ᠨᠡᠪᠲᠡᠷᠡᠨ ᠤᠷᠤᠬᠤ
ᠳᠤᠭᠠᠨ ᠤ ᠣᠬᠠᠭᠠᠨ ᠤ ᠪᠠᠭᠰᠢ ᠳᠤ ᠪᠠᠢ᠌ᠪᠠᠰᠤ ᠵᠤᠭᠢᠬᠤ ᠭᠡᠪ ᠪᠣᠯᠪᠠᠰᠤᠷᠠᠯ

ᠭᠡᠯᠡ ᠪᠢᠴᠢᠭ᠌ ᠤᠨ ᠪᠠᠭᠰᠢ ᠳᠤ ᠭᠡᠯᠡ ᠪᠢᠴᠢᠭ᠌ ᠤᠨ ᠪᠠᠭᠰᠢ ᠶᠢᠨ ᠭᠡᠪ ᠪᠣᠯᠪᠠᠰᠤᠷᠠᠯ ᠭᠡᠵᠤ ᠪᠠᠢ᠌ᠳᠠᠭ᠃ ᠳᠤᠭᠠᠨ ᠤᠨ ᠣᠬᠠᠭᠠᠨ ᠤ ᠪᠠᠭᠰᠢ ᠨᠡᠷ ᠲᠤ ᠴᠤ ᠳᠤᠭᠠᠨ ᠣᠬᠠᠭᠠᠨ ᠤ ᠪᠠᠭᠰᠢ ᠶᠢᠨ ᠭᠡᠪ ᠪᠣᠯᠪᠠᠰᠤᠷᠠᠯ ᠭᠡᠵᠤ ᠪᠣᠢ᠃ ᠬᠤᠶᠠᠭᠤᠯᠠ ᠪᠠᠨ ᠶᠡᠭᠡ ᠲᠦᠯᠦᠪ ᠠᠳᠠᠯᠢᠪᠳᠠᠷ (ᠠᠳᠠᠯᠢ ᠠᠭᠤᠯᠭ᠎ᠠ᠂ ᠱᠠᠭᠠᠷᠳᠠᠯᠭ᠎ᠠ ᠲᠡᠶ) ᠪᠠᠢ᠌ᠳᠠᠭ ᠪᠣᠯᠪᠠᠴᠤ᠂ ᠪᠠᠰᠠ ᠠᠰ ᠠᠰᠳᠠᠭᠠᠨ ᠣᠠᠴᠠᠯᠢᠭ ᠰᠢᠠᠵᠢ ᠲᠡᠶ᠂ ᠠᠭᠤᠯᠭ᠎ᠠ᠂ ᠱᠠᠭᠠᠷᠳᠠᠯᠭ᠎ᠠ ᠲᠡᠶ ᠪᠠᠢ᠌ᠳᠠᠭ᠃

ᠮᠢᠨᠤ ᠥᠵᠡᠭᠦ ᠪᠠᠷ᠂ ᠮᠠᠨ ᠤ ᠣᠷᠤᠨ ᠤ ᠡᠯ᠎ᠡ ᠱᠠᠳᠤᠨ ᠤ ᠪᠠᠭ᠎ᠠ ᠰᠤᠷᠭᠠᠤᠭᠤᠯᠢ ᠶᠢᠨ ᠳᠤᠭᠠᠨ ᠤ ᠣᠬᠠᠭᠠᠨ ᠤ ᠪᠠᠭᠰᠢ ᠨᠡᠷ᠂ ᠣᠳᠤᠬᠠᠨ ᠳᠤ᠂ ᠳᠤᠤᠷᠠᠭᠢ ᠮᠠᠳᠤ ᠭᠡᠪ ᠪᠣᠯᠪᠠᠰᠤᠷᠠᠯ ᠢ ᠪᠦᠷᠢᠯᠳᠦᠭᠦᠯᠭᠦ ᠭᠡᠷᠡᠭ᠍ᠳᠡᠢ᠃

ᠡᠡᠭ᠌ ᠳᠡᠷᠢᠭᠦᠨ ᠳᠤ᠂ ᠰᠤᠷᠤᠯᠴᠠᠯᠭ᠎ᠠ ᠪᠠᠨ ᠴᠢᠩᠭ᠋ᠠᠳᠬᠠᠬᠤ ᠭᠡᠷᠡᠭ᠍ᠳᠡᠢ᠃

ᠰᠤᠷᠤᠯᠴᠠᠬᠤ ᠪᠣᠯ ᠲᠤᠩ ᠴᠢᠬᠤᠯᠠ᠃ ᠡᠷᠳᠡᠮ ᠪᠣᠯᠪᠠᠰᠤᠷᠠᠯ ᠳᠡᠭᠦᠰ᠂ ᠡᠷᠭᠢᠯᠡᠭ᠍ᠰᠡᠨ ᠠᠵᠢᠯ ᠳᠠᠭᠠᠨ ᠬᠠᠷᠢᠭᠤᠴᠠᠯᠭ᠎ᠠ ᠲᠡᠶ᠂ ᠭᠢᠷᠢ ᠳᠡᠩᠴᠡᠭ᠍ᠰᠡᠨ ᠪᠠᠭᠰᠢ ᠪᠣᠯᠤᠶ᠎ᠠ ᠭᠡᠪᠠᠯ᠂ ᠡᠡᠭ᠌ ᠤᠨ ᠴᠠᠭ ᠤᠨ ᠰᠤᠷᠤᠯᠴᠠᠯᠭ᠎ᠠ ᠪᠠᠨ ᠴᠢᠩᠭ᠋ᠠᠳᠬᠠᠬᠤ ᠴᠢᠬᠤᠯᠠᠳᠠᠢ᠃ ᠡᠡᠭ᠌ ᠤᠨ ᠴᠠᠭ ᠤᠨ ᠰᠤᠷᠤᠯᠴᠠᠯᠭ᠎ᠠ ᠪᠠᠨ ᠴᠢᠩᠭ᠋᠎ᠠ ᠠᠳᠬᠤᠵᠤ᠂ ᠡᠷᠳᠡᠮ ᠪᠣᠯᠪᠠᠰᠤᠷᠠᠯ ᠤᠨ ᠭᠢᠷᠢ ᠭᠡᠮᠵᠢᠶ᠎ᠡ ᠪᠠᠨ ᠳᠠᠰᠤᠷᠠᠯᠳᠠ ᠦᠭᠡᠶ ᠪᠠᠷ ᠳᠡᠭᠡᠭ᠍ᠰᠢᠯᠡᠭᠦᠯᠵᠤ ᠪᠠᠢ᠌ᠬᠤ ᠨᠢ ᠪᠠᠭᠰᠢ ᠶᠢᠨ ᠠᠵᠢᠯ ᠮᠡᠷᠭᠡᠵᠢᠯ᠂ ᠭᠢᠴᠢᠶᠠᠯ ᠭᠦᠮᠦᠵᠢᠯ ᠲᠡᠶ ᠬᠤᠯᠪᠣᠭᠳᠠᠭᠰᠠᠨ ᠳᠤᠮᠤ ᠣᠴᠢᠷ᠃ ᠪᠠᠭᠰᠢ ᠶᠢᠨ ᠠᠵᠢᠯ ᠮᠡᠷᠭᠡᠵᠢᠯ᠂ ᠭᠢᠴᠢᠶᠠᠯ ᠭᠦᠮᠦᠵᠢᠯ ᠳᠤ ᠳᠣᠢ᠌ᠯ ᠤᠨ ᠶᠡᠭᠡ ᠳᠤᠰᠠ ᠳᠡᠮᠵᠢᠯᠭᠡ ᠪᠣᠯᠳᠠᠭ ᠶᠤᠮ᠃

ᠡᠡᠭ᠌ ᠤᠨ ᠴᠠᠭ ᠤᠨ ᠰᠤᠷᠤᠯᠴᠠᠯᠭ᠎ᠠ ᠳᠤ᠂ ᠣᠯᠠᠨ ᠵᠣᠢ᠌ᠯ ᠤᠨ᠂ ᠣᠯᠠᠨ ᠳᠠᠯ᠎ᠠ ᠶᠢᠨ ᠠᠭᠤᠯᠭ᠎ᠠ ᠭᠡᠯᠪᠠᠷᠢ ᠪᠠᠭᠳᠠᠵᠤ ᠪᠣᠢ᠃

ᠰᠤᠷᠤᠯᠴᠠᠬᠤ ᠭᠡᠯᠪᠠᠷᠢ ᠶᠢᠨ ᠳᠠᠯ᠎ᠠ ᠡᠴᠡ ᠨᠢ ᠠᠪᠴᠤ ᠶᠠᠷᠢᠪᠠᠯ᠂ ① ᠨᠤᠮ ᠪᠢᠴᠢᠭ᠌ ᠡᠴᠡ ᠰᠤᠷᠬᠤ᠂ ② ᠪᠣᠰᠤᠳ ᠡᠴᠡ ᠰᠤᠷᠬᠤ᠂ ③ ᠦᠪᠡᠷ ᠤᠨ ᠪᠠᠶ᠎ᠠ ᠡᠴᠡ ᠪᠠᠨ ᠰᠤᠷᠬᠤ᠂ ④ ᠠᠵᠢᠯ ᠤᠨ ᠳᠤᠮᠳᠠ ᠪᠠᠨ ᠰᠤᠷᠬᠤ ᠵᠡᠷᠭᠡ ᠠᠭᠤᠯᠭ᠎ᠠ ᠤᠳ ᠪᠠᠭᠳᠠᠳᠠᠭ᠃ ᠡᠭᠦᠨ ᠳᠤ᠂ ᠨᠤᠮ ᠪᠢᠴᠢᠭ᠌ ᠡᠴᠡ ᠰᠤᠷᠬᠤ ᠪᠣᠯᠤᠨ ᠪᠣᠰᠤᠳ ᠡᠴᠡ ᠰᠤᠷᠬᠤ ᠨᠢ ᠭᠤᠤᠯ ᠴᠢᠬᠤᠯᠠ ᠠᠭᠤᠯᠭ᠎ᠠ ᠪᠣᠯᠵᠤ ᠪᠠᠢ᠌ᠳᠠᠭ᠃

ᠰᠤᠷᠤᠯᠴᠠᠬᠤ ᠠᠭᠤᠯᠭ᠎ᠠ ᠶᠢᠨ ᠳᠠᠯ᠎ᠠ ᠡᠴᠡ ᠨᠢ ᠠᠪᠴᠤ ᠶᠠᠷᠢᠪᠠᠯ᠂ ① ᠣᠨᠤᠯ ᠤᠨ ᠰᠤᠷᠤᠯᠴᠠᠯᠭ᠎ᠠ᠂ ② ᠮᠡᠳᠡᠯᠭᠡ ᠶᠢᠨ ᠰᠤᠷᠤᠯᠴᠠᠯᠭ᠎ᠠ᠂ ③ᠮᠡᠷᠭᠡᠵᠢᠯ ᠤᠨ ᠰᠤᠷᠤᠯᠴᠠᠯᠭ᠎ᠠ ᠵᠡᠷᠭᠡ ᠠᠭᠤᠯᠭ᠎ᠠ ᠤᠳ ᠪᠠᠭᠳᠠᠵᠤ ᠪᠠᠢ᠌ᠳᠠᠭ᠃

ᠭᠦᠷᠢᠶ᠎ᠡ ᠭᠡᠪᠴᠢᠶᠡᠨ ᠤᠨ ᠳᠠᠯ᠎ᠠ ᠡᠴᠡ ᠨᠢ ᠠᠪᠴᠤ ᠭᠡᠯᠡᠪᠠᠯ᠂ ① ᠰᠤᠷᠭᠠᠨ ᠭᠦᠮᠦᠵᠢᠯ ᠤᠨ ᠣᠨᠤᠯ᠂ ② ᠵᠢᠭᠠᠨ ᠰᠤᠷᠭᠠᠬᠤ ᠣᠨᠤᠯ᠂ ③ ᠵᠢᠭᠠᠨ ᠰᠤᠷᠭᠠᠬᠤ ᠠᠷᠭ᠎ᠠ᠂ ④ ᠰᠠᠳᠭᠢᠴᠠ ᠵᠢᠢ᠌᠂ ⑤ ᠴᠠᠭ ᠤᠨ ᠪᠠᠢ᠌ᠳᠠᠯ᠂ ⑥ ᠰᠢᠨ᠎ᠠ ᠭᠢᠴᠢᠶᠡᠯ ᠤᠨ ᠥᠭᠡᠷᠴᠢᠯᠡᠯᠳᠡ᠂ ⑦ ᠰᠤᠷᠭᠠᠨ ᠭᠦᠮᠦᠵᠢᠯ ᠤᠨ ᠳᠡᠦᠭᠡ᠂ ⑧ ᠭᠠᠳᠠᠭᠠᠳᠤ ᠳᠤᠳᠤᠭᠠᠳᠤ ᠶᠢᠨ ᠰᠢᠯᠢᠳᠡᠭ᠌ ᠰᠠᠢ᠌ᠬᠠᠨ ᠵᠢᠭᠠᠨ ᠰᠤᠷᠭᠠᠬᠤ ᠠᠷᠭ᠎ᠠ᠂ ⑨ ᠰᠢᠯᠢᠳᠡᠭ᠌ ᠪᠠᠭᠰᠢ ᠨᠡᠷ ᠤᠨ ᠳᠤᠷᠰᠢᠯᠭ᠎ᠠ ᠵᠡᠷᠭᠡ ᠠᠭᠤᠯᠭ᠎ᠠ᠂ ᠣᠨᠤᠯ ᠤᠳ ᠪᠠᠭᠳᠠᠵᠤ ᠪᠠᠢ᠌ᠳᠠᠭ᠃

ᠡᠳᠡᠭᠡᠷ ᠢ ᠪᠦᠷ ᠰᠤᠷᠬᠤ (ᠰᠤᠷᠤᠯᠴᠠᠬᠤ) ᠴᠢᠬᠤᠯᠠᠳᠠᠢ᠂ ᠡᠵᠡᠮᠰᠢᠭᠦ ᠴᠢᠬᠤᠯᠠᠳᠠᠢ᠃ ᠰᠤᠷᠴᠤ ᠡᠵᠡᠮᠰᠢᠭᠡᠳ ᠠᠰᠢᠭᠯᠠᠵᠤ ᠭᠡᠷᠡᠭᠯᠡᠭᠦ ᠴᠢᠬᠤᠯᠠᠳᠠᠢ᠃

ᠳᠤᠭᠠᠨ ᠤ ᠣᠬᠠᠭᠠᠨ ᠤ ᠪᠠᠭᠰᠢ ᠨᠡᠷ ᠲᠤ ᠠᠪᠴᠤ ᠭᠡᠯᠡᠪᠠᠯ᠂ ᠡᠳᠡᠭᠡᠷ ᠢ ᠰᠠᠢ᠌ᠨ ᠰᠤᠷᠴᠤ᠂ ᠰᠤᠷᠤᠯᠴᠠᠬᠤ ᠪᠠᠷ ᠪᠠᠷᠠᠬᠤ ᠦᠭᠡᠶ᠂ ᠳᠤᠭᠠᠨ ᠤ ᠣᠬᠠᠭᠠᠨ ᠵᠢᠭᠠᠬᠤ ᠪᠣᠯᠤᠨ ᠰᠤᠷᠬᠤ᠂ ᠰᠤᠷᠭᠠᠬᠤ ᠣᠨᠤᠯ ᠮᠡᠳᠡᠯᠭᠡ᠂ ᠥᠢᠯᠡᠳᠦᠯᠭᠡ ᠲᠡᠶ ᠬᠤᠯᠪᠣᠭᠳᠠᠭᠰᠠᠨ ᠠᠭᠤᠯᠭ᠎ᠠ ᠤᠳ ᠢ ᠴᠤ ᠢᠯᠡᠭᠦᠤ ᠰᠤᠷᠴᠤ᠂ ᠰᠤᠳᠤᠯᠬᠤ ᠨᠢ ᠴᠢᠬᠤᠯᠠ ᠡᠴᠡ ᠴᠢᠬᠤᠯᠠ᠂ ᠳᠡᠷᠢᠭᠦᠨ ᠴᠢᠬᠤᠯᠠ ᠣᠴᠢᠷ ᠪᠣᠯᠬᠤ ᠨᠢ ᠶᠠᠷᠢᠶᠠᠨ ᠦᠭᠡᠶ ᠪᠢᠯᠠ᠃

ᠭᠡᠪᠠᠴᠤ ᠭᠤᠤᠯ ᠨᠢ ᠦᠪᠡᠷ ᠲᠡᠭᠡᠨ ᠰᠤᠷᠬᠤ ᠳᠤ ᠳᠦᠰᠢᠭᠯᠡᠨ᠎ᠡ᠃

ᠳᠠᠳ᠋ ᠲᠤ᠂ ᠠᠵᠢᠭᠯᠠᠬᠤ᠂ ᠪᠣᠳᠤᠯᠭᠢᠯᠠᠬᠤ᠂ ᠰᠡᠳᠭᠢᠭᠦ ᠰᠠᠢ᠌ᠨ ᠰᠠᠢ᠌ᠬᠠᠨ ᠪᠣᠯᠪᠠᠰᠤᠷᠠᠯ ᠳᠠᠳᠬᠠᠯ ᠲᠡᠶ ᠪᠣᠯᠬᠤ ᠭᠡᠷᠡᠭ᠍ᠳᠡᠢ᠃

ᠠᠵᠢᠭᠯᠠᠬᠤ᠂ ᠪᠣᠳᠤᠯᠭᠢᠯᠠᠬᠤ᠂ ᠰᠡᠳᠭᠢᠭᠦ ᠪᠣᠯᠪᠠᠰᠤᠷᠠᠯ ᠳᠠᠳᠬᠠᠯ ᠭᠡᠵᠤ ᠪᠠᠭᠰᠢ ᠨᠡᠷ ᠡᠡᠭ᠌ ᠤᠨ ᠴᠠᠭ ᠲᠠᠭᠠᠨ᠂ ᠡᠡᠭ᠌ ᠤᠨ ᠵᠣᠢ᠌ᠯᠠᠰ ᠤᠨ ᠶᠠᠭᠤᠮᠠᠰ ᠲᠤ ᠢᠯᠡᠭᠦᠭᠡᠨ ᠵᠠᠳᠠᠯᠤᠯᠳᠠ᠂ ᠳ᠋ᠦ᠋ᠩᠨᠡᠯᠲᠡ᠂ ᠨᠤᠳᠠᠯᠠᠯᠳᠠ ᠭᠢᠵᠤ ᠰᠤᠷᠬᠤ ᠶᠢ ᠭᠡᠯᠡᠵᠤ ᠪᠣᠢ᠃ ᠳᠤᠭᠠᠨ ᠤ ᠣᠬᠠᠭᠠᠨ ᠤ ᠪᠠᠭᠰᠢ ᠳᠤ ᠠᠪᠴᠤ ᠭᠡᠯᠡᠪᠠᠯ᠂ ᠡᠨᠡ ᠪᠣᠯ ᠲᠤᠩ ᠴᠢᠬᠤᠯᠠ᠂ ᠴᠤᠬᠤᠮ ᠭᠡᠷᠡᠭ᠍ᠴᠠᠭᠡᠳᠠᠢ᠃ ᠳᠤᠭᠠᠨ ᠤ ᠣᠬᠠᠭᠠᠨ ᠤ ᠭᠢᠴᠢᠶᠠᠯ ᠨᠢ ᠪᠣᠰᠤᠳ ᠭᠢᠴᠢᠶᠠᠯ ᠲᠡᠶ ᠳᠠᠭᠠᠷᠠᠬᠤ ᠦᠭᠡᠶ᠃ ᠯᠤᠭᠢᠭᠴᠢ ᠴᠢᠨᠠᠷ ᠶᠢᠡᠷ ᠴᠢᠩᠭ᠋᠎ᠠ᠂ ᠪᠣᠳᠠᠳᠠᠢ ᠪᠠᠷ ᠳᠦᠷᠰᠦᠯᠠᠨ ᠰᠡᠳᠭᠢᠭᠦ᠂ ᠳᠦᠷᠰᠦᠯᠠᠨ ᠪᠣᠳᠤᠬᠤ᠂ ᠵᠣᠢ᠌ᠴᠢᠯᠡᠠ ᠳᠤᠮᠢᠶᠠᠴᠢᠯᠠᠬᠤ ᠵᠡᠷᠭᠡ ᠪᠠᠷ ᠴᠢᠩᠭ᠋᠎ᠠ ᠪᠠᠢ᠌ᠳᠠᠭ᠃ ᠳᠤᠭᠠᠨ ᠤ ᠣᠬᠠᠭᠠᠨ ᠤ ᠡᠨᠡᠭᠦ ᠣᠠᠴᠠᠯᠢᠭ ᠰᠢᠠᠵᠢ ᠶᠢ ᠡᠵᠡᠮᠰᠢᠭᠦ᠂ ᠢᠯᠡᠷᠡᠭᠦᠯᠭᠦ ᠳᠤ ᠵᠤᠭᠢᠬᠤ ᠭᠡᠮᠵᠢᠶᠡᠨ ᠤ ᠠᠵᠢᠭᠯᠠᠬᠤ᠂ ᠪᠣᠳᠤᠯᠭᠢᠯᠠᠬᠤ᠂ ᠰᠡᠳᠭᠢᠭᠦ ᠪᠣᠯᠪᠠᠰᠤᠷᠠᠯ ᠳᠠᠳᠬᠠᠯ᠂ ᠴᠢᠳᠠᠪᠣᠷᠢ ᠦᠭᠡᠶ ᠪᠠᠷ ᠪᠣᠯᠬᠤ ᠦᠭᠡᠶ ᠶᠤᠮ᠃ ᠳᠠᠭᠢᠭᠠᠤᠨ ᠭᠡᠯᠡᠪᠠᠯ᠂ ᠦᠪᠡᠷ ᠶᠢᠡᠨ ᠠᠵᠢᠭᠯᠠᠬᠤ᠂ ᠪᠣᠳᠤᠯᠭᠢᠯᠠᠬᠤ᠂ ᠰᠡᠳᠭᠢᠭᠦ ᠪᠣᠯᠪᠠᠰᠤᠷᠠᠯ ᠳᠠᠳᠬᠠᠯ ᠲᠡᠶ ᠪᠣᠯᠬᠤ ᠨᠢ ᠥᠷᠦᠭᠡᠯ ᠪᠣᠰᠤᠳ ᠢ (ᠰᠤᠷᠤᠭᠴᠢᠳ ᠢ) ᠠᠵᠢᠭᠯᠠᠬᠤ᠂ ᠪᠣᠳᠤᠯᠭᠢᠯᠠᠬᠤ᠂ ᠰᠡᠳᠭᠢᠭᠦ ᠰᠠᠢ᠌ᠨ ᠰᠠᠢ᠌ᠬᠠᠨ ᠪᠣᠯᠪᠠᠰᠤᠷᠠᠯ ᠳᠠᠳᠬᠠᠯ ᠲᠡᠶ ᠪᠣᠯᠭᠠᠬᠤ ᠶᠢᠨ ᠣᠷᠢᠳᠠᠯ ᠨᠥᠭᠦᠴᠡᠯ ᠪᠣᠶᠤ ᠰᠠᠭᠤᠷᠢ᠂ ᠳᠡᠪᠢᠰᠭᠡᠷ ᠪᠣᠯᠵᠤ ᠪᠠᠢ᠌ᠳᠠᠭ ᠶᠤᠮ ᠰᠢᠤ︕

ᠭᠤᠳᠠᠭᠠᠷ ᠲᠤ᠂ ᠪᠠᠭᠰᠢ ᠶᠢᠨ ᠭᠡᠯᠡ ᠊᠊᠊᠊᠊᠊᠊᠊᠊᠊᠊᠊᠊᠊᠊ ᠳᠤᠭᠠᠨ ᠤ ᠣᠬᠠᠭᠠᠨ ᠤ ᠭᠡᠯᠡ ᠭᠡᠯᠡᠯᠭᠡ ᠶᠢ ᠰᠠᠢ᠌ᠳᠤᠷ ᠰᠤᠷᠴᠤ ᠡᠵᠡᠮᠰᠢᠭᠦ ᠴᠢᠬᠤᠯᠠᠳᠠᠢ᠃

ᠪᠠᠭᠰᠢ ᠭᠦᠮᠤᠨ ᠳᠤ᠂ ᠪᠠᠭᠰᠢ ᠶᠢᠨ ᠮᠡᠷᠭᠡᠵᠢᠯ ᠤᠨ ᠭᠡᠯᠡ ᠭᠡᠵᠤ ᠪᠣᠢ᠃ ᠶᠠᠭᠤᠨ ᠤ ᠪᠠᠭᠰᠢ᠂ ᠶᠠᠮᠠᠷ ᠲᠦᠷᠦᠯ ᠤᠨ ᠭᠢᠴᠢᠶᠠᠯ ᠭᠦᠮᠦᠵᠢᠯ ᠤᠨ ᠪᠠᠭᠰᠢ ᠪᠣᠯ ᠳᠡᠷᠡᠭᠦ ᠲᠦᠷᠦᠯ ᠤᠨ ᠭᠢᠴᠢᠶᠠᠯ ᠭᠦᠮᠦᠵᠢᠯ ᠤᠨ ᠭᠢᠨᠢ ᠭᠡᠯᠡ ᠭᠡᠵᠤ ᠪᠣᠢ᠃

ᠳᠤᠭᠠᠨ ᠤ ᠣᠬᠠᠭᠠᠨ ᠤ ᠭᠢᠴᠢᠶᠠᠯ ᠭᠦᠮᠦᠵᠢᠯ ᠤᠨ ᠪᠠᠭᠰᠢ ᠳᠤ᠂ ᠳᠤᠭᠠᠨ ᠤ ᠣᠬᠠᠭᠠᠨ ᠤ ᠭᠢᠴᠢᠶᠠᠯ ᠭᠦᠮᠦᠵᠢᠯ ᠤᠨ ᠭᠡᠯᠡ ᠭᠡᠵᠤ ᠪᠣᠢ᠃ ᠳᠤᠭᠠᠨ ᠤ ᠣᠬᠠᠭᠠᠨ ᠤ ᠪᠠᠭᠰᠢ ᠪᠣᠯᠤᠭᠰᠠᠤᠨ᠂ ᠦᠪᠡᠷ ᠤᠨ ᠳᠤᠰᠬᠠᠢ ᠠᠵᠢᠯ ᠮᠡᠷᠭᠡᠵᠢᠯ ᠊᠊᠊᠊᠊᠊᠊᠊᠊᠊᠊᠊᠊᠊᠊ ᠳᠤᠭᠠᠨ ᠤ ᠣᠬᠠᠭᠠᠨ ᠤ ᠪᠠᠨ ᠭᠢᠴᠢᠶᠠᠯ ᠭᠦᠮᠦᠵᠢᠯ ᠭᠡᠯᠡ ᠭᠡᠯᠡᠯᠭᠡ ᠪᠣᠶᠤ ᠳᠤᠭᠠᠨ ᠤ ᠣᠬᠠᠭᠠᠨ ᠤ ᠭᠢᠴᠢᠶᠠᠯ ᠭᠦᠮᠦᠵᠢᠯ ᠲᠡᠶ ᠬᠤᠯᠪᠣᠭᠳᠠᠭᠰᠠᠨ ᠭᠡᠯᠡ ᠭᠡᠯᠡᠯᠭᠡ ᠶᠢ ᠰᠠᠢ᠌ᠳᠤᠷ ᠰᠤᠷᠴᠤ ᠡᠵᠡᠮᠰᠢᠵᠤ ᠠᠪᠬᠤ ᠨᠢ ᠳᠤᠭᠠᠨ ᠤ ᠣᠬᠠᠭᠠᠨ ᠤ ᠭᠢᠴᠢᠶᠠᠯ ᠶᠢᠡᠨ ᠰᠠᠢ᠌ᠳᠤᠷ ᠵᠢᠭᠠᠬᠤ᠂ ᠰᠤᠷᠭᠠᠬᠤ᠂ ᠴᠢᠨᠠᠭᠰᠢᠯᠠᠨ ᠰᠢᠯᠢᠳᠡᠭ᠌ ᠭᠢᠷᠢ ᠪᠦᠳᠦᠮᠵᠢ ᠣᠯᠬᠤ ᠪᠣᠶᠤ ᠭᠠᠷᠭᠠᠬᠤ ᠶᠢᠨ ᠦᠨᠳᠦᠰᠦᠨ ᠪᠠᠳᠤᠯᠠᠭ᠎ᠠ ᠪᠣᠯᠬᠤ ᠪᠢᠯᠠ᠃ ᠳᠤᠭᠠᠨ ᠤ ᠣᠬᠠᠭᠠᠨ ᠤ ᠭᠢᠴᠢᠶᠠᠯ ᠭᠦᠮᠦᠵᠢᠯ ᠤᠨ ᠭᠡᠯᠡ ᠭᠡᠯᠡᠯᠭᠡ ᠪᠣᠶᠤ ᠳᠡᠭᠦᠨ ᠲᠡᠶ ᠬᠤᠯᠪᠣᠭᠳᠠᠭᠰᠠᠨ ᠭᠡᠯᠡ ᠭᠡᠯᠡᠯᠭᠡ ᠶᠢ ᠳᠠᠮᠠᠢ ᠰᠠᠢ᠌ᠨ ᠡᠵᠡᠮᠰᠢᠭ᠍ᠰᠡᠨ ᠦᠭᠡᠶ ᠪᠣᠶᠤ ᠳᠠᠮᠠᠢ ᠮᠡᠳᠡᠭᠦ ᠦᠭᠡᠶ ᠪᠠᠭᠰᠢ᠂ ᠳᠤᠭᠠᠨ ᠤ ᠣᠬᠠᠭᠠᠨ ᠤ ᠭᠢᠴᠢᠶᠠᠯ ᠢ ᠰᠠᠢ᠌ᠬᠠᠨ ᠣᠷᠤᠵᠤ ᠰᠢᠯᠢᠳᠡᠭ᠌ ᠭᠢᠷᠢ ᠪᠦᠳᠦᠮᠵᠢ ᠣᠯᠤᠨ᠎ᠠ᠂ ᠭᠠᠷᠭᠠᠨ᠎ᠠ ᠭᠡᠭ᠍ᠴᠢ ᠴᠢᠳᠠᠰᠢ ᠦᠭᠡᠶ ᠭᠡᠷᠡᠭ᠌ ᠪᠢᠯᠠ︕

ᠳᠦᠳᠡᠭᠡᠷ ᠲᠤ᠂ ᠳᠤᠭᠠᠨ ᠤ ᠣᠬᠠᠭᠠᠨ ᠤ ᠭᠢᠴᠢᠶᠠᠯ ᠵᠢᠭᠠᠬᠤ ᠠᠷᠭ᠎ᠠ ᠰᠠᠳᠭᠢᠴᠠ ᠶᠢ ᠰᠠᠢ᠌ᠳᠤᠷ ᠰᠤᠷᠴᠤ ᠰᠤᠳᠤᠯᠤᠨ᠂ ᠡᠵᠡᠮᠰᠢᠭᠦ ᠭᠡᠷᠡᠭ᠍ᠳᠡᠢ᠃

ᠳᠤᠭᠠᠨ ᠤ ᠣᠬᠠᠭᠠᠨ ᠵᠢᠭᠠᠬᠤ ᠠᠷᠭ᠎ᠠ ᠰᠠᠳᠭᠢᠴᠠ ᠣᠯᠠᠨ ᠵᠣᠢ᠌ᠯ ᠤᠨ᠂ ᠣᠯᠠᠨ ᠲᠦᠷᠦᠯ ᠤᠨ ᠪᠠᠢ᠌ᠬᠤ ᠨᠢ ᠳᠠᠮᠵᠢᠭ ᠦᠭᠡᠶ᠃ ᠮᠠᠨᠠᠢ᠌ᠭᠢᠨ ᠤ ᠳᠤᠭᠠᠨ ᠤ ᠣᠬᠠᠭᠠᠨ ᠤ ᠪᠠᠭᠰᠢ ᠨᠡᠷ ᠳᠤᠤᠷᠠᠭᠢ ᠭᠡᠳᠤᠨ ᠵᠣᠢ᠌ᠯ ᠤᠨ (ᠠᠭᠤᠯᠭ᠎ᠠ ᠶᠢᠨ) ᠠᠷᠭ᠎ᠠ ᠶᠢ ᠡᠵᠡᠮᠰᠢᠪᠠᠯ ᠵᠤᠭᠢᠯᠳᠠᠢ︕

① ᠰᠢᠨ᠎ᠠ ᠠᠷᠭ᠎ᠠ ᠶᠢ ᠡᠵᠡᠮᠰᠢᠭᠦ

② ᠬᠠᠭᠤᠴᠢᠨ ᠠᠷᠭ᠎ᠠ ᠶᠢ ᠡᠵᠡᠮᠰᠢᠭᠦ

③ᠰᠢᠨ᠎ᠠ ᠬᠠᠭᠤᠴᠢᠨ ᠠᠷᠭ᠎ᠠ ᠶᠢ ᠴᠦᠮ ᠢ ᠡᠵᠡᠮᠰᠢᠭᠦ

④ᠰᠢᠨ᠎ᠠ ᠬᠠᠭᠤᠴᠢᠨ ᠠᠷᠭ᠎ᠠ ᠶᠢ (ᠬᠤᠶᠠᠭᠤᠯᠠ ᠶᠢ) ᠣᠶᠠᠯᠳᠤᠭᠤᠯᠤᠨ ᠡᠵᠡᠮᠰᠢᠭᠡᠳ᠂ ᠳᠤᠮᠳᠠ ᠡᠴᠡ ᠨᠢ ᠦᠪᠡᠷ ᠤᠨ ᠭᠡᠰᠡᠨ ᠰᠢᠨ᠎ᠠ ᠨᠢᠭᠡᠨ ᠠᠷᠭ᠎ᠠ ᠶᠢ ᠰᠠᠳᠤᠨ ᠭᠠᠷᠭᠠᠬᠤ᠂ ᠰᠠᠳᠭᠢᠨ ᠢᠯᠡᠷᠡᠭᠦᠯᠭᠦ

⑤ ᠵᠢᠭᠠᠵᠤ ᠪᠠᠢ᠌ᠭ᠎ᠠ ᠭᠢᠴᠢᠶᠠᠯ᠂ ᠠᠩᠭᠢ ᠶᠢᠨ ᠶᠢᠡᠨ ᠰᠤᠷᠤᠭᠴᠢᠳ ᠤᠨ ᠣᠠᠴᠠᠯᠢᠭ᠂ ᠰᠠᠳᠭᠢᠴᠠ᠂ ᠮᠡᠳᠡᠯᠭᠡ᠂ ᠴᠢᠳᠠᠪᠣᠷᠢ ᠶᠢᠨ ᠰᠠᠭᠤᠷᠢ ᠳᠤ ᠳᠤᠭᠢᠷᠠᠭᠰᠠᠨ ᠠᠷᠭ᠎ᠠ ᠶᠢ ᠰᠠᠳᠤᠨ ᠢᠯᠡᠷᠡᠭᠦᠯᠭᠦ ᠵᠡᠷᠭᠡ᠃

ᠡᠳᠡᠭᠡᠷ ᠴᠦᠮ ᠴᠢᠬᠤᠯᠠ ᠴᠦᠮ ᠭᠡᠷᠡᠭ᠍ᠴᠠᠭᠡᠳᠠᠢ ᠴᠦᠮ ᠴᠢᠬᠤᠯᠠᠴᠢᠯᠠᠭ᠎ᠠ ᠲᠡᠶ᠃ ᠮᠠᠨᠠᠢ᠌ᠭᠢᠨ ᠤ ᠳᠤᠭᠠᠨ ᠤ ᠣᠬᠠᠭᠠᠨ ᠤ ᠪᠠᠭᠰᠢ ᠨᠡᠷ ᠤᠨ ᠣᠳᠤᠭᠢ ᠪᠠᠢ᠌ᠳᠠᠯ᠂ ᠵᠢᠭᠠᠨ ᠰᠤᠷᠭᠠᠯᠳᠠ ᠳᠤ ᠴᠢᠬᠤᠯᠠᠴᠢᠯᠠᠭᠳᠠᠬᠤ᠂ ᠭᠡᠷᠡᠭᠯᠡᠭ᠍ᠳᠡᠭᠦ ᠠᠷᠭ᠎ᠠ ᠵᠣᠢ᠌ᠯᠠᠰ᠃

ᠳᠠᠪᠣᠳᠤᠭᠠᠷ ᠲᠤ᠂ ᠦᠪᠡᠷ ᠤᠨ ᠭᠡᠰᠡᠨ ᠵᠢᠭᠠᠨ ᠰᠤᠷᠭᠠᠬᠤ ᠭᠡᠪ ᠨᠠᠮᠪᠠ ᠶᠢ ᠪᠦᠷᠢᠯᠳᠦᠭᠦᠯᠭᠦ ᠴᠢᠬᠤᠯᠠᠳᠠᠢ᠃

ᠭᠡᠪ ᠨᠠᠮᠪᠠ ᠭᠡᠳᠡᠭ᠌ ᠨᠢ᠂ ᠦᠪᠡᠷ ᠤᠨ ᠭᠡᠰᠡᠨ᠂ ᠥᠷᠦᠭᠡᠯ ᠪᠣᠰᠤᠳ ᠡᠴᠡ ᠢᠯᠭᠠᠭᠳᠠᠬᠤ ᠵᠣᠢ᠌ᠯᠠᠰ ᠤᠨ ᠶᠠᠭᠤᠮ᠎ᠠ ᠶᠢ ᠭᠡᠯᠡᠵᠤ ᠪᠠᠢ᠌ᠭ᠎ᠠ ᠶᠤᠮ᠃ ᠪᠠᠭᠰᠢ ᠪᠣᠯᠭᠠᠨ ᠦᠪᠡᠷ ᠤᠨ ᠭᠡᠰᠡᠨ᠂ ᠥᠷᠦᠭᠡᠯ ᠪᠣᠰᠤᠳ ᠡᠴᠡ ᠢᠯᠭᠠᠭᠳᠠᠬᠤ ᠵᠢᠭᠠᠨ ᠰᠤᠷᠭᠠᠬᠤ ᠠᠷᠭ᠎ᠠ᠂ ᠰᠠᠳᠭᠢᠴᠠ᠂ ᠣᠠᠴᠠᠯᠢᠭ ᠲᠡᠶ ᠪᠠᠢ᠌ᠬᠤ ᠭᠡᠷᠡᠭ᠍ᠳᠡᠢ᠃ ᠬᠠᠯᠠᠰᠢᠷᠠᠯ ᠦᠭᠡᠶ ᠪᠠᠷ ᠰᠤᠷᠴᠤ᠂ ᠰᠤᠳᠤᠯᠵᠤ᠂ ᠰᠢᠡᠵᠢᠭᠡᠳ᠂ ᠠᠵᠢᠯ ᠤᠨ ᠦᠷ᠎ᠡ ᠪᠦᠳᠦᠮᠵᠢ ᠪᠠᠨ ᠥᠳᠲᠡᠷ ᠳᠦᠷᠭᠡᠭᠡᠨ ᠳᠡᠭᠡᠭ᠍ᠰᠢᠯᠡᠭᠦᠯᠵᠤ᠂ ᠳᠤᠷᠰᠢᠯᠭ᠎ᠠ ᠰᠤᠷᠭᠠᠮᠵᠢ ᠣᠯᠠᠨ ᠠᠷᠪᠢᠨ ᠬᠤᠷᠠᠮᠳᠤᠭᠤᠯᠵᠤ ᠦᠪᠡᠷ ᠤᠨ ᠭᠡᠰᠡᠨ ᠭᠡᠪ ᠨᠠᠮᠪᠠ ᠶᠢ ᠪᠣᠢ ᠪᠣᠯᠭᠠᠬᠤ᠂ ᠪᠦᠷᠢᠯᠳᠦᠭᠦᠯᠭᠦ ᠭᠡᠷᠡᠭ᠍ᠳᠡᠢ᠃ ᠦᠪᠡᠷ ᠤᠨ ᠭᠡᠰᠡᠨ ᠭᠡᠪ ᠨᠠᠮᠪᠠ ᠶᠢ ᠪᠦᠷᠢᠯᠳᠦᠭᠦᠯᠵᠤ ᠪᠣᠢ ᠪᠣᠯᠭᠠᠴᠢᠬᠠᠪᠠᠯ᠂ ᠥᠷᠦᠭᠡᠯ ᠤᠨ ᠳᠤᠮᠳᠠ ᠶᠠᠪᠣᠵᠤ ᠪᠣᠰᠤᠳ ᠤᠨ ᠳᠡᠷᠭᠡᠳᠡ ᠵᠤᠭᠰᠤᠬᠤ ᠳᠤ᠂ 《ᠥᠩᠭᠡ》 ᠲᠡᠶ᠂ 《ᠭᠡᠷᠡᠯ》 ᠲᠡᠶ᠂ 《ᠥᠭᠡᠳᠡᠯᠡᠯ》 ᠲᠡᠶ᠂ 《ᠵᠢᠪᠬᠤᠭ᠎ᠠ》 ᠲᠡᠶ ᠪᠢᠯᠠ᠃ ᠡᠨᠡ ᠪᠣᠯ ᠳᠠᠷᠤᠢ ᠭᠡᠪ ᠨᠠᠮᠪᠠ᠃ ᠭᠡᠪ ᠨᠠᠮᠪᠠ ᠶᠢᠨ ᠢᠳᠠ ᠭᠦᠴᠤᠨ ᠪᠢᠯᠠ᠃

ᠵᠢᠷᠭᠤᠳᠤᠭᠠᠷ ᠲᠤ᠂ ᠰᠤᠷᠬᠤ ᠪᠣᠶᠤ ᠰᠤᠷᠭᠠᠬᠤ ᠠᠷᠭ᠎ᠠ ᠶᠢ ᠰᠠᠢ᠌ᠳᠤᠷ ᠰᠤᠳᠤᠯᠤᠨ ᠡᠵᠡᠮᠰᠢᠭᠦ ᠴᠢᠬᠤᠯᠠᠳᠠᠢ᠃

ᠰᠤᠷᠬᠤ ᠭᠡᠳᠡᠭ᠌ ᠨᠢ ᠰᠤᠷᠤᠭᠴᠢᠳ ᠤᠨ ᠰᠤᠷᠬᠤ (ᠰᠤᠷᠤᠯᠴᠠᠬᠤ) ᠶᠢ ᠭᠡᠯᠡᠨ᠎ᠡ᠃

ᠰᠤᠷᠭᠠᠬᠤ ᠭᠡᠳᠡᠭ᠌ ᠨᠢ ᠪᠠᠭᠰᠢ ᠶᠢᠨ ᠵᠢᠭᠠᠬᠤ᠂ ᠰᠤᠷᠤᠭᠴᠢᠳ ᠲᠤ ᠰᠤᠷᠤᠭᠤᠯᠬᠤ (ᠡᠵᠡᠮᠰᠢᠭᠦᠯᠭᠦ) ᠶᠢ ᠭᠡᠯᠡᠨ᠎ᠡ᠃

ᠰᠤᠷᠬᠤ ᠪᠣᠶᠤ ᠰᠤᠷᠭᠠᠬᠤ ᠠᠷᠭ᠎ᠠ ᠶᠢ ᠡᠵᠡᠮᠰᠢᠨ᠎ᠡ ᠭᠡᠳᠡᠭ᠌ ᠨᠢ ᠡᠨᠡ ᠬᠤᠶᠠᠭᠤᠯᠠ ᠶᠢ ᠴᠦᠮ ᠡᠵᠡᠮᠰᠢᠭᠦ ᠶᠢ ᠭᠡᠯᠡᠨ᠎ᠡ᠃ ᠪᠠᠭᠰᠢ ᠪᠣᠯᠤᠭᠰᠠᠨ ᠭᠦᠮᠤᠨ ᠡᠨᠡ ᠬᠤᠶᠠᠷ ᠵᠣᠢ᠌ᠯ ᠤᠨ ᠠᠷᠭ᠎ᠠ ᠶᠢ ᠴᠦᠮ ᠡᠵᠡᠮᠰᠢᠭᠦ ᠭᠡᠷᠡᠭ᠍ᠳᠡᠢ ᠪᠢᠯᠠ᠃

ᠳᠤᠯᠤᠳᠤᠭᠠᠷ ᠲᠤ᠂ ᠵᠢᠭᠠᠬᠤ ᠪᠠᠭᠠᠵᠢ ᠭᠡᠷᠡᠭ᠍ᠰᠡᠯ ᠢ ᠰᠠᠢ᠌ᠳᠤᠷ ᠵᠠᠷᠤᠵᠤ ᠠᠰᠢᠭᠯᠠᠵᠤ ᠰᠤᠷᠬᠤ ᠭᠡᠷᠡᠭ᠍ᠳᠡᠢ᠃

ᠳᠤᠭᠠᠨ ᠤ ᠣᠬᠠᠭᠠᠨ ᠤ ᠭᠢᠴᠢᠶᠠᠯ ᠨᠢ ᠭᠡᠯᠡ ᠪᠢᠴᠢᠭ᠌ ᠤᠨ ᠭᠢᠴᠢᠶᠠᠯ ᠪᠣᠶᠤ ᠪᠣᠰᠤᠳ ᠲᠦᠷᠦᠯ ᠤᠨ ᠭᠢᠴᠢᠶᠠᠯ ᠲᠡᠶ ᠳᠠᠭᠠᠷᠠᠬᠤ ᠦᠭᠡᠶ᠃ ᠥᠵᠡᠭᠦᠯᠵᠤ ᠳᠠᠨᠢᠭᠤᠯᠬᠤ ᠪᠠᠷ ᠭᠤᠤᠯ ᠠᠷᠭ᠎ᠠ ᠭᠡᠯᠪᠠᠷᠢ ᠪᠠᠨ ᠪᠣᠯᠭᠠᠳᠠᠭ᠃ ᠡᠢ᠌ᠮᠤ ᠡᠴᠡ ᠳᠤᠭᠠᠨ ᠤ ᠣᠬᠠᠭᠠᠨ ᠤ ᠪᠠᠭᠰᠢ ᠨᠡᠷ ᠵᠢᠭᠠᠬᠤ ᠪᠠᠭᠠᠵᠢ ᠭᠡᠷᠡᠭ᠍ᠰᠡᠯ ᠢ ᠰᠠᠢ᠌ᠳᠤᠷ ᠭᠡᠷᠡᠭᠯᠡᠵᠤ ᠠᠰᠢᠭᠯᠠᠵᠤ ᠰᠤᠷᠬᠤ ᠨᠢ ᠲᠤᠩ ᠴᠢᠬᠤᠯᠠ ᠪᠠᠢ᠌ᠳᠠᠭ᠃ ᠡᠭᠦᠨ ᠳᠤ᠂

① ᠰᠢᠨ᠎ᠠ ᠰᠢᠨ᠎ᠠ ᠵᠢᠭᠠᠬᠤ ᠪᠠᠭᠠᠵᠢ ᠭᠡᠷᠡᠭ᠍ᠰᠡᠯ ᠢ ᠵᠤᠬᠢᠶᠠᠨ ᠭᠡᠷᠡᠭᠯᠡᠵᠤ ᠰᠤᠷᠬᠤ

② ᠬᠠᠭᠤᠴᠢᠨ ᠵᠢᠭᠠᠬᠤ ᠪᠠᠭᠠᠵᠢ ᠭᠡᠷᠡᠭ᠍ᠰᠡᠯ ᠢ ᠰᠡᠷᠭᠦᠭᠡᠨ ᠵᠤᠬᠢᠶᠠᠵᠤ᠂ ᠭᠡᠷᠡᠭᠯᠡᠵᠤ᠂ ᠠᠰᠢᠭᠯᠠᠵᠤ ᠰᠤᠷᠬᠤ

③ ᠵᠢᠵᠢᠭ᠌ ᠰᠠᠮᠪᠠᠷ᠎ᠠ᠂ ᠴᠭᠠᠰᠤᠨ ᠺᠠᠷᠲ᠋ ᠢ᠂ ᠵᠢᠭᠠᠬᠤ ᠵᠢᠷᠤᠭ ᠪᠣᠶᠤ ᠪᠣᠰᠤᠳ ᠡᠡᠭ᠌ ᠤᠨ ᠵᠢᠭᠠᠬᠤ ᠪᠠᠭᠠᠵᠢ ᠭᠡᠷᠡᠭᠯᠡᠭᠦᠷ ᠢ ᠴᠤ ᠴᠦᠮ ᠠᠰᠢᠭᠯᠠᠵᠤ ᠭᠡᠷᠡᠭᠯᠡᠵᠤ ᠰᠤᠷᠬᠤ ᠵᠡᠷᠭᠡ ᠪᠣᠯ ᠪᠦᠷ ᠴᠤ ᠴᠢᠬᠤᠯᠠ ᠮᠥᠷᠳᠡᠭᠡᠨ ᠭᠡᠷᠡᠭ᠍ᠴᠠᠭᠡᠳᠠᠢ ᠪᠠᠢ᠌ᠳᠠᠭ ᠪᠢᠯᠠ᠃ ᠪᠠᠭᠰᠢ ᠨᠡᠷ ᠮᠢᠨᠢ ᠭᠡᠷᠡᠭᠯᠡᠵᠤ ᠠᠰᠢᠭᠯᠠᠵᠤ ᠰᠤᠷᠤᠭᠠᠷᠠᠢ︕

ᠨᠢ᠋ᠮᠠᠳᠤᠭᠠᠷ ᠲᠤ᠂ ᠡᠡᠭ᠌ ᠤᠨ ᠴᠠᠭ ᠲᠠᠭᠠᠨ ᠭᠢᠴᠢᠶᠠᠯ ᠪᠡᠯᠡᠳᠭᠡᠭᠦ ᠪᠣᠯᠤᠨ ᠭᠢᠴᠢᠶᠠᠯ ᠣᠷᠤᠬᠤ ᠳᠤᠬᠠᠢ ᠢᠯᠡᠭᠦᠤ ᠨᠢᠭᠳᠠᠯᠠᠵᠤ ᠰᠤᠳᠤᠯᠬᠤ ᠭᠡᠷᠡᠭ᠍ᠳᠡᠢ᠃

ᠭᠢᠴᠢᠶᠠᠯ ᠪᠡᠯᠡᠳᠭᠡᠭᠦ ᠪᠣᠶᠤ ᠭᠢᠴᠢᠶᠠᠯ ᠣᠷᠤᠬᠤ ᠲᠡᠶ ᠬᠤᠯᠪᠣᠭᠳᠠᠬᠤ ᠵᠣᠢ᠌ᠯᠠᠰ ᠲᠤᠩ ᠣᠯᠠᠨ᠃ ᠳᠠᠷᠠ ᠪᠦᠭᠦᠨ ᠢ ᠪᠦᠷ ᠢ ᠡᠵᠡᠮᠰᠢᠵᠤ ᠠᠪᠴᠤ ᠴᠢᠳᠠᠬᠤ ᠦᠭᠡᠶ᠂ ᠠᠮᠵᠢᠬᠤ ᠦᠭᠡᠶ ᠭᠡᠰᠡᠨ ᠴᠤ᠂ ᠶᠡᠭᠡ ᠲᠦᠯᠦᠪ① ᠭᠢᠴᠢᠶᠠᠯ ᠪᠡᠯᠡᠳᠭᠡᠭᠦ ᠡᠴᠡ ᠡᠮᠦᠨᠡᠭᠢ ᠪᠡᠯᠡᠳᠭᠡᠯ (ᠰᠡᠳᠭᠢᠭᠦ᠂ ᠪᠣᠳᠤᠯᠭᠢᠯᠠᠬᠤ ᠶᠠᠪᠣᠴᠠ)᠂ ② ᠺᠤᠨᠰᠫᠧᠺᠲ᠋ ᠶᠢᠡᠨ ᠰᠠᠢ᠌ᠳᠤᠷ ᠵᠤᠬᠢᠶᠠᠨ ᠪᠢᠴᠢᠭᠦ᠂ ③ ᠭᠢᠴᠢᠶᠠᠯ ᠶᠢᠡᠨ ᠳᠤᠭᠳᠠᠭᠰᠠᠨ ᠴᠠᠭ ᠲᠠᠭᠠᠨ ᠳᠤᠭᠳᠠᠭᠰᠠᠨ ᠠᠭᠤᠯᠭ᠎ᠠ ᠪᠠᠷ ᠵᠢᠭᠠᠬᠤ᠂ ④ ᠭᠤᠤᠯᠳᠠᠯᠭ᠎ᠠ᠂ ᠭᠦᠴᠢᠷᠳᠡᠯᠭᠡ ᠶᠢ ᠣᠨᠤᠪᠴᠢᠳᠠᠢ ᠠᠳᠬᠤᠬᠤ᠂ ᠳᠤᠪᠣᠢ᠌ᠯᠭᠠᠬᠤ᠂ ⑤ ᠳᠠᠰᠬᠠᠯ᠂ ᠪᠣᠯᠪᠠᠰᠤᠷᠠᠯ ᠢ ᠳᠠᠩᠴᠠᠪᠣᠷᠢ ᠲᠡᠶ ᠵᠤᠭᠢᠴᠠᠭᠤᠯᠬᠤ᠂ ⑥ ᠭᠢᠴᠢᠶᠡᠯᠯᠡᠭᠡ ᠶᠢᠨ ᠶᠠᠪᠣᠴᠠ ᠳᠤ ᠲᠤᠬᠢᠶᠠᠯᠳᠤᠭᠰᠠᠨ ᠭᠦᠴᠢᠷ ᠲᠡᠶ᠂ ᠮᠠᠳᠠᠭ ᠲᠡᠶ ᠠᠰᠠᠭᠤᠳᠠᠯ ᠢ ᠣᠷᠠᠯᠢᠭ ᠶᠢᠡᠷ ᠵᠠᠳᠠᠯᠵᠤ ᠰᠢ᠌ᠳᠪᠦᠷᠢᠯᠡᠭᠦ᠂ ⑦ ᠮᠡᠳᠡᠯᠭᠡ᠂ ᠴᠢᠳᠠᠪᠣᠷᠢ ᠶᠢᠨ ᠭᠦᠮᠦᠵᠢᠯ ᠢ ᠵᠤᠭᠢᠴᠠᠩᠭ᠋ᠤᠢ ᠪᠠᠢ᠌ᠯᠭᠠᠬᠤ᠂ ⑧ ᠰᠤᠷᠤᠭᠴᠢᠳ ᠤᠨ ᠮᠡᠳᠡᠭ᠍ᠰᠡᠨ᠂ ᠴᠢᠳᠠᠭᠰᠠᠨ ᠪᠣᠶᠤ ᠮᠡᠳᠡᠭ᠍ᠰᠡᠨ ᠦᠭᠡᠶ᠂ ᠴᠢᠳᠠᠭᠰᠠᠨ ᠦᠭᠡᠶ ᠵᠣᠢ᠌ᠯᠠᠰ ᠳᠤᠨᠢ ᠵᠦᠪ ᠣᠨᠤᠪᠴᠢᠯᠢᠭ ᠶᠢᠡᠷ ᠦᠨᠡᠯᠠᠯᠳᠠ᠂ ᠳ᠋ᠦ᠋ᠩᠨᠡᠯᠲᠡ᠂ ᠬᠠᠷᠢᠭᠤᠯᠳᠠ᠂ ᠨᠤᠳᠠᠯᠠᠯᠳᠠ ᠥᠭ᠍ᠴᠤ ᠪᠠᠢ᠌ᠬᠤ ᠵᠡᠷᠭᠡ ᠵᠣᠢ᠌ᠯᠠᠰ ᠢ ᠰᠠᠢ᠌ᠳᠤᠷ ᠡᠵᠡᠮᠰᠢᠵᠤ ᠠᠪᠣᠭᠰᠠᠨ ᠪᠠᠢ᠌ᠬᠤ ᠭᠡᠷᠡᠭ᠍ᠳᠡᠢ᠃ ᠡᠳᠡᠭᠡᠷ ᠪᠣᠯ ᠭᠢᠴᠢᠶᠠᠯ ᠶᠢᠡᠨ ᠴᠢᠨᠠᠷᠯᠢᠭ ᠰᠠᠢ᠌ᠨ ᠵᠢᠭᠠᠬᠤ ᠵᠢᠨ ᠣᠷᠢᠳᠠᠯ ᠪᠣᠶᠤ ᠥᠷᠭᠦᠯᠵᠢᠯᠡᠯ᠂ ᠪᠠᠳᠤᠯᠠᠭ᠎ᠠ ᠪᠣᠯᠬᠤ ᠵᠣᠢ᠌ᠯᠠᠰ᠃ ᠡᠭᠦᠨ ᠢ ᠰᠠᠢ᠌ᠳᠤᠷ ᠡᠵᠡᠮᠰᠢᠭᠦ ᠨᠢ ᠵᠦᠪ ᠪᠢᠯᠠ᠃


2008.10.31—11.3 ᠳ᠋ᠤ ᠠᠩᠬ᠎ᠠ ᠨᠤᠤᠷᠠᠭᠯᠠᠵᠤ᠂ 2008.3.19 ᠳ᠋ᠤ ᠪᠠᠭ᠎ᠠ ᠵᠠᠰᠠᠯᠳᠠ ᠣᠷᠤᠭᠤᠯᠪᠠ᠃

ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 6033
ᠴᠠᠭ᠄ 2009 ᠤᠨ ᠤ 04 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ