☆ ᠪᠣᠷᠵᠢᠭᠢᠨ ᠷᠢᠠᠴᠢᠨ
ᠬᠠᠢ᠌ᠷ᠎ᠠ ᠶᠢᠨ ᠳᠤᠬᠠᠢ ᠪᠠᠳᠠᠭ ᠤᠳ
1
ᠲᠦᠮᠡᠨ ᠤ ᠳᠤᠮᠳᠠ ᠪᠠᠨ ᠣᠠᠴᠠᠭᠠᠢ ᠴᠢᠮ᠎ᠠ ᠳ᠋ᠠᠭᠠᠨ
ᠳᠡᠭᠦᠵᠤ ᠪᠢᠴᠢᠭ᠍ᠰᠡᠨ ᠳᠠᠷᠠ ᠦᠰᠦᠭ᠌ ᠤᠳ ᠢ
ᠳᠠᠷᠠ ᠨᠢᠭᠡᠨ ᠭᠡᠦᠭᠡᠨ ᠣᠯᠵᠤ ᠦᠵᠡᠭᠡᠳ
ᠳᠡᠮᠳᠡᠭᠯᠡᠨ ᠠᠪᠴᠤ ᠣᠩᠰᠢᠵᠤ ᠶᠠᠪᠣᠨ᠎ᠠ ᠭᠡᠨᠡᠮ
ᠦᠨᠡᠨ ᠰᠢᠤ ᠬᠤᠩᠭ᠋ᠤᠷ ᠮᠢᠨᠢ ᠦᠨᠡᠨ ᠡ
ᠦᠷᠤᠴᠠᠨ ᠤ ᠭᠦᠨ ᠡᠴᠠ ᠭᠢᠯᠪᠠᠵᠤ ᠭᠠᠷᠤᠭᠰᠠᠨ
ᠦᠪᠡᠷ ᠤᠨ ᠴᠢᠨᠢ ᠳᠤᠬᠠᠢ ᠣᠠᠳᠤᠷᠤᠭᠰᠠᠨ ᠦᠰᠦᠭ᠌ ᠤᠳ
ᠦᠷᠦᠭᠡᠯ ᠤᠨ ᠳᠤᠮᠳᠠ ᠳᠠᠷᠬᠠᠭᠰᠠᠨ ᠰᠢᠤ ᠳᠠᠷᠬᠠᠭᠰᠠᠨ ᠡ
2
ᠨᠢᠰᠭᠡᠭ᠍ᠰᠡᠨ ᠵᠠᠭᠢᠳᠠᠯ ᠬᠠᠷᠢᠭᠤ ᠥᠭᠡᠢ
ᠨᠢᠭᠡᠨ ᠨᠠᠮᠤᠷ ᠢ ᠥᠩᠭᠡᠷᠡᠭᠡᠯ᠎ᠡ
ᠨᠢᠭᠡ ᠯᠠ ᠥᠭᠡᠨ ᠳᠤ ᠪᠦᠳᠦᠷᠢᠭᠡᠳ
ᠨᠥᠭᠦᠭᠡᠳ ᠪᠠᠷᠠᠬᠤ ᠦᠭᠡᠶ ᠣᠰᠤᠯ ᠨᠡᠭᠡᠨ᠎ᠡ
ᠣᠰᠤᠯ ᠪᠣᠯᠤᠭᠰᠠᠨ ᠥᠭᠡ ᠪᠠᠨ ᠡᠷᠢᠭᠦ ᠳ᠋ᠤ
ᠣᠷᠤᠢ ᠶᠢᠨ ᠦᠰᠤ ᠴᠠᠢ᠌ᠴᠢᠬᠠᠭᠰᠠᠨ ᠪᠠᠢ᠌ᠯ᠎ᠠ
ᠴᠠᠢ᠌ᠷᠠᠭᠰᠠᠨ ᠦᠰᠤ ᠪᠠᠨ ᠳᠤᠭᠠᠯᠠᠬᠤ ᠳ᠋ᠤ
ᠴᠢᠨᠤ ᠳᠤᠬᠠᠢ ᠳᠤᠷᠠᠯᠠᠯ ᠳᠤᠷᠠᠢ᠌ᠵᠤ ᠪᠠᠢ᠌ᠯ᠎ᠠ
3
ᠣᠶᠠᠬᠠᠨ ᠽᠠᠠᠳᠠᠨ ᠨᠠᠰᠤ ᠮᠢᠨᠢ
ᠣᠯᠠᠭᠠᠨ ᠵᠢᠷᠦᠭᠡᠨ ᠳᠤ ᠴᠢᠨᠢ ᠣᠴᠢᠨ᠎ᠠ
ᠣᠷᠢᠬᠠᠨ ᠳᠤᠯᠠᠭᠠᠨ ᠬᠠᠷᠠᠴᠠ ᠳᠤ ᠴᠢᠨᠢ
ᠣᠷᠮ᠎ᠠ ᠰᠡᠳᠭᠢᠯ ᠮᠢᠨᠢ ᠣᠴᠢᠯᠠᠨᠠ
ᠡᠮᠨᠢᠭ᠌ ᠣᠩᠭ᠋ᠤᠨ ᠨᠠᠰᠤ ᠮᠢᠨᠢ
ᠡᠩᠭᠡᠷ ᠤᠨ ᠵᠡᠭᠦᠳᠤᠨ ᠳᠤ ᠴᠢᠨᠢ ᠡᠷᠭᠢᠴᠡᠨ᠎ᠡ
ᠡᠩᠭᠦᠷᠡᠢ ᠬᠠᠯᠠᠭᠤᠨ ᠦᠨᠦᠰᠤᠯᠳᠠ ᠳᠤ ᠴᠢᠨᠢ
ᠡᠷ᠎ᠡ ᠪᠠᠶ᠎ᠠ ᠮᠢᠨᠢ ᠵᠢᠷᠭᠠᠨ᠎ᠠ
4
ᠡᠳᠦᠷ ᠤᠨ ᠭᠡᠭᠡᠨ ᠳᠤ ᠴᠤ ᠴᠢᠮᠢ᠋ᠢ ᠰᠠᠨᠠᠨ᠎ᠠ
ᠦᠳᠡᠰᠢ ᠶᠢᠨ ᠬᠠᠷᠠᠩᠭ᠋ᠤᠢ ᠳᠤ ᠴᠤ ᠴᠢᠮᠢ᠋ᠢ ᠰᠠᠨᠠᠨ᠎ᠠ
ᠥᠩᠭᠡᠷᠡᠭᠦ ᠰᠠᠯᠭᠢᠨ ᠳᠤ ᠴᠤ ᠴᠢᠮᠢ᠋ᠢ ᠰᠠᠨᠠᠨ᠎ᠠ
ᠡᠭᠦᠯᠡ ᠪᠣᠷᠤᠭᠠᠨ ᠳᠤ ᠴᠤ ᠴᠢᠮᠢ᠋ᠢ ᠰᠠᠨᠠᠨ᠎ᠠ
ᠰᠠᠷ᠎ᠠ ᠭᠠᠷᠬᠤ ᠳᠤ ᠴᠤ ᠴᠢᠮᠢ᠋ᠢ ᠰᠠᠨᠠᠨ᠎ᠠ
ᠰᠠᠴᠤᠷᠠᠬᠤ ᠨᠠᠷᠠᠨ ᠳᠤ ᠴᠤ ᠴᠢᠮᠢ᠋ᠢ ᠰᠠᠨᠠᠨ᠎ᠠ
ᠰᠠᠨᠠᠬᠤ ᠰᠡᠳᠭᠢᠯ ᠢ ᠬᠤᠷᠢᠭᠠᠵᠤ ᠴᠢᠳᠠᠬᠤ ᠥᠭᠡᠢ
ᠽᠠᠮᠪᠣᠳᠢᠪ ᠤᠨ ᠭᠠᠵᠠᠷ ᠲᠤ ᠴᠤ ᠬᠤᠤᠰ ᠦᠭᠡᠶ ᠰᠠᠨᠠᠨ᠎ᠠ
5
ᠨᠠᠰᠤ ᠪᠠᠨ ᠪᠢ ᠮᠠᠷᠳᠠᠵᠤ ᠶᠠᠪᠣᠳᠠᠭ
ᠨᠠᠮᠳᠠᠷ ᠶᠢᠡᠨ ᠪᠢ ᠨᠠᠢ᠌ᠷᠠᠭᠯᠠᠵᠤ ᠶᠠᠪᠣᠳᠠᠭ
ᠨᠠᠮᠤᠷ ᠢ ᠪᠢ ᠮᠠᠭᠳᠠᠵᠤ ᠶᠠᠪᠣᠳᠠᠭ
ᠨᠠᠢ᠌ᠷ ᠶᠢᠡᠨ ᠪᠢ ᠨᠠᠷᠭᠢᠭᠤᠯᠵᠤ ᠶᠠᠪᠣᠳᠠᠭ
ᠴᠠᠭ ᠢ ᠪᠢ ᠠᠮᠵᠢᠵᠤ ᠶᠠᠪᠣᠳᠠᠭ
ᠴᠠᠭᠢᠷᠮ᠎ᠠ ᠶᠢ ᠪᠢ ᠰᠢᠯᠦᠭᠯᠡᠵᠤ ᠶᠠᠪᠣᠳᠠᠭ
ᠴᠠᠭᠢᠯᠳᠠᠭ ᠢ ᠪᠢ ᠵᠢᠷᠤᠵᠤ ᠶᠠᠪᠣᠳᠠᠭ
ᠴᠢᠮᠢ᠋ᠢ ᠪᠠᠨ ᠪᠢ ᠵᠡᠭᠦᠳᠦᠯᠡᠵᠤ ᠶᠠᠪᠣᠳᠠᠭ ᠡ
6
ᠥᠭᠡ ᠪᠠᠨ ᠭᠦᠮᠦᠰ ᠮᠠᠷᠳᠠᠵᠤ ᠪᠣᠯᠤᠨ᠎ᠠ
ᠥᠩᠭᠡᠷᠡᠭ᠍ᠰᠡᠨ ᠤᠴᠢᠷ ᠶᠢᠡᠨ ᠮᠠᠷᠳᠠᠵᠤ ᠪᠣᠯᠤᠨ᠎ᠠ
ᠦᠨᠦᠳᠤᠷ ᠶᠢᠡᠨ ᠥᠩᠭᠡᠷᠡᠪᠠᠯ ᠮᠡᠳᠡᠭᠦ ᠦᠭᠡᠶ ᠪᠠᠢ᠌ᠵᠤ ᠪᠣᠯᠤᠨ᠎ᠠ
ᠥᠩᠭᠡᠷᠡᠭᠡᠳ ᠭᠠᠷᠪᠠᠯ ᠡᠷᠭᠢᠵᠤ ᠪᠣᠳᠤᠬᠤ ᠦᠭᠡᠶ ᠪᠠᠢ᠌ᠵᠤ ᠪᠣᠯᠤᠨ᠎ᠠ
ᠮᠠᠷᠭᠠᠰᠢ ᠪᠠᠰᠠ ᠮᠠᠷᠳᠠᠴᠢᠬᠠᠭᠰᠠᠨ ᠪᠠᠢ᠌ᠵᠤ ᠪᠣᠯᠤᠨ᠎ᠠ
ᠮᠠᠰᠢ ᠦᠨᠡᠨ ᠨᠢᠭᠡ ᠯᠠ ᠶᠠᠭᠤᠮ᠎ᠠ ᠶᠢ ᠮᠠᠷᠳᠠᠵᠤ ᠦᠯᠤ ᠪᠣᠯᠤᠨ᠎ᠠ
ᠮᠠᠭᠠᠤᠨ ᠳᠡᠭᠦᠨ ᠢ ᠨᠢ ᠥᠭᠦᠯᠡᠨ ᠭᠡᠯᠡᠭᠦ ᠶᠤᠮ ᠪᠣᠯ
ᠮᠠᠷᠭᠤᠰᠢ ᠦᠭᠡᠶ ᠬᠠᠢ᠌ᠷ᠎ᠠ ᠯᠠ ᠪᠠᠢ᠌ᠬᠤ ᠣᠴᠢᠷᠳᠠᠢ
7
ᠬᠠᠢ᠌ᠷᠠᠯᠠᠵᠤ ᠬᠠᠯᠠᠮᠵᠢᠯᠠᠵᠤ ᠶᠠᠪᠣᠭᠰᠠᠨ
ᠬᠠᠷ᠎ᠠ ᠭᠦᠮᠤᠨ ᠣᠷᠤᠭᠤ ᠪᠠᠨ
ᠬᠠᠭᠢᠷ ᠰᠢᠷᠦᠭᠦᠨ ᠥᠭᠡ ᠢᠳᠡᠭᠦᠯᠵᠤ
ᠬᠠᠯᠠᠭᠤᠨ ᠰᠡᠳᠭᠢᠯ ᠳ᠋ᠤᠨᠢ ᠪᠢᠳᠡᠭᠡᠢ ᠴᠢᠯᠠᠭᠤ ᠰᠢᠳᠠ
ᠬᠠᠳᠠᠭᠤ ᠪᠠᠷᠭᠡ ᠡᠴᠠ ᠠᠶᠤᠳᠠᠭ ᠦᠭᠡᠶ ᠴᠤ
ᠬᠠᠷᠭᠢᠰ ᠭᠡᠴᠡᠭᠦᠤ ᠡᠴᠠ ᠰᠦᠷᠳᠡᠳᠡᠭ᠌ ᠦᠭᠡᠶ ᠴᠤ
ᠬᠠᠢ᠌ᠷ᠎ᠠ ᠰᠡᠳᠭᠢᠯ ᠨᠢ ᠶᠠᠯᠢᠮ ᠦᠭᠡᠶ ᠰᠢᠷᠬᠠᠳᠤᠬᠤ ᠡᠴᠠ
ᠬᠠᠷᠢᠨ ᠣᠬᠠᠭᠠᠨ ᠦᠭᠡᠶ ᠠᠶᠤᠳᠠᠭ ᠶᠤᠮ ᠰᠢᠤ
8
ᠠᠶᠠᠨ ᠤ ᠦᠷᠳᠡᠭᠡᠨ ᠳᠤ ᠠᠭᠤᠯᠵᠠᠭᠰᠠᠨ
ᠠᠩᠬᠠᠨ ᠤ ᠬᠠᠷᠠᠴᠠ ᠪᠠᠨ ᠪᠢ ᠳᠤᠷᠠᠰᠳᠠᠭ ᠶᠤᠮ
ᠠᠯᠤᠰ ᠤᠨ ᠣᠳᠠᠰᠤ ᠶᠢ ᠴᠢᠨᠢ ᠳᠤᠰᠤᠭᠰᠠᠨ
ᠠᠩᠬᠠᠨ ᠤ ᠰᠤᠨᠤᠷ ᠶᠢᠡᠨ ᠪᠢ ᠴᠢᠩᠨᠠᠳᠠᠭ ᠶᠤᠮ ᠡ
ᠠᠯᠢᠮᠠᠨ ᠬᠠᠴᠠᠷ ᠢ ᠴᠢᠨᠢ ᠥᠨᠦᠰᠦᠭ᠍ᠰᠡᠨ
ᠠᠩᠬᠠᠨ ᠤ ᠰᠠᠷᠠᠯ ᠶᠢᠡᠨ ᠪᠢ ᠡᠷᠢᠳᠡᠭ᠌ ᠶᠤᠮ
ᠠᠮᠠᠷᠠᠭ ᠲᠠᠭᠠᠨ ᠰᠢᠯᠦᠭ᠌ ᠪᠢᠴᠢᠭ᠍ᠰᠡᠨ
ᠠᠩᠬᠠᠨ ᠤ ᠮᠦᠴᠡ ᠪᠠᠨ ᠪᠢ ᠰᠠᠨᠠᠭᠠᠯᠵᠠᠳᠠᠭ ᠶᠤᠮ ᠡ
9
ᠶᠠᠪᠣᠬᠤ ᠦᠭᠡᠶ ᠭᠡᠰᠡᠨ ᠭᠠᠵᠠᠷ ᠳᠤ
ᠶᠠᠪᠣᠵᠤ ᠪᠣᠯᠤᠨ᠎ᠠ ᠵᠤᠭᠰᠤᠵᠤ ᠪᠣᠯᠬᠤ ᠥᠭᠡᠢ
ᠶᠠᠷᠢᠬᠤ ᠦᠭᠡᠶ ᠭᠡᠰᠡᠨ ᠣᠴᠢᠷ ᠢ
ᠶᠠᠷᠢᠵᠤ ᠪᠣᠯᠤᠨ᠎ᠠ ᠶᠠᠪᠣᠭᠳᠠᠭᠤᠯᠵᠤ ᠪᠣᠯᠬᠤ ᠥᠭᠡᠢ
ᠶᠠᠮᠠᠷ ᠭᠡᠦᠭᠡᠨ ᠲᠡᠶ ᠭᠡᠳ
ᠶᠠᠷᠢᠯᠴᠠᠵᠤ ᠪᠣᠯᠤᠨ᠎ᠠ ᠢᠨᠠᠭᠯᠠᠵᠤ ᠪᠣᠯᠬᠤ ᠥᠭᠡᠢ
ᠶᠠᠭᠠᠭᠢᠭᠠᠤᠨ ᠶᠤᠮ ᠪᠣᠯ ᠭᠡᠪᠠᠯ
ᠢᠨᠠᠭ ᠤᠨ ᠰᠠᠭᠤᠳᠠᠯ ᠳᠤ ᠡᠵᠡᠨ ᠲᠡᠶ ᠡᠴᠠ
10
ᠴᠠᠰᠤ ᠣᠷᠤᠬᠤ ᠪᠠᠷ
ᠴᠢᠮᠢ᠋ᠢ ᠨᠢᠭᠡ ᠬᠠᠷᠠᠪᠠᠯ ᠳ᠋ᠠ
ᠴᠠᠭᠢᠯᠳᠠᠭ ᠭᠦᠭᠡᠷᠡᠭᠦ ᠪᠠᠷ
ᠴᠢᠮᠢ᠋ᠢ ᠨᠢᠭᠡ ᠦᠵᠠᠪᠠᠯ ᠳ᠋ᠠ
ᠴᠠᠭ ᠴᠠᠭ ᠵᠢᠠᠷ
ᠴᠢᠮᠢ᠋ᠢ ᠨᠢᠭᠡ ᠵᠢᠷᠤᠪᠠᠯ ᠳ᠋ᠠ
ᠴᠢᠩᠭ᠎ᠠ ᠴᠢᠩᠭ᠎ᠠ ᠪᠠᠷ
ᠴᠢᠮᠢ᠋ᠢ ᠨᠢᠭᠡ ᠦᠨᠦᠰᠪᠠᠯ ᠳ᠋ᠠ
11
ᠬᠠᠢ᠌ᠷᠠᠳᠠᠢ ᠭᠡᠵᠤ ᠲᠦᠮᠡ ᠳᠠᠪᠳᠠᠭᠠᠤᠨ ᠭᠡᠷᠡᠭ᠌ ᠥᠭᠡᠢ
ᠬᠠᠷᠢᠭᠤᠯᠳᠠ ᠪᠣᠯᠭᠠᠵᠤ ᠬᠠᠮᠤᠭ ᠨᠠᠰᠤ ᠪᠠᠷ ᠶᠢᠡᠨ ᠰᠢᠯᠭᠠᠭᠤᠯᠤᠨ᠎ᠠ
ᠠᠯᠳᠠ ᠯᠠ ᠶᠤᠮ ᠪᠣᠯ ᠰᠢᠵᠢᠷᠳᠠᠨᠡ
ᠠᠷᠭᠠᠯ ᠶᠤᠮ ᠪᠣᠯ ᠦᠨᠡᠰᠤᠷᠠᠨᠡ
ᠬᠠᠢ᠌ᠷᠠᠳᠠᠢ ᠭᠡᠵᠤ ᠭᠡᠯᠡᠭᠦ ᠦᠭᠡᠶ ᠪᠠᠢ᠌ᠵᠤ ᠪᠣᠯᠤᠨ᠎ᠠ
ᠬᠠᠢ᠌ᠷ᠎ᠠ ᠪᠠᠷ ᠣᠴᠢᠵᠤ ᠭᠢᠭᠦ ᠦᠭᠡᠶ ᠪᠠᠢ᠌ᠵᠤ ᠦᠯᠤ ᠪᠣᠯᠤᠨ᠎ᠠ
ᠬᠠᠢ᠌ᠷᠠᠯᠠᠭᠰᠠᠨ ᠯᠠ ᠶᠤᠮ ᠪᠣᠯ ᠭᠡᠵᠢᠶ᠎ᠡ ᠴᠤ ᠭᠡᠰᠡᠨ
ᠬᠠᠢ᠌ᠷ᠎ᠠ ᠶᠢ ᠬᠠᠢ᠌ᠷ᠎ᠠ ᠪᠠᠷ ᠬᠠᠷᠢᠭᠤᠯᠤᠭᠰᠠᠨ ᠪᠠᠢ᠌ᠬᠤ ᠣᠴᠢᠷᠳᠠᠢ
12
ᠰᠠᠢ᠌ᠬᠠᠨ ᠭᠦᠮᠤᠨ ᠤ ᠵᠡᠭᠦᠳᠤ
ᠰᠠᠷᠠᠨ ᠡᠴᠠ ᠵᠢᠰᠤ ᠵᠢᠭᠡᠯᠡᠨ᠎ᠡ
ᠰᠠᠨᠠᠭᠰᠠᠨ ᠭᠦᠮᠤᠨ ᠤ ᠭᠦᠰᠡᠯ
ᠰᠠᠷᠬᠤᠤᠨ ᠡᠴᠠ ᠰᠠᠨᠠᠭ᠎ᠠ ᠵᠢᠭᠡᠯᠡᠨ᠎ᠡ
ᠰᠠᠨᠠᠯ ᠪᠣᠳᠤᠯ ᠤᠨ ᠭᠦᠴᠤᠨ ᠳ᠋ᠤ
ᠰᠠᠷ᠎ᠠ ᠳᠡᠷᠭᠡᠯ ᠵᠡᠭᠦᠳᠤ ᠱᠠᠩᠨᠠᠨ᠎ᠠ
ᠰᠠᠨᠠᠨ ᠰᠠᠨᠠᠨ ᠰᠢᠮᠡᠭᠦ ᠳ᠋ᠤ
ᠰᠠᠷᠬᠤᠤᠨ ᠳᠤᠷᠠᠯᠠᠯ ᠤᠨ ᠭᠠᠯ ᠢ ᠭᠦᠭ᠍ᠵᠢᠭᠡᠨ᠎ᠡ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2906
ᠴᠠᠭ᠄ 2012 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ