☆ ᠬᠠᠰᠭᠢᠷᠤᠯ
ᠬᠠᠪᠣᠷ ᠢᠷᠡᠭᠦᠢ
ᠵᠤᠵᠠᠭᠠᠨ ᠭᠦᠷᠮ᠎ᠡ ᠪᠠᠨ ᠳᠠᠢ᠌ᠴᠢᠵᠤ
ᠡᠵᠢ ᠬᠠᠪᠣᠷ ᠠᠢ᠌ᠰᠤᠢ
ᠵᠤᠪᠠᠯ ᠵᠢᠷᠭᠠᠯ ᠤᠨ ᠵᠠᠭᠠᠳᠠᠰᠤ ᠨᠡᠭᠡᠭᠡᠵᠤ
ᠣᠷᠴᠢᠯᠠᠩ ᠤᠨ ᠬᠠᠪᠣᠷ ᠠᠮᠤᠷᠵᠢᠩᠭᠤᠢ
ᠵᠤᠪᠠᠵᠤ ᠡᠪᠠᠦᠡᠭᠦ ᠳᠡᠭᠡᠨ ᠬᠠᠪᠣᠷ
ᠨᠤᠳᠤᠭ ᠤᠨ ᠳᠤᠭᠤᠰᠤ ᠪᠠᠷ ᠢᠠᠴᠠᠭᠯᠠᠨᠠ ᠭᠡᠨ᠎ᠡ
ᠵᠤᠷᠭᠤ ᠪᠠᠷ ᠳᠡᠭ᠍ᠷᠢ ᠶᠢᠨ ᠴᠢᠷᠠᠢ ᠶᠢ
ᠳᠤᠯᠤᠭ᠎ᠠ ᠪᠠᠭᠤᠯᠭᠠᠵᠤ ᠰᠢᠯᠠᠷᠠᠨᠠ ᠭᠡᠨ᠎ᠡ
ᠬᠠᠷᠠᠩᠭᠤᠢ ᠰᠠᠯᠭᠢ ᠪᠣᠰᠤᠭᠠᠤᠨ ᠯᠠ
ᠬᠠᠪᠣᠷ ᠢᠷᠡᠭᠦ ᠨᠢ ᠡ ᠭᠡᠳᠡᠯ᠎ᠡ
ᠬᠠᠬᠠᠭ ᠠᠰᠠᠭ᠎ᠠ ᠪᠠᠨ ᠪᠣᠳᠠᠷᠠᠭᠠᠵᠤ ᠰᠢᠨ᠎ᠡ ᠬᠠᠪᠣᠷ
ᠮᠦᠴᠢᠷ ᠤᠨ ᠦᠶᠡᠨ ᠡᠴᠠ ᠪᠦᠯᠳᠡᠢ᠌ᠨᠡ ᠭᠡᠨ᠎ᠡ
ᠡᠵᠢ ᠵᠤᠭ ᠳᠤᠰᠤᠭᠠᠤᠨ ᠬᠠᠷᠠᠬᠤ ᠳ᠋ᠤ
ᠵᠤᠤᠬᠠᠨ ᠳᠤᠤᠷ᠎ᠠ ᠨᠢᠯᠬ᠎ᠠ ᠨᠤᠭᠤᠭ᠎ᠠ
ᠵᠤᠯᠠᠢ ᠪᠠᠨ ᠬᠣᠢ᠌ᠬᠠᠯᠠᠭᠠᠤᠨ ᠭᠦᠭᠡᠷᠡᠨᠡ ᠭᠡᠨ᠎ᠡ
ᠭᠤᠤᠯ ᠭᠤᠷᠤᠬ᠎ᠠ
ᠬᠠᠳᠠᠭᠢᠨᠠᠨ ᠳᠠᠢ᠌ᠯᠠᠭᠠᠷᠠᠵᠤ
ᠳᠡᠯᠪᠠᠷᠡᠭ᠍ᠰᠡᠨ ᠬᠠᠪᠣᠷ
ᠨᠤᠳᠤᠭ ᠦᠨᠦᠰᠤᠨ ᠪᠦᠭᠦᠢᠨᠡᠮ
ᠠᠮᠢᠳᠠᠨ ᠭᠤᠤᠯᠳᠠᠨ
ᠬᠠᠩᠭᠢᠨᠠᠨ ᠪᠣᠰᠴᠤ
ᠡᠵᠢ ᠬᠠᠪᠣᠷ
ᠰᠢᠪᠠᠭᠤᠳ ᠤᠨ ᠳᠠᠭᠤ ᠪᠠᠷ ᠳᠠᠨᠠᠢ᠌ᠨᠠᠮ
ᠬᠠᠪᠣᠷ ᠢᠷᠡᠭᠦᠢ ᠁
ᠵᠤᠬᠢᠶᠠᠭᠴᠢ ᠶᠢᠨ ᠬᠠᠶᠢᠭ ᠄ ᠳᠡᠯᠡᠭᠡᠢ ᠬᠤᠳᠠ
ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2011 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ