☆ ᠭᠦᠭ᠍ᠵᠢᠯ
ᠳᠡᠩᠳᠡᠭᠦᠤ ᠳᠤᠷᠠᠰᠤᠭᠰᠠᠨ ᠴᠢᠮ᠎ᠠ ᠳ᠋ᠠᠭᠠᠨ
ᠭᠦᠰᠡᠯ ᠤᠨ ᠵᠢᠭᠦᠷ ᠢ ᠴᠤᠯᠪᠣᠭᠤᠷᠳᠠᠭᠰᠠᠨ
ᠭᠦᠭ᠍ᠵᠢᠶᠡᠨ ᠨᠠᠷᠭᠢᠶᠠᠠᠳᠤ ᠬᠤᠳᠠ ᠳᠤ ᠪᠠᠢ᠌ᠯ᠎ᠠ ᠴᠤ
ᠭᠦᠨᠦᠭ᠌ ᠪᠢᠯᠬᠠᠷᠠᠭᠰᠠᠨ ᠠᠢ᠌ᠷᠠᠭ ᠤᠨ ᠴᠡᠩᠭᠡᠷ ᠦᠨᠦᠷ ᠳᠠᠢ
ᠭᠦᠳᠡᠭᠡ ᠶᠢᠨ ᠭᠦᠭᠡ ᠰᠠᠯᠭᠢ ᠪᠠᠨ ᠮᠠᠷᠳᠠᠭ᠎ᠠ ᠦᠭᠡᠶ ᠴᠢ ᠮᠢᠨᠢ
ᠢᠷᠠᠭᠤ ᠪᠠᠢ᠌ᠭᠠᠯᠢ ᠶᠢᠨ ᠦᠷᠤᠴᠠᠨ ᠳᠤ ᠳᠡᠯᠭᠡᠷᠡᠭ᠍ᠰᠡᠨ
ᠢᠷᠭᠤᠢ ᠴᠡᠴᠡᠭ᠌ ᠰᠢᠭ᠌ ᠮᠥᠰᠢᠶᠡᠭ᠍ᠰᠡᠨ ᠴᠢᠮ᠎ᠠ ᠶᠢ ᠪᠠᠨ
ᠳᠠᠩᠴᠢ ᠰᠦᠷᠡᠭᠡᠢ ᠰᠠᠨᠠᠯ᠎ᠠ ᠰᠢᠤ ᠳ᠋ᠠ
ᠳᠠᠰᠤᠯᠴᠠᠬᠤ ᠯᠠ ᠭᠡᠵᠤ ᠳᠠᠨᠢᠯᠴᠠᠭᠰᠠᠨ ᠶᠤᠮ ᠰᠢᠤ
ᠠᠭᠠᠰᠢᠨ ᠤ ᠴᠢᠨᠢ ᠠᠶ᠎ᠠ ᠪᠠᠷ ᠵᠥᠭᠡᠯᠡᠨ ᠣᠷᠤᠰᠬᠤ
ᠠᠶᠠᠯᠭᠤ ᠳᠠᠭᠤᠤ ᠰᠢᠭ ᠢᠷᠠᠭᠤᠬᠠᠨ ᠥᠭᠡ ᠴᠢᠨᠢ
ᠬᠠᠨᠢᠰᠬᠤ ᠴᠡᠩᠭᠡᠷ ᠬᠤᠷᠸ᠎ᠠ ᠳ᠋ᠤ
ᠬᠠᠯᠠᠭᠤᠨ ᠵᠢᠷᠦᠭᠡ ᠶᠢ ᠮᠢᠨᠢ ᠣᠶᠠᠷᠠᠭᠤᠯᠵᠤ ᠰᠠᠨᠠᠭᠳᠠᠭᠤᠯᠤᠨ᠎ᠠ
ᠳᠤᠷᠠᠯᠠᠬᠤ ᠭᠡᠵᠤ ᠬᠠᠢ᠌ᠷ᠎ᠠ ᠣᠠᠳᠤᠷᠳᠠᠭ ᠶᠤᠮ ᠤᠤ
ᠳᠤᠷᠠᠰᠬᠤ ᠭᠡᠵᠤ ᠰᠢᠯᠦᠭ᠌ ᠤᠨ ᠣᠩᠭ᠋ᠤᠳ ᠭᠦᠭᠯᠡᠳᠡᠭ᠌ ᠶᠤᠮ ᠤᠤ
ᠰᠤᠳᠤᠷ ᠰᠢᠭ ᠡᠷᠭᠢᠭᠦ ᠠᠮᠢᠳᠤᠷᠠᠯ ᠤᠨ
ᠰᠤᠳᠠᠯ ᠰᠢᠭ ᠰᠥᠯᠵᠢᠭ᠍ᠰᠡᠨ ᠭᠦᠮᠤᠨ ᠤ ᠣᠷᠤᠰᠬᠠᠯ ᠳ᠋ᠤ
ᠭᠦᠭᠡᠷᠡᠭᠦ ᠳᠠᠯ᠎ᠠ ᠪᠠᠨ ᠡᠯᠢᠭᠡᠳᠡᠵᠤ ᠦᠰᠦᠭ᠍ᠰᠡᠨ
ᠭᠦᠭᠡ ᠳᠡᠭ᠍ᠷᠢ ᠶᠢᠨ ᠣᠳᠤᠨ ᠤ ᠮᠢᠨᠢ
ᠭᠦᠷᠦᠰᠦᠳᠤ ᠳᠡᠯᠡᠭᠡᠢ ᠳᠤ ᠵᠢᠷᠦᠭᠡ ᠵᠢᠷᠦᠭᠡ ᠪᠠᠨ ᠬᠤᠯᠪᠣᠵᠤ
ᠭᠦᠪᠦᠷᠡᠭᠦ ᠣᠬᠠᠭᠠᠨ ᠳᠠᠭᠠᠨ ᠰᠡᠳᠭᠢᠯ ᠰᠡᠳᠭᠢᠯ ᠶᠢᠡᠨ ᠲᠦᠰᠢᠯᠴᠠᠶᠠ ᠭᠡᠭᠦ
ᠬᠠᠶᠢᠭ ᠳᠡᠷᠡᠯᠡᠭ᠍ᠰᠡᠨ ᠬᠠᠨᠢ ᠶᠢᠨ ᠵᠠᠭᠢᠶ᠎ᠠ
ᠬᠠᠢ᠌ᠯᠭᠠᠨ ᠵᠢᠷᠦᠭᠡᠨ ᠳᠤ ᠥᠭᠡᠢ᠌ᠯᠡᠭ᠍ᠳᠡᠭᠡᠳ ᠪᠠᠢ᠌ᠨ᠎ᠠ
ᠭᠡᠭᠡᠨ ᠣᠷᠴᠢᠯᠠᠩ ᠳᠤ ᠳᠤᠷᠠᠰᠬᠤ ᠶᠢᠨ ᠰᠠᠢ᠌ᠬᠠᠨ ᠵᠢᠷᠭᠠᠯ ᠢ
ᠭᠡᠷᠡᠯ ᠶᠢᠡᠨ ᠠᠰᠬᠠᠭᠠ ᠮᠥᠩᠭᠦᠨ ᠰᠠᠷᠠᠨ ᠡᠴᠡ ᠮᠡᠳᠡᠷᠡᠭ᠍ᠰᠡᠨ ᠶᠤᠮ
ᠰᠠᠷᠠᠭᠤᠯ ᠬᠤᠷᠸ᠎ᠠ ᠳᠤ ᠣᠴᠠᠷᠠᠬᠤ ᠠᠠᠳᠠ ᠶᠢᠨ ᠡᠷᠭᠢᠮ ᠢ
ᠰᠡᠳᠭᠢᠯ ᠤᠨ ᠳᠠᠭᠢᠨᠢ ᠡᠴᠡ ᠣᠬᠠᠭᠠᠭᠰᠠᠨ ᠶᠤᠮ ᠡ
ᠳᠠᠰᠬᠤ ᠶᠢᠨ ᠡᠷᠭᠢᠨ ᠳᠤ ᠳᠤᠷᠠᠰᠤᠭᠰᠠᠨ ᠬᠤᠩᠭ᠋ᠤᠷ ᠰᠡᠳᠭᠢᠯ ᠮᠢᠨᠢ
ᠳᠠᠩᠴᠢ ᠰᠦᠷᠡᠭᠡᠢ ᠰᠠᠨᠠᠯ᠎ᠠ ᠰᠢᠤ ᠴᠢᠮ᠎ᠠ ᠶᠢ ᠪᠠᠨ
2013.10.21
ᠵᠤᠬᠢᠶᠠᠭᠴᠢ ᠶᠢᠨ ᠬᠠᠶᠢᠭ ᠄ ᠪᠠᠶᠠᠠᠨᠠᠭᠤᠷ ᠤᠨ ᠰᠤᠷᠭᠠᠨ ᠭᠦᠮᠦᠵᠢᠯ ᠤᠨ ᠳᠤᠪᠴᠢᠶ᠎ᠠ
ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10508
ᠴᠠᠭ᠄ 2013 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ