ᠨᠡᠪᠲᠡᠷᠡᠨ ᠤᠷᠤᠬᠤ
ᠬᠠᠪᠣᠷ ᠤᠨ ᠪᠣᠷᠤᠭᠠᠨ ᠳ᠋ᠤ

ᠭᠦᠭᠡ ᠡᠭᠦᠯᠡᠰ ᠳᠡᠭ᠍ᠷᠢ ᠪᠠᠨ ᠨᠠᠯᠠᠨ ᠡᠷᠭᠡᠯᠡᠭᠦᠢ

ᠭᠦᠯᠦᠭ᠌ ᠤᠨ ᠳᠦᠪᠠᠷᠭᠡᠨ ᠮᠠᠳᠤ ᠪᠣᠷᠤᠭᠠᠨ ᠭᠤᠨᠢᠭ ᠢ ᠮᠢᠨᠢ ᠬᠠᠩᠵᠠᠯᠠᠨ᠎ᠠ

ᠭᠦᠮᠤᠨ ᠤ ᠦᠬᠢᠨ ᠤ ᠬᠣᠢ᠌ᠨ᠎ᠠ ᠡᠴᠡ ᠰᠠᠨᠠᠭ᠎ᠠ ᠠᠯᠳᠠᠬᠤ ᠶᠢᠨ ᠡᠷᠭᠡᠨ ᠳᠤ

ᠭᠦᠡᠳᠡᠭ᠍ᠳᠡᠭ᠍ᠰᠡᠨ ᠰᠡᠳᠭᠢᠯ ᠶᠢᠡᠨ ᠥᠢᠮᠦᠷᠡᠭᠤᠯᠵᠤ ᠡᠷ᠎ᠡ ᠭᠦᠮᠤᠨ ᠭᠠᠭᠴᠠᠭᠠᠷ ᠦᠯᠠᠳᠠᠨ᠎ᠡ᠂   

ᠭᠠᠭᠴᠠᠭᠠᠷ ᠶᠢᠡᠨ ᠭᠡᠵᠤ ᠪᠣᠳᠤᠬᠤ ᠪᠠᠷ ᠳᠤᠳᠤᠷ᠎ᠠ ᠬᠠᠷᠠᠩᠭ᠋ᠣᠢ᠌ᠯᠠᠭᠠᠤᠨ

ᠭᠠᠳᠠᠨ᠎ᠠ ᠵᠤᠭᠰᠤᠭᠠᠤᠨ ᠯᠠ ᠪᠠᠢ᠌ᠮᠠᠷ ᠭᠡᠨᠡᠨ ᠵᠠᠩ ᠭᠦᠳᠡᠯᠦᠭᠡᠳ

ᠭᠠᠷ ᠲᠤ ᠮᠢᠨᠢ ᠨᠤᠷᠤᠭᠰᠠᠨ ᠣᠳᠠᠰᠤ ᠪᠣᠷᠤᠭᠠᠨ ᠳᠤ ᠴᠠᠴᠠᠷᠠᠨ ᠵᠢᠩᠭᠢᠨᠡᠭᠡᠳ ᠯᠠ

ᠭᠠᠯᠳᠤ ᠳᠡᠷᠭᠡ ᠳᠡᠷᠳᠡᠭᠡ ᠭᠢᠵᠠᠭᠠᠷ ᠲᠤ ᠨᠢᠭᠡ ᠯᠠ ᠳᠤᠰᠤᠯ ᠪᠣᠯᠤᠨ ᠵᠠᠮᠬᠠᠷᠠᠨ᠎ᠠ᠃   

ᠮᠠᠷᠳᠠᠭᠰᠠᠨ ᠠᠯᠳᠠᠭᠰᠠᠨ ᠪᠦᠭᠦᠨ ᠪᠣᠳᠤᠯ ᠳᠤ ᠵᠠᠩᠭᠢᠷᠠᠭᠠᠤᠨ ᠪᠠᠢ᠌ᠬᠤ ᠳᠤ

ᠶᠠᠭᠠᠷᠠᠵᠤ ᠣᠷᠤᠬᠤ ᠪᠣᠷᠤᠭᠠᠨ ᠴᠢᠨᠤ ᠭᠠᠰᠢᠭᠤᠨ ᠭᠡᠳᠡᠭ᠌ ᠢ ᠶᠠᠭᠠᠭᠢᠨ᠎ᠠ

ᠮᠢᠩᠭ᠋ᠠᠨ ᠨᠠᠪᠴᠢ ᠳᠡᠯᠭᠡᠷᠡᠵᠤ ᠶᠠᠳᠠᠨ ᠭᠦᠯᠢᠶᠡᠵᠤ ᠪᠠᠢ᠌ᠬᠤ ᠳᠤ

ᠶ‍ᠢᠰᠤᠨ ᠵᠠᠭᠤ ᠶᠠᠷᠠ ᠶ‍ᠢᠰᠤᠨ ᠣᠰᠤᠨ ᠶᠢᠡᠨ ᠨᠠᠳᠠ ᠳᠡᠭᠡᠷ᠎ᠡ ᠠᠰᠬᠠᠭᠠᠤᠨ ᠶᠠᠭᠠᠭᠢᠬᠤ ᠪᠣᠢ᠂   

ᠪᠣᠷᠤᠭᠠᠨ ᠴᠢ

ᠨᠢᠯᠪᠣᠰᠤ ᠶᠢ ᠮᠢᠨᠢ ᠪᠢᠳᠡᠭᠡᠢ ᠠᠷᠴᠢ

ᠪᠣᠷᠤᠭᠠᠨ ᠴᠢ

ᠨᠢᠯᠪᠣᠰᠤ ᠶᠢ ᠮᠢᠨᠢ ᠪᠢᠳᠡᠭᠡᠢ ᠠᠷᠴᠢ᠃   

ᠶᠠᠭᠰᠢᠷᠠᠯᠳᠤᠨ ᠵᠤᠭᠰᠤᠭ᠎ᠠ ᠠᠦ᠋ᠲ᠋ᠤᠪᠦ᠋ᠰ ᠶᠢᠡᠷ ᠰᠤᠷᠭᠠᠭᠤᠯᠢ ᠣᠷᠤᠭᠤ ᠪᠠᠨ ᠪᠣᠴᠠᠶᠤ

ᠶᠠᠭᠠᠭᠢᠭᠰᠠᠨ ᠶᠡᠭᠡ ᠤᠢ᠌ᠳᠬᠠᠷ᠂   ᠶᠠᠪᠣᠵᠤ ᠪᠠᠷᠠᠳᠠᠭ ᠦᠭᠡᠶ ᠵᠠᠮ ᠪᠣᠢ

ᠭᠡᠨ ᠴᠤ ᠮᠡᠳᠡᠭᠦ ᠦᠭᠡᠶ᠂   ᠶᠡᠭᠡ ᠬᠤᠳᠠ ᠶᠢᠨ ᠳᠡᠩᠳᠡᠭᠦᠤ ᠣᠷᠳᠤ ᠡᠳᠦᠷ ᠤᠳ ᠢ

ᠭᠡᠵᠢᠶᠡᠨ ᠤ ᠭᠠᠷᠤᠭᠰᠠ ᠨᠡᠷᠡ᠂   ᠭᠡᠵᠢᠶᠡᠨ ᠤ ᠣᠷᠤᠭᠰᠠᠨ ᠪᠣᠷᠤᠭᠠᠨ ᠪᠣᠢ᠂   

ᠡᠷᠳᠡ ᠬᠠᠪᠣᠷ ᠤᠨ ᠪᠣᠷᠤᠭᠠᠨ ᠶᠠᠭᠤᠨ ᠳᠤ

ᠢᠩᠭᠢᠵᠤ ᠶᠡᠭᠡ ᠣᠷᠤᠯ᠎ᠠ ᠳ᠋ᠠ

ᠡᠷᠳᠡ ᠬᠠᠪᠣᠷ ᠤᠨ ᠪᠣᠷᠤᠭᠠᠨ ᠳᠤ ᠶᠠᠭᠤᠨ ᠳᠤ

ᠡᠯᠢᠭᠡ ᠳᠠᠪᠳᠤᠳᠠᠯ᠎ᠠ ᠨᠤᠷᠤᠯ᠎ᠠ ᠳ᠋ᠠ᠃   

ᠨᠠᠭᠤᠷ ᠠᠷ ᠳᠠᠳᠠᠨ ᠡᠵᠡᠭᠦᠢᠷᠡᠭᠦ ᠰᠢᠭ᠌ ᠡᠷ᠎ᠡ ᠭᠦᠮᠤᠨ ᠪᠢ ᠭᠠᠭᠴᠠᠭᠠᠷ

ᠨᠠᠭᠠᠭᠤᠷ ᠨᠢ ᠦᠨᠳᠦᠷ ᠳᠠᠷᠠᠰᠤ ᠭᠡᠭᠡᠯᠵᠡᠭᠦ ᠰᠢᠭ᠌ ᠡᠷ᠎ᠡ ᠭᠦᠮᠤᠨ ᠪᠢ ᠭᠠᠭᠴᠠᠭᠠᠷ

ᠨᠠᠷᠠ ᠡᠭᠦᠯᠡᠨ ᠤ ᠴᠠᠭᠠᠨ᠎ᠠ ᠪᠣᠭᠢᠨᠢᠳᠠᠬᠤ ᠰᠢᠭ ᠡᠷ᠎ᠡ ᠭᠦᠮᠤᠨ ᠪᠢ ᠭᠠᠭᠴᠠᠭᠠᠷ

ᠨᠠᠪᠴᠢ ᠭᠦᠷᠦᠰᠤᠨ ᠳᠤᠤᠷ᠎ᠠ ᠡᠮᠵᠡᠭᠯᠡᠭᠦ ᠰᠢᠭ᠌ ᠡᠷ᠎ᠡ ᠭᠦᠮᠤᠨ ᠪᠢ ᠭᠠᠭᠴᠠᠭᠠᠷ

ᠨᠠᠮ᠎ᠠ ᠶᠢ ᠭᠡᠨ ᠴᠤ ᠪᠣᠤ ᠠᠷᠭᠠᠳᠠ

ᠨᠢᠯᠪᠣᠰᠤ ᠪᠡᠨ ᠪᠢ ᠦᠪᠡᠷ ᠶᠢᠡᠨ ᠠᠷᠴᠢᠶ᠎ᠠ᠃   


             ᠊᠊᠊᠊᠊᠊᠊᠊᠊᠊᠊᠊᠊᠊᠊   ᠪᠣᠷᠤᠭᠠᠨ ᠲᠡᠶ ᠬᠠᠪᠣᠷ ᠤᠨ ᠨᠢᠭᠡᠨ ᠡᠳᠦᠷ ᠮᠥᠭ᠍ᠳᠡᠨ ᠳ᠋ᠤ


ᠵᠤᠬᠢᠶᠠᠭᠴᠢ ᠶᠢᠨ ᠬᠠ‍‌ᠶᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ