☆ ᠭᠦᠷᠵᠡᠪ
ᠮᠥᠩᠭᠡ ᠳᠤᠷᠠᠰᠤᠭᠳᠠᠬᠤ ᠠᠯᠳᠠᠷ
1992 ᠣᠨ ᠤ ᠨᠠᠮᠤᠷ ᠤᠨ ᠡᠭᠢ ᠪᠠᠷ᠂ ᠮᠠᠨ ᠤ ᠰᠤᠷᠭᠠᠭᠤᠯᠢ ᠶᠢᠨ ᠳᠠᠯᠠᠢ (ᠣᠳᠤᠭᠢ ᠵᠠᠭᠢᠷᠤᠯ) ᠪᠢᠳᠠ ᠬᠤᠶᠠᠷ ᠬᠦᠬᠡᠬᠤᠲᠠ ᠶᠢᠨ ᠰᠤᠷᠭᠠᠨ ᠭᠦᠮᠦᠵᠢᠯ ᠤᠨ ᠳᠤᠪᠴᠢᠶᠠᠨ ᠤ ᠵᠢᠭᠠᠬᠤ ᠶᠢ ᠰᠤᠳᠤᠯᠬᠤ ᠭᠡᠷ ᠤᠨ ᠳᠠᠯᠠᠠᠳᠠᠢ ᠪᠠᠭᠰᠢ (ᠣᠳᠤ ᠳᠤᠰ ᠪᠠᠢ᠌ᠭᠤᠯᠤᠯᠭ᠎ᠠ ᠶᠢᠨ ᠠᠯᠪᠠᠨ ᠭᠡᠷ ᠤᠨ ᠡᠷᠭᠢᠯᠡᠭ᠍ᠴᠢ) ᠶᠢᠨ ᠳᠠᠭᠠᠭᠤᠯᠭ᠎ᠠ ᠲᠡᠶ ᠪᠠᠷ᠂ ᠬᠦᠬᠡᠬᠤᠲᠠ ᠡᠴᠡ ᠪᠠᠷᠠᠭᠤᠠᠰᠢ100 ᠰᠢᠬᠠᠮ ᠺᠢᠯᠤᠮᠸᠲ᠋ᠷ ᠵᠠᠢ᠌ᠳᠠᠢ ᠪᠠᠢ᠌ᠭ᠎ᠠ ᠲᠦᠮᠡᠳ ᠵᠡᠭᠦᠨ ᠬᠤᠰᠢᠭᠤᠨ ᠳᠤ᠂ ᠳᠤᠰ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠳᠤ ᠥᠵᠡᠭᠦᠯᠦᠯᠭᠡ ᠶᠢᠨ ᠭᠢᠴᠢᠶᠠᠯ ᠣᠷᠤᠬᠤ ᠪᠠᠷ ᠣᠴᠢᠭᠰᠠᠨ ᠶᠤᠮ᠃
ᠪᠢ ᠭᠡᠯᠡ ᠪᠢᠴᠢᠭ᠌ ᠤᠨ ᠭᠢᠴᠢᠶᠠᠯ ᠣᠷᠤᠵᠤ᠂ ᠳᠠᠯᠠᠢ ᠮᠠᠨᠢ ᠳᠤᠭ᠎ᠠ ᠪᠣᠳᠤᠯᠭ᠎ᠠ ᠶᠢᠨ ᠭᠢᠴᠢᠶᠠᠯ ᠣᠷᠤᠭᠰᠠᠨ᠃
ᠭᠡᠴᠢᠶᠡᠯᠯᠡᠭᠦ ᠡᠴᠡ ᠡᠮᠦᠨ᠎ᠡ ᠪᠢᠳᠠ ᠣᠷᠤᠬᠤ ᠭᠡᠵᠤ ᠪᠠᠢ᠌ᠭ᠎ᠠ ᠠᠩᠭᠢ ᠶᠢᠨ ᠶᠢᠡᠨ ᠰᠤᠷᠤᠭᠴᠢᠳ ᠤᠨ ᠨᠠᠷᠠᠰ ᠢ ᠠᠪᠴᠢᠷᠠᠵᠤ ᠥᠵᠡᠭ᠍ᠰᠡᠨ᠃ ᠭᠦᠦᠴᠦᠦᠯ ᠨᠢ ᠪᠦᠷ ᠠᠷᠳᠠᠢ᠂ ᠯᠢᠭ᠍ᠳᠡᠨ᠂ ᠬᠠᠹᠤᠩᠭ᠋᠎ᠠ᠂ ᠤᠯᠡᠭᠠᠬᠦ᠋ᠤ ᠪᠢᠰᠢ ᠪᠣᠯ ᠪᠠᠳᠤᠪᠠᠭᠠᠨ᠎ᠠ᠂ ᠴᠤᠯᠮᠤᠨ᠂ ᠡᠰᠡᠭᠦᠯ᠎ᠡ ᠬᠠᠳᠠ᠂ ᠴᠢᠯᠠᠭᠤ᠂ ᠪᠠᠭᠠᠳᠤᠷ᠂ ᠪᠠᠭᠠᠨ᠎ᠠ᠃ ᠭᠡᠦᠭᠡᠡᠴᠦᠦᠯ ᠨᠢ ᠪᠦᠷ ᠯᠠ ᠨᠠᠷᠠᠨ᠂ ᠰᠠᠷᠠᠨ᠂ ᠣᠳᠤᠨ᠂ ᠣᠯᠠᠭᠠᠨ ᠪᠢᠰᠢ ᠪᠣᠯ ᠰᠠᠷᠠᠨ᠎ᠠ᠂ ᠰᠤᠷᠤᠨ᠎ᠠ᠂ ᠢᠯᠠᠨ᠎ᠠ᠂ ᠳᠤᠶᠠᠭ᠎ᠠ᠂ ᠰᠠᠴᠠᠨ ᠭᠡᠭᠦ ᠨᠠᠷᠠᠰ᠃
ᠪᠢᠳᠠ ᠶᠡᠭᠡᠳᠡ ᠰᠤᠨᠢᠷᠬᠠᠵᠤ᠂ ᠪᠠᠭᠰᠢ ᠨᠡᠷ ᠡᠴᠡ ᠨᠢ ᠶᠠᠭᠠᠭᠢᠭᠠᠤᠨ ᠳᠠᠩᠳᠠ ᠡᠢ᠌ᠮᠦᠷᠭᠦ ᠨᠠᠷᠠᠰ ᠥᠭ᠍ᠳᠡᠭ᠌ ᠪᠣᠢ︖ ᠥᠭᠡᠷ᠎ᠡ ᠨᠠᠷᠠ ᠥᠭ᠍ᠴᠤ ᠪᠣᠯᠬᠤ ᠦᠭᠡᠶ ᠦᠦ︖ ᠭᠡᠭᠦ ᠳᠤ᠂ ᠳᠠᠳᠠ ᠡᠳᠡᠨ ᠳᠤ ᠥᠭᠡᠷ᠎ᠡ ᠨᠠᠷᠠ ᠦᠭᠭᠦ ᠶᠢᠨ ᠠᠷᠭ᠎ᠠ ᠦᠭᠡᠶ᠃ ᠥᠭᠡᠷ᠎ᠡ ᠨᠠᠷᠠ ᠥᠭ᠍ᠪᠠᠯ ᠡᠳᠡ ᠣᠢ᠌ᠯᠭᠠᠬᠤ ᠦᠭᠡᠶ᠂ ᠳᠠᠭᠤᠳᠠᠵᠤ ᠴᠢᠳᠠᠬᠤ ᠦᠭᠡᠶ᠂ ᠳᠤᠭᠳᠠᠭᠠᠵᠤ (ᠴᠡᠭᠡᠵᠢᠯᠡᠵᠤ) ᠳᠡᠢ᠌ᠯᠭᠦ ᠦᠭᠡᠶ᠃ ᠳᠠᠭᠢᠭᠠᠤᠨ ᠭᠡᠯᠡᠪᠠᠯ᠂ ᠡᠳᠡᠭᠡᠷ ᠨᠠᠷᠠ ᠨᠢ ᠪᠦᠷ ᠮᠠᠨ ᠤ ᠮᠤᠩᠭ᠋ᠤᠯ ᠤᠨ ᠠᠯᠳᠠᠷᠳᠤ ᠭᠦᠮᠦᠰ᠂ ᠨᠠᠷᠠ ᠴᠤᠤᠳᠠᠤᠨ ᠤᠨ ᠨᠠᠷᠠᠰ᠃ ᠡᠳᠡᠨ ᠳᠤ ᠭᠡᠯᠡᠵᠤ ᠳᠠᠢ᠌ᠯᠵᠤ ᠦᠭᠭᠦ ᠳᠤ ᠠᠮᠠᠷ᠂ ᠣᠢ᠌ᠯᠠᠭᠠᠭᠤᠯᠵᠤ ᠴᠡᠭᠡᠵᠢᠯᠡᠭᠦᠯᠭᠦ ᠳᠤ ᠴᠤ ᠭᠢᠯᠪᠠᠷᠬᠠᠨ ᠭᠡᠵᠤ ᠶᠠᠷᠢᠬᠤ ᠶᠤᠮ ᠪᠢᠯᠠ᠃
ᠣᠤᠯ ᠨᠢ ᠡᠳᠡᠭᠡᠷ ᠬᠡᠦᠬᠡᠳ ᠪᠣᠯ ᠡᠭᠡ ᠮᠤᠩᠭ᠋ᠤᠯ ᠭᠡᠯᠡ ᠪᠠᠨ ᠴᠤᠬᠤᠮ 《ᠠᠯᠠᠶ᠎ᠠ》 ᠭᠡᠳ ᠮᠡᠳᠡᠭᠦ ᠦᠭᠡᠶ᠂ ᠨᠢᠭᠡᠮᠦᠰᠤᠨ ᠮᠠᠷᠳᠠᠵᠤ ᠣᠷᠭᠢᠭᠰᠠᠨ ᠬᠡᠦᠬᠡᠳ ᠤᠳ ᠪᠠᠢ᠌ᠵᠠᠢ᠃ ᠳᠠᠷᠠᠴᠢᠯᠠᠨ ᠪᠦᠷ ᠭᠢᠳᠠᠤᠨ ᠨᠠᠷᠠ ᠲᠡᠶ᠃ ᠡᠳᠡᠨᠦᠰ ᠢ ᠰᠤᠷᠭᠠᠭᠤᠯᠢ ᠳᠤ ᠰᠠᠶᠢ ᠣᠷᠤᠬᠤ ᠳᠤ ᠨᠢ ᠪᠠᠭᠰᠢ ᠨᠡᠷ ᠨᠢ ᠡᠳᠡᠨ ᠢ ᠦᠨᠳᠦᠰᠦᠨ ᠡᠴᠡ ᠨᠢ ᠮᠤᠩᠭ᠋ᠤᠯᠴᠢᠯᠠᠵᠤ ᠠᠪᠬᠤ ᠶᠢᠨ ᠳᠤᠰᠠᠳᠠ᠂ ᠨᠠᠷᠠ ᠡᠴᠡ ᠨᠢ ᠡᠭᠢᠯᠡᠨ 《ᠮᠤᠩᠭ᠋ᠤᠯᠴᠢᠯᠠᠵᠤ》᠂ ᠭᠦᠮᠤᠨ ᠪᠣᠯᠭᠠᠨ ᠳᠤ ᠨᠢᠭᠡ ᠮᠤᠩᠭ᠋ᠤᠯ ᠨᠠᠷᠠ ᠥᠭ᠍ᠳᠡᠭ᠌ ᠪᠠᠢ᠌ᠵᠠᠢ᠃ ᠦᠭᠭᠦ ᠦᠭᠭᠦ ᠳᠡᠭᠡᠨ ᠪᠠᠰᠠ ᠥᠩᠭᠡᠷᠡᠤ ᠪᠣᠳᠤᠯᠢᠶᠠᠨ ᠲᠡᠶ᠂ ᠳᠠᠭᠤᠳᠠᠬᠤ ᠳᠤ ᠭᠦᠴᠢᠷ᠂ ᠭᠡᠯᠡ ᠣᠷᠢᠶᠠᠯᠳᠠᠬᠤ ᠨᠠᠷᠠ ᠶᠢ ᠥᠭ᠍ᠴᠤ ᠪᠣᠯᠬᠤ ᠦᠭᠡᠶ᠂ ᠭᠢᠯᠪᠠᠷᠬᠠᠨ ᠳᠦᠭᠦᠮ᠂ ᠭᠡᠯᠡᠵᠤ ᠶᠠᠷᠢᠬᠤ᠂ ᠴᠡᠭᠡᠵᠢᠯᠡᠵᠤ ᠳᠤᠭᠳᠠᠭᠠᠬᠤ ᠳᠤ ᠠᠮᠠᠷᠬᠠᠨ ᠨᠠᠷᠠ ᠥᠭ᠍ᠳᠡᠭ᠌ ᠪᠠᠢ᠌ᠵᠠᠢ᠃ ᠢᠩᠭᠢᠭᠡᠳ ᠡᠳᠡᠨᠦᠰ ᠡᠢ᠌ᠮᠦᠷᠭᠦ ᠨᠠᠷᠠ ᠲᠡᠶ ᠪᠣᠯᠵᠠᠭᠠᠵᠠᠢ᠃
ᠡᠳᠡᠨᠦᠰ ᠤᠨ ᠨᠠᠷᠠᠰ ᠡᠢ᠌ᠮᠤ ᠯᠠ ᠭᠢᠯᠪᠠᠷᠬᠠᠨ᠂ ᠰᠢᠯᠤᠭᠤᠬᠠᠨ᠂ ᠣᠤᠠᠬ᠎ᠠ ᠠᠭᠤᠯᠭ᠎ᠠ ᠲᠡᠶ᠂ ᠣᠴᠢᠷ ᠶᠤᠰᠤ ᠲᠡᠶ᠂ ᠢᠷᠠᠯ ᠭᠠᠷᠤᠯ ᠲᠡᠶ ᠨᠠᠷᠠᠰ᠃ ᠡᠨᠡ ᠨᠢ ᠳᠠᠷᠠ ᠦᠶ᠎ᠡ ᠳᠤ ᠨᠠᠳᠠ ᠶᠡᠭᠡ ᠯᠠ ᠰᠤᠨᠢᠷᠬᠠᠯᠳᠠᠢ᠂ ᠬᠠᠴᠢᠷᠬᠠᠯᠳᠠᠢ᠂ ᠰᠠᠭᠤᠭᠳᠠᠯ ᠲᠡᠶ ᠰᠠᠨᠠᠭᠳᠠᠭᠰᠠᠨ᠃
ᠪᠢᠳᠠ ᠬᠠᠷᠢᠵᠤ ᠢᠷᠡᠭᠡᠳ ᠨᠠᠯᠢᠶᠠᠤᠨ ᠣᠷᠳᠤ ᠬᠤᠭᠤᠴᠠᠭ᠎ᠠ ᠪᠣᠯᠴᠢᠬᠠᠭᠰᠠᠨ ᠪᠠᠢ᠌ᠳᠠᠯ᠎ᠠ᠂ ᠡᠳᠡᠭᠡᠷ ᠨᠠᠷᠠᠰ ᠨᠠᠳᠠ ᠪᠣᠳᠤᠭᠳᠠᠭᠠᠤᠨ᠂ ᠰᠠᠨᠠᠭᠳᠠᠭᠠᠤᠨ ᠯᠠ ᠪᠠᠢ᠌ᠪᠠ᠃ ᠢᠩᠭᠢᠭᠡᠳ ᠪᠢ ᠳᠤᠰ ᠵᠢᠯ ᠤᠨ ᠡᠴᠦᠰ (1992᠂ 12᠂ 10 ᠤ ᠣᠷᠤᠢ) ᠲᠤ 《ᠮᠥᠩᠭᠡ ᠳᠤᠷᠠᠰᠤᠭᠳᠠᠬᠤ ᠠᠯᠳᠠᠷ》 ᠭᠡᠭᠦ ᠭᠠᠷᠴᠠᠭ ᠶᠢᠡᠷ ᠨᠢᠭᠡᠨ ᠤᠬᠤᠷ ᠰᠢᠯᠦᠭᠯᠡᠯ ᠪᠢᠴᠢᠵᠤ ᠳᠠᠳᠠᠨᠤᠰ ᠤᠨ ᠨᠠᠷᠠ ᠶᠢ ᠮᠥᠩᠭᠡ ᠳᠤᠷᠠᠳᠬᠠᠨ ᠥᠯᠡᠳᠡᠭᠦ ᠶᠢ ᠵᠤᠷᠢᠭᠰᠠᠨ ᠶᠤᠮ᠃ ᠦᠨᠦ ᠡᠨᠡᠭᠦ ᠣᠬᠤᠷ ᠰᠢᠯᠦᠭᠯᠡᠯ ᠶᠢᠡᠨ ᠡ᠊ᠨᠳᠡ ᠰᠡᠢ᠌ᠷᠡᠭᠦᠯᠪᠠᠯ᠄
ᠮᠥᠩᠭᠡ ᠳᠤᠷᠠᠰᠤᠭᠳᠠᠬᠤ ᠠᠯᠳᠠᠷ
᠊᠊᠊᠊᠊᠊᠊᠊᠊᠊᠊᠊᠊᠊᠊ ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠨᠠᠷᠠᠰ ᠢ ᠣᠩᠰᠢᠭᠠᠤᠨ
ᠠᠷᠳᠠᠢ᠂ ᠯᠢᠭ᠍ᠳᠡᠨ᠂ ᠬᠠᠹᠤᠩᠭ᠋᠎ᠠ᠂ ᠤᠯᠡᠭᠠᠬᠦ᠋ᠦ᠁
ᠠᠬ᠎ᠠ ᠲᠦᠮᠡᠳ ᠤᠨ ᠦᠷᠡᠰ ᠤᠨ ᠨᠠᠷᠠᠰ
ᠠᠪᠢᠶ᠎ᠠ ᠪᠦᠳᠤᠨ ᠮᠤᠩᠭ᠋ᠤᠯ ᠳᠠᠭᠤᠳᠠᠯᠭ᠎ᠠ
ᠠᠶᠠᠰ ᠪᠦᠷᠢᠨ ᠮᠥᠩᠭᠡ ᠳᠤᠷᠠᠰᠤᠯ
ᠠᠯᠳᠠᠷᠳᠤ ᠰᠤᠳᠤᠳᠠᠨ ᠤ ᠮᠥᠷᠦᠭᠡᠳᠦᠯ ᠭᠦᠡᠳᠦᠳᠭᠡᠯ
ᠠᠰᠠᠵᠤ ᠮᠠᠠᠳᠤᠬᠤ ᠶᠢᠨ ᠪᠠᠯᠭᠡ ᠳᠠᠮᠪᠠᠷᠢᠯ
ᠠᠴᠢᠵᠤ ᠶᠠᠪᠣᠬᠤ ᠶᠢᠨ ᠵᠤᠷᠢᠭ ᠰᠦᠯᠳᠡ
ᠠᠭᠢᠵᠤ ᠵᠠᠯᠭᠠᠮᠵᠢᠯᠠᠬᠤ ᠶᠢᠨ ᠣᠯᠠ ᠮᠦᠷ
ᠠᠯᠳᠠᠨ ᠳᠡᠯᠡᠭᠡᠢ ᠶᠢ ᠳᠡᠭᠡᠭ᠍ᠰᠢ ᠡᠷᠭᠦᠭᠦ
ᠠᠯᠠᠭᠠᠨ ᠤ ᠬᠤᠩᠬᠤᠷ ᠳᠠᠭᠢ ᠨᠢᠭᠤᠴᠠᠬᠠᠨ ᠵᠢᠷᠤᠭᠠᠰᠤ
ᠠᠯᠳᠠᠷ ᠰᠦᠷ ᠢ ᠡᠭᠦᠷᠢᠳᠡ ᠨᠠᠮᠢᠷᠠᠭᠠᠬᠤ
ᠠᠪᠣ ᠶᠢᠨ ᠭᠦᠪᠠᠭᠦᠤᠨ ᠤᠨ ᠠᠵᠠᠳᠠᠢ᠌ᠬᠠᠨ ᠰᠤᠷᠠᠭ
ᠠᠩᠭᠢᠷ ᠤᠨ ᠳᠠᠭᠤᠨ ᠲᠡᠶ ᠢᠵᠢᠯᠢᠰᠢᠵᠤ ᠳᠡᠷᠪᠠᠭᠦ
ᠠᠯᠢᠶ᠎ᠠ ᠨᠢᠯᠬᠠᠬᠠᠨ ᠭᠦᠭᠡ ᠳᠤᠭᠳᠠᠤᠨ
ᠠᠪᠣᠷᠭᠤᠴᠤᠳ ᠤᠨ ᠡᠩᠨᠡᠭᠡᠨ ᠳᠤ ᠬᠤᠰᠢᠭᠤᠷᠠᠵᠤ ᠴᠤᠯᠭᠤᠷᠠᠬᠤ
ᠠᠳᠠᠭ ᠰᠡᠭᠦᠯ ᠤᠨ ᠪᠠᠭᠠᠳᠤᠷ ᠡᠷᠡᠰ
ᠠᠷᠳᠠᠢ᠂ ᠯᠢᠭ᠍ᠳᠡᠨ᠂ ᠬᠠᠹᠤᠩᠭ᠋᠎ᠠ᠂ ᠤᠯᠠᠭᠠᠨᠬᠦ᠋ᠦ᠁
ᠠᠬ᠎ᠠ ᠲᠦᠮᠡᠳ ᠤᠨ ᠦᠷᠡᠰ ᠤᠨ ᠨᠠᠷᠠᠰ
ᠠᠪᠢᠶ᠎ᠠ ᠪᠦᠳᠤᠨ ᠮᠤᠩᠭ᠋ᠤᠯ ᠳᠠᠭᠤᠳᠠᠯᠭ᠎ᠠ
ᠠᠶᠠᠰ ᠪᠦᠷᠢᠨ ᠮᠥᠩᠭᠡ ᠳᠤᠷᠠᠰᠤᠯ︕
ᠮᠢᠨᠤ ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠶᠢᠨ ᠬᠡᠦᠬᠡᠳ ᠤᠳ ᠤᠨ ᠨᠠᠷᠠᠰ ᠢ ᠣᠩᠰᠢᠭᠠᠤᠨ ᠰᠡᠳᠭᠢᠭ᠍ᠰᠡᠨ᠂ ᠪᠢᠴᠢᠭ᠍ᠰᠡᠨ ᠰᠡᠳᠭᠢᠭ᠍ᠳᠡᠯ᠂ ᠰᠢᠯᠦᠭᠯᠡᠯ ᠮᠠᠨᠢ ᠡᠨᠡ᠃ ᠡᠢ᠌ᠮᠤ ᠯᠠ ᠠᠭᠤᠯᠭ᠎ᠠ᠂ ᠰᠠᠳᠭᠢᠴᠠ ᠲᠡᠶ ᠰᠢᠯᠦᠭᠯᠡᠯ᠃
ᠡᠳᠡᠭᠡᠷ ᠬᠡᠦᠬᠡᠳ ᠤᠳ ᠣᠳᠤ ᠪᠦᠷ ᠳᠤᠮᠤ ᠵᠠᠯᠠᠭᠤᠰ ᠪᠣᠯᠴᠢᠬᠠᠵᠠᠢ᠃ ᠪᠠᠭ᠎ᠠ ᠳᠤᠮᠳᠠᠳᠤ ᠰᠤᠷᠭᠠᠭᠤᠯᠢ ᠪᠠᠨ ᠠᠯᠢ ᠭᠡᠳᠥᠢᠨ ᠳᠡᠭᠦᠰᠭᠡᠵᠤ᠂ ᠶᠡᠭᠡ ᠳᠡᠭᠡᠳᠤ ᠰᠤᠠᠭᠠᠭᠤᠯᠢ ᠶᠢ ᠳᠡᠭᠦᠰᠭᠦ ᠨᠢ ᠴᠤ ᠳᠡᠭᠦᠰᠴᠤ᠂ ᠠᠵᠢᠯ ᠳᠤ ᠭᠠᠷᠬᠤ ᠨᠢ ᠠᠵᠢᠯ ᠳᠤ ᠭᠠᠷᠴᠤ᠂ ᠠᠢ᠌ᠯ ᠭᠡᠷ ᠪᠣᠯᠬᠤ ᠨᠢ ᠠᠢ᠌ᠯ ᠭᠡᠷ ᠪᠣᠯᠴᠢᠬᠠᠵᠠᠢ᠃ ᠭᠡᠳᠡᠯ᠎ᠡ ᠡᠳᠡᠨᠦᠰ ᠢ ᠡᠪᠠᠢ᠌ᠯᠡᠨ ᠭᠦᠮᠦᠵᠢᠭᠦᠯᠵᠤ᠂ ᠡᠷᠳᠡᠮ ᠤᠨ ᠮᠥᠩᠭᠦᠨ ᠳᠦᠷᠦᠭᠡᠨ ᠳᠤ ᠭᠦᠯ ᠭᠢᠰᠭᠢᠭᠦᠯᠦᠭ᠍ᠰᠡᠨ ᠡᠵᠢ ᠰᠤᠷᠭᠠᠭᠤᠯᠢ ᠊᠊᠊᠊᠊᠊᠊᠊᠊᠊᠊᠊᠊᠊᠊ ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠨᠢ ᠠᠷᠪᠠᠨ ᠳᠤᠯᠤᠭ᠎ᠠ ᠨᠢ᠋ᠮᠠᠨ ᠵᠢᠯ ᠤᠨ 《ᠠᠶᠠᠨ》 《ᠵᠠᠮ》 ᠢ ᠭᠦᠭᠡᠭᠡᠭᠡᠳ᠂ ᠠᠩᠬ᠎ᠠ ᠡᠭᠢᠨ ᠤ ᠴᠤᠯᠤ ᠮᠤᠩᠭ᠋ᠤᠯ ᠶᠢᠡᠷ ᠭᠢᠴᠢᠶᠡᠯᠯᠡᠭᠦ ᠰᠤᠷᠭᠠᠭᠤᠯᠢ ᠭᠡᠵᠤ ᠪᠠᠢ᠌ᠭᠤᠯᠤᠭᠳᠠᠵᠤ᠂ ᠮᠤᠩᠭ᠋ᠤᠯ ᠥᠭᠡ ᠭᠡᠯᠡ ᠪᠠᠨ ᠳᠠᠭ ᠮᠡᠳᠡᠭᠦ ᠦᠭᠡᠶ ᠲᠦᠮᠡᠳ ᠮᠤᠩᠭ᠋ᠤᠯ ᠬᠡᠦᠬᠡᠳ ᠤᠳ ᠶᠢᠡᠨ ᠡᠭᠡ ᠭᠡᠯᠡ ᠪᠠᠷ ᠶᠢᠡᠨ ᠰᠤᠷᠭᠠᠵᠤ ᠭᠦᠮᠦᠵᠢᠭᠦᠯᠵᠤ ᠪᠠᠢ᠌ᠭᠰᠠᠨ ᠭᠠᠷᠤᠯ᠂ ᠳᠡᠦᠭᠡ ᠪᠠᠨ ᠡᠴᠦᠰᠯᠡᠭᠦᠯᠵᠤ᠂ ᠴᠤᠯᠤ ᠭᠢᠳᠠᠤᠨ ᠶᠢᠡᠷ ᠭᠢᠴᠢᠶᠡᠯᠯᠡᠭᠦ ᠰᠤᠷᠭᠠᠭᠤᠯᠢ ᠪᠣᠯᠤᠨ ᠬᠤᠪᠢᠷᠠᠴᠢᠬᠠᠵᠠᠢ᠃ ᠡᠨᠡ ᠨᠢ ᠶᠠᠷᠢᠶᠠᠨ ᠦᠭᠡᠶ ᠰᠤᠷᠤᠭᠴᠢᠳ ᠤᠨ ᠢᠷᠠᠯᠳᠠ ᠪᠣᠶᠤ ᠥᠭᠡ ᠭᠡᠯᠡᠨ ᠤ ᠠᠬᠤᠢ᠂ ᠣᠷᠴᠢᠨ ᠵᠡᠷᠭᠡ ᠡᠯᠳᠡᠪ ᠤᠨ ᠨᠥᠭᠦᠴᠡᠯ ᠰᠢᠯᠳᠠᠭᠠᠨ ᠡᠴᠡ ᠰᠢᠯᠳᠠᠭᠠᠯᠠᠭᠳᠠᠭᠰᠠᠨ ᠪᠣᠯᠪᠠᠴᠤ᠂ ᠬᠠᠰᠢᠯᠠ ᠴᠠᠭ ᠲᠦᠷᠦ᠂ ᠨᠡᠢ᠌ᠭᠡᠮ ᠡᠴᠡ ᠮᠤᠩᠭ᠋ᠤᠯᠴᠤᠳ ᠤᠨ ᠮᠤᠩᠭ᠋ᠤᠯ ᠥᠭᠡ ᠭᠡᠯᠡ ᠪᠠᠨ ᠰᠤᠷᠴᠤ ᠭᠡᠷᠡᠭᠯᠡᠭᠦ᠂ ᠮᠤᠩᠭ᠋ᠤᠯ ᠶᠢᠡᠷ ᠰᠤᠷᠭᠠᠨ ᠭᠦᠮᠦᠵᠢᠯ ᠭᠦᠷᠳᠡᠭᠦ᠂ ᠡᠵᠡᠮᠰᠢᠭᠦ ᠶᠢ ᠳᠠᠮᠠᠢ ᠭᠦᠡᠳᠦᠳᠭᠡᠭᠦ ᠦᠭᠡᠶ᠂ ᠴᠢᠬᠤᠯᠠᠴᠢᠯᠠᠬᠤ ᠦᠭᠡᠶ ᠪᠠᠢ᠌ᠭ᠎ᠠ ᠲᠡᠶ ᠴᠤ ᠰᠢᠭᠤᠳ ᠬᠤᠯᠪᠣᠭᠳᠠᠯ ᠲᠡᠶ ᠪᠢᠯᠠ᠃
ᠣᠳᠤ ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠮᠠᠨᠢ ᠨᠢᠭᠡ ᠴᠤ ᠮᠤᠩᠭ᠋ᠤᠯ ᠶᠢᠡᠷ ᠰᠤᠷᠬᠤ ᠰᠤᠷᠤᠭᠴᠢ᠂ ᠠᠩᠭᠢ ᠦᠭᠡᠶ ᠴᠤᠯᠤ ᠭᠢᠳᠠᠤᠨ ᠶᠢᠡᠷ ᠰᠤᠷᠬᠤ᠂ ᠭᠢᠴᠢᠶᠡᠯᠯᠡᠭᠦ ᠰᠤᠷᠭᠠᠭᠤᠯᠢ ᠪᠣᠯᠵᠤ᠂ ᠮᠤᠩᠭ᠋ᠤᠯ ᠪᠠᠭ᠎ᠠ ᠰᠤᠷᠭᠠᠭᠤᠯᠢ ᠭᠡᠭᠦ ᠳᠠᠭᠤᠳᠠᠯᠭ᠎ᠠ ᠨᠡᠷᠡᠯᠡᠯᠭᠡ ᠨᠢ ᠨᠠᠷᠠ ᠶᠢᠨ ᠳᠠᠳᠣᠢ᠌ᠳᠠᠵᠤ᠂ ᠣᠤᠯ ᠤᠨ ᠮᠤᠩᠭ᠋ᠤᠯ ᠶᠢᠡᠷ ᠭᠢᠴᠢᠶᠠᠯᠯᠠᠵᠤ ᠪᠠᠢ᠌ᠭᠰᠠᠨ ᠪᠠᠭᠰᠢ ᠨᠡᠷ ᠨᠢ 《ᠠᠵᠢᠯ》 《ᠠᠯᠳᠠᠵᠤ》᠂ ᠠᠭᠢᠮᠠᠭ ᠨᠠᠰᠤᠨ ᠤ ᠭᠡᠳᠤ ᠨᠢ ᠠᠵᠢᠯ ᠡᠴᠡ ᠪᠠᠨ ᠣᠷᠢᠤᠠᠴᠢᠯᠠᠨ ᠠᠮᠠᠷᠠᠵᠤ᠂ ᠠᠭᠠᠭᠢᠮ᠎ᠠ ᠵᠠᠯᠠᠭᠤ ᠵᠠᠷᠢᠮ ᠨᠢ ᠠᠷᠤ ᠳᠠᠯ᠎ᠠ ᠶᠢᠨ ᠠᠵᠢᠯ᠂ ᠴᠡᠪᠠᠷᠯᠡᠯᠭᠡ᠂ ᠣᠰᠤ ᠪᠣᠴᠠᠯᠭᠠᠬᠤ ᠵᠡᠷᠭᠡ ᠠᠷᠰᠠᠷ ᠠᠵᠢᠯ ᠶᠠᠪᠣᠳᠠᠯ ᠭᠢᠭᠦ ᠪᠣᠯᠵᠠᠢ᠃ ᠡ᠊ᠨᠳᠡ ᠮᠢᠨᠤ ᠳᠡᠭᠡᠷ᠎ᠡ ᠳᠤᠤᠷ᠎ᠠ ᠣᠨ ᠤ ᠨᠠᠯᠢᠶᠠᠤᠨ ᠭᠡᠳᠤᠨ ᠬᠠᠮᠳᠤ ᠰᠤᠷᠤᠯᠭᠠᠳᠠᠨ (ᠲ᠋ᠡᠭᠡᠷ᠎ᠡ ᠵᠠᠭᠤᠨ ᠤ ᠨᠠᠶᠠᠭᠠᠤᠨ ᠣᠨ ᠤ ᠡᠭᠢ ᠳᠤᠮᠳᠠᠴᠢ ᠪᠠᠷ ᠦᠪᠣᠷ ᠮᠤᠩᠭ᠋ᠤᠯ ᠤᠨ ᠦᠨᠳᠦᠰᠦᠳᠠᠨ ᠤ ᠪᠠᠭᠰᠢ ᠶᠢᠨ ᠰᠤᠷᠭᠠᠭᠤᠯᠢ ᠡᠴᠡ ᠳᠡᠭᠦᠰᠦᠭ᠍ᠰᠡᠳ) ᠪᠠᠢ᠌ᠳᠠᠭ ᠶᠤᠮ᠃ ᠳᠠᠳᠠ ᠨᠡᠷ ᠮᠠᠨᠢ ᠴᠤ ᠮᠦᠨ ᠡᠨᠡᠭᠦ 《ᠵᠠᠮ》 ᠶᠢᠡᠷ 《ᠵᠠᠮᠨᠠᠵᠠᠢ》᠃
ᠵᠠ᠂ ᠳᠠᠷᠠ ᠶᠠᠭᠠᠭᠢᠮᠠᠢ᠃ ᠥᠩᠭᠡᠷᠡᠭ᠍ᠰᠡᠨ ᠣᠴᠢᠷ᠃ ᠭᠡᠰᠡᠨ ᠴᠤ ᠪᠢᠳᠠ ᠳᠡᠷᠡᠭᠦ ᠥᠩᠭᠡᠷᠡᠭ᠍ᠰᠡᠨ ᠣᠴᠢᠷ ᠤᠳ ᠢ ᠨᠠᠷᠢᠨ ᠳᠤᠩᠭ᠋ᠠᠵᠤ᠂ ᠨᠢᠭᠳᠠᠯᠠᠵᠤ ᠰᠢᠠᠵᠢᠵᠤ ᠶᠠᠪᠣᠪᠠᠯ᠂ ᠪᠢᠳᠠᠨ ᠳᠤ ᠶᠠᠭᠤ ᠨᠢᠭᠡ ᠶᠢ ᠰᠠᠨᠠᠭᠳᠠᠭᠤᠯᠵᠤ᠂ ᠶᠠᠮᠠᠷ ᠨᠢᠭᠡᠨ ᠶᠠᠭᠤᠮ᠎ᠠ ᠶᠢ ᠭᠢᠭᠦ᠂ ᠰᠡᠳᠭᠢᠭᠦ ᠳᠤ ᠮᠢᠨᠢ ᠯᠠᠪᠯᠠᠮᠵᠢ ᠭᠢᠨᠠᠮᠵᠢ ᠪᠣᠯᠬᠤ ᠶᠤᠮ ᠪᠢᠯᠠ︕᠁
ᠪᠢᠳᠠᠨ ᠤ ᠲᠦᠮᠡᠳ ᠵᠡᠭᠦᠨ ᠬᠤᠰᠢᠭᠤᠨ ᠳᠤ ᠣᠴᠢᠵᠤ ᠥᠵᠡᠭᠦᠯᠦᠯᠭᠡ ᠶᠢᠨ ᠭᠢᠴᠢᠶᠠᠯ ᠣᠷᠤᠭᠰᠠᠨ ᠣᠴᠢᠷ ᠮᠠᠨᠢ ᠥᠩᠭᠡᠷᠡᠭᠡᠳ ᠨᠢᠭᠡᠨᠲᠡ ᠠᠷᠪᠠᠨ ᠳᠤᠯᠤᠭᠠᠨ ᠵᠢᠯ ᠪᠣᠯᠴᠢᠬᠠᠯ᠎ᠠ᠃ ᠡᠨᠡᠭᠦ ᠠᠷᠪᠠᠨ ᠳᠤᠯᠤᠭᠠᠨ ᠵᠢᠯ ᠳᠤ᠂ ᠳᠠᠷᠠ ᠣᠳᠠᠭ᠎ᠠ ᠶᠢᠨ ᠭᠢᠴᠢᠶᠠᠯ ᠣᠷᠤᠭᠰᠠᠨ ᠵᠠᠷᠢᠮ ᠣᠴᠢᠷ ᠪᠣᠶᠤ ᠳᠡᠭᠡᠷᠡᠭᠢ ᠰᠢᠯᠦᠭᠯᠡᠯ ᠢ ᠪᠢᠴᠢᠭ᠍ᠰᠡᠨ᠂ ᠰᠡᠳᠭᠢᠭ᠍ᠰᠡᠨ ᠶᠠᠪᠣᠴᠠ ᠥᠩᠭᠡᠷᠡᠯᠳᠡ ᠮᠢᠨᠢ ᠶᠠᠷᠤ ᠨᠢ ᠮᠠᠷᠳᠠᠭᠳᠠᠬᠤ ᠦᠭᠡᠶ᠂ ᠰᠠᠨᠠᠭᠳᠠᠭᠠᠤᠨ᠂ ᠳᠤᠷᠠᠰᠤᠭᠳᠠᠭᠠᠤᠨ ᠯᠠ ᠪᠠᠢ᠌ᠬᠤ ᠶᠤᠮ ᠡ᠃
ᠪᠢᠳᠠ ᠳᠠᠷᠠ ᠣᠳᠠᠭ᠎ᠠ ᠪᠠᠰᠠ ᠲᠤᠩ ᠥᠯᠢᠭᠡᠷ ᠲᠡᠶ ᠶᠠᠪᠣᠭᠰᠠᠨ ᠶᠤᠮ ᠰᠢᠤ᠃ ᠳᠠᠯᠠᠢ ᠪᠢᠳᠠ ᠬᠤᠶᠠᠷ ᠦᠳᠡ ᠶᠢᠨ ᠡᠮᠦᠨ᠎ᠡ ᠨᠢ ᠭᠢᠴᠢᠶᠠᠯ ᠶᠢᠡᠨ ᠣᠷᠤᠵᠤ ᠪᠠᠷᠠᠴᠢᠬᠠᠭᠠᠤᠨ᠂ ᠦᠳᠡ ᠳᠤ ᠨᠢ ᠳᠠᠳᠠᠨ ᠤ ᠰᠤᠷᠭᠠᠭᠤᠯᠢ ᠶᠢᠨ ᠭᠡᠰᠡᠭ᠌ ᠪᠠᠭᠰᠢ᠂ ᠣᠳᠤᠷᠢᠳᠤᠯᠭ᠎ᠠ ᠲᠡᠶ ᠬᠤᠭᠤᠯᠠᠨ ᠳᠤ ᠣᠷᠤᠵᠤ᠂ 《ᠴᠢᠯᠠ ᠶᠢᠨ ᠳᠠᠯ᠎ᠠ》 ᠭᠦᠷᠦᠩᠭᠡᠳᠤ ᠠᠷᠢᠭᠢ ᠶᠢ ᠨᠢ ᠴᠢᠨᠡᠭᠡ ᠮᠠᠳᠠᠨ ᠣᠤᠭᠤᠭᠠᠤᠨ᠂ ᠦᠳᠡ ᠶᠢᠨ ᠬᠣᠢ᠌ᠨ᠎ᠠ ᠨᠢ (ᠨᠠᠯᠢᠶᠠᠤᠨ ᠣᠷᠤᠢ) ᠪᠣᠴᠠᠬᠤ ᠳᠠᠭᠠᠨ᠂ ᠠᠶᠠᠠᠴᠢᠨ ᠤ ᠵᠥᠭᠡᠭᠡᠪᠦᠷᠢ ᠶᠢᠨ ᠮᠠᠰᠢᠨ ᠳᠤ ᠰᠠᠭᠤᠵᠤ᠂ ᠠᠷᠢᠭᠢᠨ ᠢᠳᠠᠨ ᠳᠡᠭᠡᠨ ᠵᠢᠯᠤᠭᠤᠴᠢ ᠭᠤᠸᠠᠢ ᠲᠡᠶ ᠨᠢᠯ ᠪᠠᠭᠤᠳᠠᠯ᠎ᠠ ᠵᠤᠭᠤᠭᠳᠠᠵᠤ᠂ ᠪᠢᠯᠧᠲ᠋ ᠴᠤ ᠠᠪᠣᠭᠰᠠᠨ ᠦᠭᠡᠶ ᠪᠠᠷ ᠬᠦᠬᠡᠬᠤᠲᠠ ᠥᠷᠳᠡᠭᠡᠨ ᠳᠤ ᠳᠠᠯᠪᠢᠭᠠᠤᠨ ᠢᠷᠡᠴᠢᠭᠡᠭ᠍ᠰᠡᠨ ᠶᠤᠮ᠃ ᠪᠢᠳᠠᠨ ᠢ ᠢᠷᠡᠭᠦ ᠳᠤ᠂ ᠴᠠᠭ ᠨᠢᠭᠡᠮᠦᠰᠤᠨ ᠣᠷᠤᠢ ᠪᠣᠯᠵᠤ᠂ ᠨᠠᠢ᠌ᠳᠠ ᠶᠢᠨ ᠮᠠᠰᠢᠨ ᠳᠡᠷᠭᠡ ᠴᠦᠮ ᠵᠤᠭᠰᠤᠴᠢᠬᠠᠭᠰᠠᠨ ᠪᠠᠢ᠌ᠪᠠ᠃ ᠳᠠᠷᠠ ᠦᠶ᠎ᠡ ᠳᠤ᠂ ᠬᠦᠬᠡᠬᠤᠲᠠ ᠳᠤ ᠳᠦᠷᠢᠶᠠᠰᠤᠨ ᠮᠠᠰᠢᠨ ᠭᠡᠵᠤ ᠲᠤᠩ ᠬᠤᠪᠣᠷ᠃ ᠪᠠᠢ᠌ᠳᠠᠭ ᠭᠡᠳᠤ ᠨᠢ ᠴᠤ ᠦᠨ᠎ᠡ ᠲᠡᠶ ᠭᠡᠳᠡᠭ᠌ ᠨᠢ ᠭᠡᠷᠡᠭ᠌᠃ ᠪᠢᠳᠠᠨ ᠰᠢᠭ᠌ 《ᠱᠠᠯᠳᠠᠩ》 ᠵᠠᠯᠠᠭᠤᠴᠤᠳ ᠵᠤᠭᠤᠰ ᠭᠡᠵᠤ ᠳᠠᠮᠠᠢ ᠦᠭᠡᠶ᠃ ᠰᠠᠭᠤᠵᠤ ᠳᠡᠢ᠌ᠯᠭᠦ ᠦᠭᠡᠶ᠃ ᠠᠷᠭ᠎ᠠ ᠪᠠᠨ ᠪᠠᠷᠠᠬᠤ ᠳᠠᠭᠠᠨ ᠪᠢᠳᠠ ᠭᠤᠷᠪᠠᠭᠤᠯᠠ ᠬᠦᠬᠡᠬᠤᠲᠠ ᠭᠠᠯ ᠳᠡᠷᠭᠡᠨ ᠥᠷᠳᠡᠭᠡᠨ ᠡᠴᠡ ᠭᠢᠩᠭ᠋ᠠᠨ ᠵᠠᠮ ᠤᠨ ᠪᠠᠭ᠎ᠠ ᠰᠤᠷᠭᠠᠭᠤᠯᠢ ᠳᠠᠭᠠᠨ (ᠪᠠᠷᠤᠭ ᠠᠷᠪᠠᠨ ᠳᠠᠪᠣ ᠵᠢᠷᠭᠤᠭᠠᠨ ᠭᠠᠵᠠᠷ) ᠰᠢᠭᠤᠳ ᠠᠯᠬᠤᠭᠠᠤᠨ ᠪᠠᠭᠤᠴᠢᠬᠠᠭᠰᠠᠨ ᠪᠢᠯᠠ᠁
ᠪᠢᠳᠠ ᠳᠠᠷᠠ ᠦᠶ᠎ᠡ ᠳᠤ ᠵᠠᠯᠠᠭᠤ ᠪᠠᠢ᠌ᠵᠠᠢ᠃ ᠪᠦᠷ ᠭᠤᠴᠢᠨ ᠨᠢᠭᠡ ᠬᠤᠶᠠᠷ ᠲᠡᠶ ᠵᠠᠯᠠᠭᠤᠰ ᠪᠠᠢ᠌ᠵᠠᠢ᠃
ᠣᠳᠤ ᠪᠢᠳᠠ ᠪᠦᠷ ᠳᠤᠮᠳᠠ ᠢᠳᠠᠷ ᠨᠠᠰᠤᠨ ᠤ ᠣᠯᠤᠰ ᠪᠣᠯᠪᠠ᠃ ᠪᠢᠳᠠ ᠪᠦᠷ ᠰᠤᠷᠭᠠᠭᠤᠯᠢ ᠶᠢᠨ ᠣᠳᠤᠷᠢᠤᠠᠬᠤ ᠪᠠᠢ᠌ᠷᠢᠨ ᠳᠤ ᠭᠠᠷᠪᠠ᠃ ᠰᠤᠷᠭᠠᠭᠤᠯᠢ ᠰᠤᠷᠳᠠᠯ᠂ ᠰᠤᠷᠭᠠᠨ ᠭᠦᠮᠦᠵᠢᠯ᠂ ᠡᠨᠡ ᠳᠠᠷᠠ ᠭᠡᠳ 《ᠳᠤᠮᠤ》 ᠣᠴᠢᠷ ᠢ ᠶᠠᠷᠢᠬᠤ᠂ ᠭᠢᠭᠦ᠂ ᠭᠦᠭᠡᠭᠡᠭᠦᠮ ᠪᠣᠯᠪᠠ᠃ ᠨᠠᠯᠢᠶᠠᠤᠨ ᠣᠯᠠᠨ ᠠᠵᠢᠯ ᠶᠠᠪᠣᠳᠠᠯ ᠭᠢᠵᠤ᠂ ᠵᠤᠭᠢᠬᠤ 《ᠠᠮᠵᠢᠯᠳᠠ》 《ᠪᠦᠳᠦᠮᠵᠢ》 ᠣᠯᠪᠠ᠃ ᠬᠦᠬᠡᠬᠤᠲᠠ ᠪᠣᠶᠤ ᠪᠦᠭᠦ ᠣᠷᠤᠨ ᠳᠤ ᠭᠡᠰᠡᠨ ᠴᠤ᠂ ᠪᠠᠭ᠎ᠠ 《ᠨᠠᠷᠠ》 ᠲᠡᠶ 《ᠨᠥᠯᠦᠭᠡ》 ᠲᠡᠶ ᠪᠠᠭᠰᠢ᠂ 《ᠣᠳᠤᠷᠢᠳᠤᠯᠭ᠎ᠠ》 ᠪᠣᠯᠵᠠᠭᠠᠪᠠ᠃ ᠡᠳᠡᠭᠡᠷ ᠨᠢ ᠪᠦᠷ ᠴᠤ ᠪᠢᠳᠠᠨ ᠤ ᠳᠡᠷᠡᠭᠦ ᠵᠠᠯᠠᠭᠤ ᠪᠠᠭ᠎ᠠ ᠨᠠᠰᠤᠨ ᠤ ᠵᠤᠷᠢᠭ ᠰᠦᠰᠦᠯᠠᠯ᠂ ᠡᠷᠢᠯ ᠭᠦᠰᠡᠯᠳᠡ᠂ ᠡᠴᠡᠷᠢᠯ ᠴᠢᠷᠮᠠᠢ᠌ᠯᠠᠭ᠎ᠠ ᠲᠡᠶ ᠮᠢᠨᠢ ᠬᠤᠯᠪᠣᠭᠳᠠᠯ ᠲᠡᠶ᠂ ᠵᠠᠯᠠᠭᠤ ᠪᠠᠭ᠎ᠠ ᠨᠠᠰᠤᠨ ᠡᠴᠡ ᠪᠠᠨ ᠴᠢᠷᠮᠠᠢ᠌ᠨ ᠰᠤᠷᠤᠯᠴᠠᠵᠤ᠂ ᠴᠢᠷᠮᠠᠢ᠌ᠨ ᠠᠵᠢᠯᠯᠠᠵᠤ ᠢᠷᠡᠭ᠍ᠰᠡᠨ ᠤ ᠮᠢᠨᠢ 《ᠰᠠᠢ᠌ᠨ》 ᠤ ᠭᠡᠵᠤ ᠪᠣᠳᠤᠳᠠᠭ ᠪᠢᠯᠠ᠂ ᠪᠢ᠃
ᠵᠠᠯᠠᠭᠤ ᠪᠠᠭ᠎ᠠ ᠨᠠᠰᠤᠨ ᠡᠴᠡ ᠪᠠᠨ ᠴᠢᠷᠮᠠᠢ᠌ᠨ ᠰᠤᠷᠤᠯᠴᠠᠵᠤ᠂ ᠴᠢᠷᠮᠠᠢ᠌ᠨ ᠠᠵᠢᠯᠯᠠᠬᠤ ᠰᠠᠢ᠌ᠬᠠᠨ ᠪᠠᠢ᠌ᠳᠠᠭ ᠪᠢᠯᠠ᠃ ᠳᠤᠷᠠᠰᠬᠠᠯᠳᠠᠢ ᠪᠠᠢ᠌ᠳᠠᠭ ᠪᠢᠯᠠ ︕
ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠳᠤ ᠣᠴᠢᠵᠤ᠂ ᠥᠵᠡᠭᠦᠯᠦᠯᠭᠡ ᠶᠢᠨ ᠭᠢᠴᠢᠶᠠᠯ ᠣᠷᠤᠭᠰᠠᠨ ᠣᠴᠢᠷ ᠮᠠᠨᠢ ᠡᠢ᠌ᠮᠤ ᠯᠠ ᠥᠯᠢᠭᠡᠷ᠂ ᠳᠤᠷᠠᠳᠬᠠᠯᠳᠠᠢ ᠣᠴᠢᠷ ᠪᠣᠯᠵᠤ ᠬᠤᠴᠤᠷᠤᠭᠰᠠᠨ ᠪᠢᠯᠠ︕
ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠨᠢ ᠣᠬᠤᠷᠬᠠᠨ ᠠᠷᠪᠠᠨ ᠳᠤᠯᠤᠭ᠎ᠠ ᠨᠢ᠋ᠮᠠᠨ ᠵᠢᠯ ᠤᠨ ᠬᠤᠭᠤᠴᠠᠭᠠᠨ ᠳᠤ᠂ ᠨᠠᠯᠢᠶᠠᠤᠨ ᠣᠯᠠᠨ ᠮᠤᠩᠭ᠋ᠤᠯ ᠥᠭᠡ ᠭᠡᠯᠡ ᠥᠰᠦᠭ᠌ ᠪᠢᠴᠢᠭ᠌ ᠲᠡᠶ᠂ ᠮᠤᠩᠭ᠋ᠤᠯ ᠳᠠᠷᠢᠭᠢ ᠰᠠᠳᠭᠢᠴᠠ ᠲᠡᠶ ᠴᠢᠳᠠᠪᠣᠷᠢᠳᠠᠨ᠂ ᠰᠡᠭᠡᠭᠡᠳᠡᠳ ᠢ ᠭᠦᠮᠦᠵᠢᠭᠦᠯᠤᠨ ᠭᠠᠷᠭᠠᠭᠰᠠᠨ ᠶᠤᠮ᠃ ᠮᠠᠨ ᠤ ᠰᠤᠷᠭᠠᠭᠤᠯᠢ ᠳᠤ ᠴᠤ᠂ ᠳᠤᠰ ᠰᠤᠷᠭᠠᠭᠤᠯᠢ ᠡᠴᠡ ᠡᠷᠳᠡ ᠦᠶ᠎ᠡ ᠪᠠᠷ ᠳᠡᠭᠦᠰᠦᠭ᠍ᠰᠡᠨ ᠰᠤᠷᠤᠭᠴᠢ ᠡᠴᠡ ᠰᠤᠷᠤᠨ᠎ᠠ᠂ ᠡᠷᠳᠡᠨᠢᠬᠤᠸᠡᠷ ᠭᠡᠭᠦ ᠬᠤᠶᠠᠷ ᠲᠦᠮᠡᠳ ᠭᠡᠦᠭᠡᠨ ᠠᠵᠢᠯᠯᠠᠵᠤ (ᠪᠠᠭᠰᠢᠯᠠᠵᠤ) ᠪᠣᠢ᠃ ᠳᠠᠳᠠ ᠮᠤᠩᠭ᠋ᠤᠯ ᠥᠭᠡ ᠶᠢ ᠭᠡᠨ ᠡᠴᠡ ᠴᠤ ᠳᠤᠳᠠᠬᠤ ᠦᠭᠡᠶ ᠣᠷᠤᠰᠤᠮ᠎ᠠ ᠴᠠᠯᠭᠢᠮ᠎ᠠ ᠶᠠᠷᠢᠨ᠎ᠠ ᠮᠤᠩᠭ᠋ᠤᠯ ᠥᠰᠦᠭ᠌ ᠢ ᠭᠡᠨ ᠡᠴᠡ ᠳᠤᠤᠷᠠᠳᠠᠬᠤ ᠦᠭᠡᠶ ᠮᠢᠷᠠᠯᠵᠠᠳᠠᠯᠠ ᠴᠠᠢ᠌ᠯᠵᠠᠳᠠᠯᠠ ᠪᠢᠴᠢᠨ᠎ᠠ᠃ ᠡᠨᠡ ᠨᠢ ᠪᠦᠷ ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠶᠢᠨ ᠣᠬᠤᠷᠬᠠᠨ ᠬᠤᠭᠤᠴᠠᠭᠠᠨ᠎ᠠ ᠭᠠᠷᠭᠠᠭᠰᠠᠨ ᠣᠬᠤᠷᠬᠠᠨ ᠪᠣᠰᠤ ᠭᠠᠪᠢᠶ᠎ᠠ ᠵᠢᠦᠡᠭᠦᠯ ᠠᠵᠤᠭᠤ︕
ᠴᠠᠭ ᠲᠦᠷᠦ᠂ ᠨᠡᠢ᠌ᠭᠡᠮ ᠡᠴᠡ ᠪᠠᠷᠢᠭᠰᠠᠨ᠂ ᠪᠠᠢ᠌ᠭᠤᠯᠤᠭᠰᠠᠨ᠂ ᠪᠣᠰᠬᠠᠭᠰᠠᠨ ᠪᠠᠷᠢᠯᠭ᠎ᠠ ᠠᠰᠠᠷ (ᠰᠤᠷᠭᠠᠭᠤᠯᠢ ᠴᠤ ᠪᠠᠭᠳᠠᠨ᠎ᠠ) ᠢ ᠪᠠᠭᠤᠯᠭᠠᠵᠤ᠂ ᠨᠤᠷᠠᠭᠠᠵᠤ᠂ ᠪᠠᠯᠠᠠᠯᠵᠤ᠂ ᠳᠠᠯᠠᠯᠠᠵᠤ ᠪᠣᠯᠤᠨ᠎ᠠ᠃ ᠬᠠᠷᠢᠨ ᠭᠦᠮᠦᠰ ᠤᠨ ᠰᠡᠳᠭᠢᠯ᠂ ᠵᠢᠷᠦᠭᠡᠨ ᠳᠤ ᠭᠦᠨ ᠰᠢᠩᠭᠡᠨ ᠬᠠᠳᠠᠩᠰᠢᠭᠰᠠᠨ ᠳᠡᠦᠭᠡ᠂ ᠥᠩᠭᠡᠷᠡᠯᠳᠡ᠂ ᠪᠠᠶᠠᠷ᠂ ᠪᠠᠶᠠᠰᠤᠯ᠂ ᠭᠤᠨᠢᠭ᠂ ᠰᠢᠷᠠᠭᠯᠠᠯ ᠢ ᠭᠡᠵᠢᠶ᠎ᠡ ᠴᠤ 《ᠪᠠᠭᠤᠯᠭᠠᠵᠤ》᠂ 《ᠨᠤᠷᠠᠭᠠᠵᠤ》᠂ 《ᠪᠠᠯᠠᠯᠵᠤ》᠂ 《ᠳᠠᠯᠠᠯᠠᠵᠤ》 ᠴᠢᠳᠠᠬᠤ ᠦᠭᠡᠶ ︕ ᠡᠨᠡ ᠪᠣᠯ ᠶᠠᠷᠳᠢᠴᠤ ᠶᠢᠨ ᠵᠢᠮ᠎ᠠ ᠶᠤᠰᠤ︕
ᠲᠦᠮᠡᠳ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠨᠢ ᠣᠳᠤ ᠥᠭᠡᠷᠡᠳᠡᠵᠤ᠂ ᠨᠠᠷᠠ ᠶᠢᠨ ᠳᠠᠳᠤᠢ ᠮᠤᠩᠭ᠋ᠤᠯ ᠪᠠᠭ᠎ᠠ ᠰᠤᠷᠭᠠᠭᠤᠯᠢ ᠪᠣᠶᠤ ᠴᠤᠯᠤ ᠭᠢᠳᠠᠤᠨ ᠶᠢᠡᠷ ᠭᠢᠴᠢᠶᠡᠯᠯᠡᠭᠦ ᠰᠤᠷᠭᠠᠭᠤᠯᠢ ᠪᠣᠯᠤᠭᠰᠠᠨ ᠪᠣᠯᠪᠠᠴᠤ᠂ ᠳᠡᠭᠦᠨ ᠤ ᠳᠡᠷᠡᠭᠦ ᠳᠡᠦᠭᠡ᠂ ᠥᠩᠭᠡᠷᠡᠯᠳᠡ᠂ ᠳᠡᠭᠦᠨ ᠡᠴᠡ ᠳᠡᠭᠦᠰᠦᠭ᠍ᠰᠡᠨ ᠰᠤᠷᠤᠭᠴᠢᠳ ᠤᠨ ᠨᠠᠷᠠ ᠠᠯᠳᠠᠷ᠂ ᠨᠠᠷᠠᠢ᠌ᠳᠤᠯ ᠴᠤᠯᠠᠯᠭᠠ ᠭᠡᠵᠢᠶᠡᠳᠡ ᠪᠠᠯᠠᠷᠠᠬᠤ ᠦᠭᠡᠶ᠂ ᠮᠥᠩᠭᠡ ᠳᠤᠷᠠᠰᠤᠭᠳᠠᠨ᠎ᠠ︕
2009᠂ 4᠂ 11 ᠬᠦᠬᠡᠬᠤᠲᠠᠨ᠎ᠡ ᠪᠢᠴᠢᠪᠠ᠃
ᠬᠠᠶᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 4266
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ