☆ ᠨᠠ᠊·ᠬᠦᠬᠡᠰᠢᠭᠤᠢ
ᠮᠤᠷᠤᠢ ᠰᠠᠷ᠎ᠠ
ᠳᠡᠭ᠍ᠷᠢ ᠳᠡᠭᠡᠷ᠎ᠡ ᠡᠯᠭᠦᠭ᠍ᠰᠡᠨ
ᠮᠤᠩᠭ᠋ᠤᠯ ᠥᠰᠦᠭ᠌ ᠤᠨ ᠭᠡᠵᠢᠭᠡ᠂
ᠭᠠᠵᠠᠷ ᠳᠡᠭᠡᠷ᠎ᠡ ᠳᠤᠰᠤᠭᠰᠠᠨ
ᠮᠤᠩᠬᠠᠭ ᠰᠥᠰᠦᠭ᠌ ᠤᠨ ᠡᠪᠠᠷ᠃
ᠳᠡᠷᠭᠡᠯᠯᠡᠶᠡ ᠭᠡᠵᠤ ᠰᠠᠨᠠᠭᠰᠠᠨ
ᠮᠠᠨ ᠤ ᠦᠨᠳᠦᠰᠦᠳᠠᠨ ᠤ ᠭᠦᠰᠡᠯ᠂
ᠳᠡᠷᠭᠡᠯᠯᠡᠵᠤ ᠭᠡᠵᠢᠶᠡᠳᠡ ᠴᠢᠳᠠᠬᠤ ᠦᠭᠡᠶ
ᠮᠠᠨᠠᠨ ᠤ ᠳᠤᠮᠳᠠᠭᠢ ᠮᠥᠭᠦᠯ᠃
ᠨᠢᠳᠤ ᠪᠠᠨ ᠠᠨᠢᠭᠠᠤᠨ
ᠥᠯᠡᠳᠡᠭ᠍ᠰᠡᠨ ᠭᠦᠮᠦᠰᠭᠡ᠂
ᠨᠢᠭᠤᠷ ᠶᠢᠡᠨ ᠣᠭᠢᠶᠠᠭᠠᠤᠨ
ᠣᠮᠠᠷᠳᠠᠭᠰᠠᠨ ᠭᠦᠵᠦᠭᠦᠤ᠃
ᠶᠡᠭᠡ ᠡᠷᠳᠡᠨ ᠳᠤ
ᠮᠠᠳᠠᠭᠰᠠᠨ ᠨᠤᠮᠤ᠂
ᠢᠷᠡᠭᠦ ᠵᠠᠭᠤᠨ ᠳᠤ
ᠳᠠᠯᠪᠢᠭᠰᠠᠨ ᠠᠰᠠᠭᠤᠯᠳᠠ᠃
ᠮᠤᠩᠭ᠋ᠤᠯ ᠤᠨ ᠥᠡᠳᠦᠷᠯᠢᠭ᠌ ᠤᠨ
ᠮᠤᠷᠤᠢ ᠰᠠᠷ᠎ᠠ᠂
ᠮᠤᠩᠭ᠋ᠤᠯ ᠭᠦᠮᠤᠨ ᠤ
ᠮᠤᠷᠤᠢ ᠵᠠᠮ ᠡ ᠁᠁
ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3004
ᠴᠠᠭ᠄ 2005 ᠤᠨ ᠤ 06 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ