ᠨᠡᠪᠲᠡᠷᠡᠨ ᠤᠷᠤᠬᠤ
ᠭᠦᠤ ᠮᠢᠨᠢ᠂ ᠴᠢ ᠁ ᠮᠤᠩᠭ᠋ᠤᠯ

ᠪᠠᠢ᠌ᠳᠠᠭ ᠶᠢᠡᠨ ᠪᠣᠷᠠᠳᠠᠭ ᠡᠵᠢ ᠴᠢᠨᠢ ᠮᠤᠩᠭ᠋ᠤᠯ

ᠪᠠᠷᠢᠠᠳᠠᠭ ᠢ ᠴᠢᠨᠢ ᠣᠶ‍ᠢᠭᠰᠠᠨ ᠭᠠᠷ ᠮᠤᠩᠭ᠋ᠤᠯ

ᠪᠠᠷᠢᠮᠠᠯᠠᠵᠤ ᠦᠭ‍ᠭᠦᠭ᠍ᠰᠡᠨ ᠳᠠᠯᠬ᠎ᠠ ᠴᠢᠨᠢ ᠮᠤᠩᠭ᠋ᠤᠯ

ᠪᠠᠯᠭ᠎ᠠ ᠣᠯᠠᠭᠠᠨ ᠴᠢᠰᠤ ᠴᠢᠨᠢ ᠮᠤᠩᠭ᠋ᠤᠯ

ᠪᠠᠭᠢᠷᠠᠵᠤ ᠤᠬᠢᠷᠠᠭᠠᠳ ᠦᠭᠡᠶ ᠶᠠᠰᠤ ᠴᠢᠨᠢ ᠮᠤᠩᠭ᠋ᠤᠯ

ᠪᠠᠷᠠᠢ ᠭᠡᠷ ᠤᠨ ᠴᠢᠨᠢ ᠪᠠᠭᠤᠷᠢ ᠮᠤᠩᠭ᠋ᠤᠯ

ᠭᠦᠤ ᠮᠢᠨᠢ᠂   ᠴᠢ ᠁   ᠮᠤᠩᠭ᠋ᠤᠯ᠂

ᠴᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊    ᠮᠤᠩᠭ᠋ᠤᠯ︕

ᠠᠽᠢᠶ᠎ᠠ ᠳᠤ ᠰᠠᠭᠤᠷᠢᠰᠢᠭᠰᠠᠨ ᠭᠤᠯᠤᠮᠳᠠ ᠴᠢᠨᠢ ᠮᠤᠩᠭ᠋ᠤᠯ

ᠠᠯᠳᠠᠢ ᠶᠢᠨ ᠨᠢᠷᠤᠭᠤ ᠰᠢᠭ ᠳᠡᠭᠡᠳᠦᠰ ᠴᠢᠨᠢ ᠮᠤᠩᠭ᠋ᠤᠯ

ᠠᠯᠠᠯᠳᠠᠵᠤ ᠶᠠᠪᠣᠭᠰᠠᠨ ᠳᠡᠦᠭᠡ ᠴᠢᠨᠢ ᠮᠤᠩᠭ᠋ᠤᠯ

ᠠᠰᠠᠢ ᠰᠢᠭ ᠠᠪᠣᠯᠴᠠᠭᠰᠠᠨ ᠲᠦᠷᠦᠯ ᠴᠢᠨᠢ ᠮᠤᠩᠭ᠋ᠤᠯ

ᠠᠯᠳᠠᠨ ᠰᠢᠭ ᠰᠤᠷᠭᠠᠯ ᠬᠠᠢ᠌ᠷᠠᠯᠠᠳᠠᠭ ᠠᠪᠣ ᠴᠢᠨᠢ ᠮᠤᠩᠭ᠋ᠤᠯ

ᠠᠮᠢ ᠪᠠᠷ ᠶᠢᠡᠨ ᠰᠤᠯᠢᠵᠤ ᠢᠷᠡᠭ᠍ᠰᠡᠨ ᠡᠭᠡ ᠣᠷᠤᠨ ᠴᠢᠨᠢ ᠮᠤᠩᠭ᠋ᠤᠯ

ᠭᠦᠤ ᠮᠢᠨᠢ᠂   ᠴᠢ ᠁   ᠮᠤᠩᠭ᠋ᠤᠯ᠂

ᠴᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊    ᠮᠤᠩᠭ᠋ᠤᠯ ︕

ᠳᠡᠭ᠍ᠷᠢ ᠭᠠᠵᠠᠷ ᠤᠨ ᠳᠤᠮᠳᠠ ᠪᠣᠰᠤᠭ᠎ᠠ  ᠵᠤᠭᠰᠤᠭᠰᠠᠨ ᠵᠤᠷᠢᠭ ᠴᠢᠨᠢ ᠮᠤᠩᠭ᠋ᠤᠯ

ᠳᠡᠩᠭᠢᠰ ᠳᠠᠯᠠᠢ ᠶᠢ ᠳᠤᠭᠤᠯᠠᠵᠤ ᠶᠠᠪᠣᠭᠰᠠᠨ ᠮᠦᠷ ᠴᠢᠨᠢ ᠮᠤᠩᠭ᠋ᠤᠯ

ᠳᠢᠪ ᠰᠤᠨᠳᠠᠯᠠᠵᠤ ᠮᠤᠷᠢ ᠲᠡᠶ ᠪᠠᠨ  ᠲ᠋ᠤᠪᠳᠤᠯᠠᠭᠰᠠᠨ ᠳᠦᠷᠢ ᠴᠢᠨᠢ ᠮᠤᠩᠭ᠋ᠤᠯ

ᠳᠠᠭᠢᠷ ᠰᠠᠯᠢᠮ᠎ᠠ ᠪᠠᠷ ᠳᠠᠩᠭ᠋ᠠᠴᠢ ᠶᠢ ᠳᠠᠭᠵᠢᠭᠤᠯᠤᠭᠰᠠᠨ ᠵᠢᠷᠦᠭᠡ ᠴᠢᠨᠢ ᠮᠤᠩᠭ᠋ᠤᠯ

ᠳᠠᠪᠠᠨᠠ ᠵᠢᠨ  ᠨᠥᠭᠡ ᠪᠠᠷ ᠳᠡᠯᠡᠭᠡᠢ ᠵᠢ  ᠰᠥᠪᠡᠯᠡᠭ᠍ᠰᠡᠨ ᠣᠯᠤᠰ ᠴᠢᠨᠢ ᠮᠤᠩᠭ᠋ᠤᠯ

ᠳᠤᠳᠤ ᠥᠰᠦᠭ᠌ ᠶᠢᠡᠷ ᠳᠡᠦᠭᠡ ᠪᠠᠨ ᠳᠡᠮᠳᠡᠭᠯᠡᠭ᠍ᠰᠡᠨ ᠰᠤᠶᠤᠯ ᠴᠢᠨᠢ ᠮᠤᠩᠭ᠋ᠤᠯ

ᠭᠦᠤ ᠮᠢᠨᠢ᠂   ᠴᠢ ᠁   ᠮᠤᠩᠭ᠋ᠤᠯ᠂

ᠴᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊    ᠮᠤᠩᠭ᠋ᠤᠯ ︕

ᠵᠤᠬᠢᠶᠠᠭᠴᠢ᠄ ᠴᠦ᠋᠊·ᠪᠣᠯᠤᠳᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2835
ᠴᠠᠭ᠄ 2008 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ