᠵᠤᠮᠪᠠᠭ᠃
(《ᠴᠢᠠᠳᠠᠨ ᠤ ᠱᠤᠪᠣᠭᠤᠷ》)
ᠳᠡᠭᠡᠷᠡᠭᠢ ᠰᠢᠯᠦᠭ᠌ ᠤᠳ ᠣᠩᠰᠢᠭᠴᠢ ᠳᠤ ᠠᠭᠤᠯᠭ᠎ᠠ ᠠᠢ᠌ᠵᠠᠮ ᠡᠴᠠ ᠭᠠᠳᠠᠨ᠎ᠠ ᠪᠠᠰᠠ ᠳᠦᠷᠰᠤ ᠶᠢᠨ ᠭᠤᠸ᠎ᠠ ᠰᠠᠢ᠌ᠬᠠᠨ ᠶᠢᠡᠷ ᠰᠤᠪᠢᠭᠳᠠᠨᠠ᠃ ᠡᠭᠦᠨ ᠡᠴᠠ ᠭᠠᠳᠠᠨ᠎ᠠ᠂ 《ᠨᠤᠬᠠᠢ》᠂ 《ᠪᠣᠷᠤᠳᠠᠯ᠎ᠠ》᠂ 《ᠪᠠᠶᠠᠠᠭᠤᠤᠯ》᠂ 《ᠴᠡᠷᠢᠭ᠌ ᠡᠷᠡᠴᠦᠦᠯ》 ᠭᠡᠭᠦ ᠰᠢᠯᠦᠭ᠌ ᠤᠳ ᠳᠤᠨᠢ ᠠᠮᠢᠳᠠᠨ ᠭᠦᠮᠤᠨ ᠤ ᠣᠠᠴᠠᠯᠢᠭ᠂ ᠭᠠᠵᠠᠷ ᠣᠷᠤᠨ ᠤ ᠣᠠᠴᠠᠯᠢᠭ ᠳᠤᠳᠤᠷᠬᠠᠢ ᠪᠠᠢ᠌ᠷᠢ ᠡᠵᠡᠯᠡᠨ᠎ᠡ᠃ ᠡ᠊ᠨᠳᠡ ᠭᠡᠯᠡᠭᠦ ᠵᠣᠢ᠌ᠯ ᠭᠡᠪᠠᠯ ᠰᠢᠯᠦᠭ᠌ ᠢ ᠰᠢᠭᠤᠳ ᠵᠢᠷᠤᠭ ᠶᠢᠡᠷ ᠣᠷᠤᠯᠠᠭᠤᠯᠵᠤ ᠪᠣᠯᠳᠠᠭ ᠦᠭᠡᠶ ᠪᠣᠯᠪᠠᠴᠤ᠂ ᠣᠷᠠᠯᠢᠭ ᠭᠡᠮᠡᠭᠦ ᠨᠢᠭᠡᠨ ᠭᠡᠪᠠᠯᠢ ᠡᠴᠠ ᠳᠦᠷᠦᠭ᠍ᠰᠡᠨ ᠤ ᠣᠴᠢᠷ ᠬᠤᠶᠠᠭᠤᠯᠠ ᠳᠠᠪᠬᠤᠴᠠᠬᠤ ᠳᠠᠯ᠎ᠠ ᠲᠡᠶ᠃ ᠡᠨᠡᠭᠦ ᠭᠡᠮ ᠭᠡᠮᠵᠢᠶᠡᠨ ᠤ ᠳᠤᠳᠤᠷ᠎ᠠ 《ᠵᠠᠭᠠᠭ ᠤᠨ ᠣᠷᠠᠯᠢᠭ ᠤᠨ ᠠᠷᠭ᠎ᠠ》 ᠪᠠᠷ ᠡᠭᠦᠳᠭᠡᠯ ᠭᠢᠵᠤ ᠪᠣᠯᠤᠨ᠎ᠠ ᠭᠡᠳᠡᠭ᠌ ᠢ ᠳᠡᠭᠡᠷᠡᠭᠢ ᠰᠢᠯᠦᠭ᠌ ᠥᠢᠯᠡᠳᠦᠯᠭᠡ ᠪᠠᠷ ᠭᠡᠷᠡᠴᠢᠯᠡᠵᠤ ᠪᠠᠢ᠌ᠨ᠎ᠠ᠃ ᠡᠨᠡ ᠮᠠᠳᠤ ᠪᠠᠷ ᠺᠠ᠊·ᠴᠠᠷᠠᠠᠳᠤᠷᠵᠢ ᠨᠥᠭᠦᠷ ᠰᠢᠯᠦᠭᠯᠡᠯ ᠤᠨ ᠭᠡᠯᠪᠠᠷᠢ ᠲᠡᠭᠡᠨ ᠵᠤᠷᠢᠭᠳᠠᠢ ᠳᠤᠷᠰᠢᠴᠠ ᠭᠢᠵᠤ᠂ ᠰᠢᠯᠦᠭᠯᠡᠭᠦ ᠭᠡᠯᠪᠠᠷᠢ ᠪᠠᠨ ᠠᠳᠠᠯᠢ ᠪᠣᠰᠤ ᠭᠡᠮᠵᠢᠶ᠎ᠡ ᠪᠠᠷ ᠣᠯᠠᠰᠢᠷᠠᠭᠤᠯᠤᠨ ᠢᠳᠡᠪᠭᠡᠳᠡᠢ ᠪᠠᠷ ᠬᠠᠢ᠌ᠯᠳᠠ ᠰᠢᠨᠠᠴᠢᠯᠠᠯᠳᠠ ᠭᠢᠭ᠍ᠰᠡᠨ ᠪᠠᠢ᠌ᠨ᠎ᠠ᠃ ᠶᠠᠫᠣᠨ ᠤ ᠬᠠᠢ᠌ᠺᠦ᠋ ᠰᠢᠯᠦᠭ᠌᠂ ᠰᠤᠨᠸᠲ᠋ ᠰᠢᠯᠦᠭ᠌᠂ ᠣᠷᠤᠰ ᠤᠨ ᠱᠠᠳᠤᠯᠵᠢᠨ ᠰᠢᠯᠦᠭ᠌ ᠢ ᠨᠠᠯᠢᠶᠠᠤᠨ ᠳᠤᠷᠰᠢᠭᠰᠠᠨ᠃ ᠰᠢᠯᠦᠭ᠌ ᠤᠨ ᠳᠡᠭᠦᠪᠦᠷᠢ ᠳᠤᠳᠤᠷᠠᠭᠢ᠂ 《ᠰᠡᠭᠦᠳᠡᠷ ᠲᠡᠭᠡᠨ ᠪᠢ ᠬᠠᠢ᠌ᠷᠠᠳᠠᠢ》 (ᠰᠤᠨᠸᠲ᠋ ᠰᠢᠯᠦᠭ᠌)᠂ 《ᠮᠡᠷᠭᠡᠨ ᠳᠤ ᠭᠦᠷᠦᠭᠡᠰᠤ ᠰᠢᠬᠠᠯ᠎ᠠ》 ᠭᠡᠳᠡᠭ᠌ ᠰᠢᠯᠦᠭ᠌ ᠳᠠᠭᠢ 《ᠪᠦᠭᠦᠷᠭᠡ》 (ᠬᠠᠢ᠌ᠺᠦ) ᠭᠡᠭᠦ ᠮᠥᠴᠢᠯᠭᠡ ᠪᠣᠯ ᠡᠨᠡ ᠳᠠᠯ᠎ᠠ ᠶᠢᠨ ᠵᠢᠱᠢᠶ᠎ᠠ ᠮᠦᠨ᠃ ᠳᠡᠢ᠌ᠡᠭᠦ ᠳᠡᠭᠡᠷᠡᠭᠢ ᠰᠢᠯᠦᠭ᠌ ᠤᠳ ᠨᠢ ᠢᠷᠠᠭᠤ ᠨᠠᠢ᠌ᠷᠠᠭ ᠪᠣᠯ ᠴᠤᠯᠤ ᠭᠡᠯᠡᠨ ᠤ ᠣᠷᠠᠯᠢᠭ ᠳᠠᠳᠤᠢ ᠪᠢᠰᠢ᠂ ᠳᠦᠷᠰᠤᠳᠤ ᠣᠷᠠᠯᠢᠭ ᠢ ᠪᠠᠭᠳᠠᠭᠠᠭᠰᠠᠨ ᠬᠠᠮ ᠣᠷᠠᠯᠢᠭ ᠮᠦᠨ ᠭᠡᠳᠡᠭ᠌ ᠢ ᠳᠠᠨᠢᠵᠤ ᠠᠯᠢ ᠴᠢᠳᠠᠬᠤᠢ᠌ᠴᠠ ᠪᠠᠷ ᠰᠢᠯᠦᠭ᠌ ᠤᠨ ᠠᠭᠤᠯᠭ᠎ᠠ ᠪᠠ ᠭᠡᠯᠪᠠᠷᠢ ᠶᠢ ᠨᠢᠭᠡᠳᠭᠡᠭᠦ ᠪᠠᠷ ᠵᠤᠷᠢᠭᠰᠠᠨ ᠰᠢᠨ᠎ᠠ ᠣᠷᠤᠯᠳᠤᠯᠭ᠎ᠠ ᠨᠢ ᠰᠠᠢ᠌ᠰᠢᠶᠠᠯᠳᠠᠢ᠃
ᠪᠠᠭᠴᠠᠯᠠᠪᠠᠯ᠂ ᠰᠢᠨ᠎ᠠ ᠴᠠᠭ ᠦᠶ᠎ᠡ ᠡᠭᠡᠯᠡᠭ᠍ᠰᠡᠨ ᠡᠴᠠ ᠨᠠᠭᠠᠰᠢ᠂ ᠤᠢ᠌ᠷᠠᠤᠨ ᠤᠨ ᠮᠤᠩᠭ᠋ᠤᠯ ᠢᠷᠠᠭᠤ ᠨᠠᠢ᠌ᠷᠠᠭ ᠲᠤ ᠣᠯᠠᠨ ᠳᠠᠯ᠎ᠠ ᠶᠢᠨ ᠣᠠᠴᠠᠯᠢᠭ ᠪᠣᠶᠤ ᠦᠨᠳᠦᠰᠦᠨ ᠬᠤᠪᠢᠷᠠᠯᠳᠠ ᠢᠯᠡᠷᠡᠭ᠍ᠰᠡᠨ ᠤ ᠳᠤᠳᠤᠷ᠎ᠠ ᠺᠠ᠊·ᠴᠠᠷᠠᠠᠳᠤᠷᠵᠢ ᠶᠢᠨ ᠰᠢᠯᠦᠭ᠌ ᠦᠪᠡᠷ ᠤᠨ ᠭᠡᠰᠡᠨ ᠭᠡᠪ ᠨᠠᠮᠪᠠ ᠪᠠᠷ ᠶᠢᠡᠨ ᠣᠯᠠᠨ ᠡᠴᠠ ᠣᠠᠴᠠᠯᠠᠭᠳᠠᠨᠠ᠃ ᠺᠠ᠊·ᠴᠠᠷᠠᠠᠳᠤᠷᠵᠢ ᠪᠣᠯ ᠰᠢᠨ᠎ᠠ ᠡᠷᠡᠨ ᠡᠴᠠ ᠨᠠᠭᠠᠰᠢᠭᠢ ᠤᠢ᠌ᠷᠠᠤᠨ ᠮᠤᠩᠭ᠋ᠤᠯ ᠤᠨ ᠰᠢᠯᠦᠭ᠌ ᠤᠨ ᠳᠠᠪᠴᠠᠩ ᠳ᠋ᠠᠭᠢ ᠴᠢᠬᠤᠯᠠ ᠲᠦᠯᠦᠭᠡᠯᠡᠭ᠍ᠴᠢ᠂ ᠡᠯᠡᠰᠢ ᠦᠭᠡᠶ ᠡᠷ᠎ᠡ ᠬᠠᠷ᠎ᠠ ᠴᠢᠯᠠᠭᠤ ᠮᠦᠨ᠃
ᠰᠢᠯᠦᠭ᠌ ᠤᠨ ᠦᠨᠳᠦᠷ ᠠᠮᠵᠢᠯᠳᠠ ᠭᠦᠰᠡᠶ᠎ᠡ︕
2009.11.25
ᠵᠤᠬᠢᠶᠠᠭᠴᠢ ᠶᠢᠨ ᠬᠠᠶᠢᠭ ᠄ ᠬᠤᠪᠣᠭᠰᠠᠢ᠌ᠷᠢ ᠮᠤᠩᠭ᠋ᠤᠯ ᠥᠪᠠᠷᠳᠡᠭᠡᠨ ᠵᠠᠰᠠᠬᠤ ᠰᠢᠶᠠᠨ ᠤ ᠪᠠᠭᠰᠢ ᠶᠢᠨ ᠳᠠᠪᠳᠠᠨ ᠪᠣᠯᠪᠠᠰᠤᠷᠬᠤ ᠰᠤᠷᠭᠠᠭᠤᠯᠢ
ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 12116
ᠴᠠᠭ᠄ 2010 ᠤᠨ ᠤ 11 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ