☆ ᠡᠷᠳᠡᠨᠢᠰᠥ᠋ᠭᠡ
ᠪᠦᠰᠡᠭᠦᠢ ᠭᠦᠮᠤᠨ ᠴᠢᠯᠠᠭᠤ
ᠶᠢᠰᠦᠭᠡᠢ ᠪᠠᠭᠠᠳᠤᠷ ᠡᠴᠢᠭᠡ ᠶᠢᠨ ᠶᠢᠡᠨ
ᠢᠷ ᠢ ᠨᠢ ᠵᠥᠭᠡᠭᠡᠯᠡᠯᠵᠤ ᠳᠦᠷᠦᠭ᠍ᠰᠡᠨ
ᠥᠭᠡᠯᠤᠨ ᠬᠠᠳᠤᠨ ᠡᠵᠢ ᠶᠢᠨ ᠶᠢᠡᠨ
ᠦᠷᠦ ᠶᠢ ᠨᠢ ᠬᠠᠢ᠌ᠯᠤᠭᠤᠯᠵᠤ ᠥᠰᠦᠭ᠍ᠰᠡᠨ
ᠳᠠᠮᠤᠵᠢᠨ ᠬᠠᠰᠠᠷ ᠠᠬ᠎ᠠ ᠶᠢᠨ ᠶᠢᠡᠨ
ᠳᠡᠩᠭᠡᠭᠡ ᠵᠤᠷᠢᠭ ᠶᠢᠡᠷ ᠬᠠᠳᠠᠭᠤᠵᠢᠵᠤ
ᠳᠡᠦᠭᠡ ᠶᠢᠨ ᠪᠣᠭᠤᠷᠤᠯ ᠬᠠᠭᠤᠳᠠᠰᠤᠨ ᠳᠤ
ᠮᠥᠩᠭᠡ ᠵᠠᠯᠠᠭᠤ ᠪᠠᠷ ᠶᠢᠡᠨ ᠴᠢᠯᠠᠭᠤᠵᠢᠭᠰᠠᠨ
ᠳᠤᠩᠭ᠋ᠠᠯᠠᠭ ᠣᠨᠤᠨ ᠮᠦᠷᠠᠨ ᠤ ᠪᠠᠨ
ᠣᠷᠤᠰᠬᠠᠯ ᠠᠶᠠᠷᠯᠠᠭᠤᠯᠤᠭᠰᠠᠨ ᠥᠵᠡᠰᠭᠦᠯᠡᠩᠳᠤ ᠪᠦᠰᠡᠭᠦᠢ
ᠳᠤᠨᠤᠮᠠᠯ ᠬᠠᠷᠠᠬᠠᠨ ᠨᠢᠳᠤᠨ ᠳ᠋ᠤᠨᠢ
ᠳᠤᠷᠠᠯᠠᠯ ᠤᠨ ᠳᠤᠭᠤᠰᠤ ᠦᠭᠡᠶ ᠳᠠᠩᠭᠢᠯᠬᠠᠨ ᠦᠬᠢᠨ
ᠮᠤᠩᠭ᠋ᠤᠯ ᠪᠦᠰᠡᠭᠦᠢ ᠳᠤ ᠯᠠ ᠪᠠᠢ᠌ᠳᠠᠭ
ᠳᠠᠪᠴᠢᠶᠠᠷᠢ ᠰᠢᠠᠳᠠᠰᠤ ᠵᠢᠭᠠᠵᠤ
ᠮᠤᠷᠢᠨ ᠳᠤᠭᠤᠷᠠᠢ ᠳᠠᠴᠢᠭᠢᠨᠠᠭᠤᠯᠵᠤ
ᠳᠠᠮᠠᠴᠠᠯᠳᠤᠨ ᠳᠠᠭᠤᠴᠢᠵᠤ ᠶᠠᠪᠣᠭᠰᠠᠨ
ᠬᠠᠵᠠᠯᠳᠤᠨ ᠳᠠᠢ᠌ᠳᠤᠭᠰᠠᠨ ᠣᠷᠤᠭ᠎ᠠ ᠴᠠᠭ ᠤᠨ ᠰᠢᠭᠤᠷᠭᠠᠨ ᠳᠤ
ᠬᠠᠷᠢ ᠶᠢᠨ ᠳᠠᠢ᠌ᠰᠤᠨ ᠤ ᠰᠠᠯᠠᠮᠠᠨ ᠳᠤᠤᠷ᠎ᠠ ᠪᠦᠭᠦᠢᠵᠤ ᠥᠵᠡᠭᠡ ᠦᠭᠡᠶ
ᠳᠠᠩᠴᠢ ᠵᠠᠯᠠᠭᠤᠬᠠᠨ ᠪᠦᠰᠡᠭᠦᠢ ᠪᠠᠭᠠᠳᠤᠷ ᠳᠠᠮᠤᠯᠤᠨ
ᠬᠠᠮᠢᠶᠠᠳᠤᠨ ᠤ ᠪᠠᠨ ᠬᠤᠯᠠᠭᠠᠢ ᠰᠤᠮᠤᠨ ᠳᠤ ᠰᠠᠮ ᠦᠷᠲᠦᠵᠦ
ᠬᠠᠯᠳᠠᠷ ᠨᠠᠮᠬᠠᠨ ᠮᠤᠷᠢᠨ ᠡᠴᠡ ᠪᠠᠨ ᠨᠠᠮ ᠣᠨᠠᠭᠰᠠᠨ ᠶᠤᠮ
ᠬᠠᠢ᠌ᠷ᠎ᠠ ᠪᠠᠨ ᠢᠯᠠᠴᠢᠯᠠᠵᠤ ᠠᠮᠵᠢᠭ᠎ᠠ ᠦᠭᠡᠶ ᠬᠠᠷᠠᠬᠠᠨ ᠨᠢᠳᠤᠨ ᠡᠴᠡ ᠨᠢ
ᠬᠠᠷᠠᠭᠤᠰᠠᠯ ᠤᠨ ᠨᠢᠯᠪᠣᠰᠤ ᠣᠷᠤᠰᠴᠤ ᠪᠠᠢ᠌ᠭ᠎ᠠ ᠦᠭᠡᠶ
ᠳᠤᠷᠠᠯᠠᠯ ᠮᠡᠳᠡᠷᠡᠭᠡ ᠦᠭᠡᠶ ᠪᠣᠷᠤᠬᠠᠨ ᠵᠢᠷᠦᠭᠡᠨ ᠡᠴᠡ ᠨᠢ
ᠬᠤᠷᠤᠰᠤᠯ ᠤᠨ ᠴᠢᠰᠤ ᠪᠣᠴᠠᠯᠵᠤ ᠪᠠᠢ᠌ᠭᠰᠠᠨ ᠶᠤᠮ
ᠥᠭᠡᠯᠤᠨ ᠪᠣᠭᠤᠷᠤᠯ ᠡᠭᠡ ᠨᠢ
ᠦᠷᠦ ᠴᠦᠮᠦᠷᠤᠨ ᠡᠨᠡᠯᠦᠭ᠍ᠰᠡᠨ ᠶᠤᠮ
ᠥᠷᠯᠦᠭ᠌ ᠴᠢᠩᠭᠢᠰ ᠠᠬ᠎ᠠ ᠨᠢ
ᠡᠯᠢᠭᠡ ᠡᠮᠳᠡᠷᠡᠨ ᠰᠢᠨᠠᠯᠤᠭᠰᠠᠨ ᠶᠤᠮ
ᠦᠷᠦᠪᠴᠢ ᠮᠤᠩᠭ᠋ᠤᠯ ᠲᠦᠮᠡᠨ ᠨᠢ
ᠡᠩᠭᠡᠷ ᠳᠡᠪᠳᠦᠭᠡᠨ ᠬᠤᠴᠤᠷᠤᠭᠰᠠᠨ ᠶᠤᠮ
ᠦᠰᠴᠦ ᠳᠦᠷᠦᠭ᠍ᠰᠡᠨ ᠨᠤᠳᠤᠭ ᠳᠤᠨᠢ
ᠳᠡᠭ᠍ᠷᠢ ᠮᠠᠯᠮᠠᠷᠠᠵᠤ ᠣᠶᠠᠷᠠᠭᠰᠠᠨ ᠶᠤᠮ
ᠡᠴᠢᠭᠡ ᠶᠢᠰᠦᠭᠡᠢ ᠪᠠᠭᠠᠳᠤᠷ ᠤᠨ
ᠡᠷᠭᠡ ᠳᠠᠩᠭᠢᠯ ᠦᠬᠢᠨ ᠦᠷ᠎ᠡ
ᠡᠭᠡ ᠥᠭᠡᠯᠤᠨ ᠬᠠᠳᠤᠨ ᠤ
ᠡᠪᠠᠢ ᠬᠤᠩᠭ᠋ᠤᠷ ᠪᠦᠰᠡᠭᠦᠢ ᠦᠷ᠎ᠡ
ᠡᠭᠡᠯ ᠲᠦᠮᠡᠨ ᠤ ᠮᠢᠨᠢ ᠰᠡᠳᠭᠢᠯ ᠳᠤ ᠭᠡᠷᠡᠯᠳᠦᠭ᠍ᠰᠡᠨ
ᠪᠣᠳᠠᠩ ᠦᠭᠡᠶ ᠳᠡᠭ᠍ᠷᠢ ᠶᠢᠨ ᠰᠠᠷᠠᠨ ᠳᠠᠭᠢᠨᠢ
ᠭᠦᠭᠡ ᠮᠤᠩᠭ᠋ᠤᠯ ᠨᠤᠳᠤᠭ ᠲᠤ ᠮᠢᠨᠢ ᠮᠥᠩᠭᠡᠵᠢᠨ ᠥᠯᠡᠳᠡᠭ᠍ᠰᠡᠨ
ᠪᠦᠰᠡᠭᠦᠢ ᠭᠠᠭᠴᠠ ᠭᠦᠮᠤᠨ ᠴᠢᠯᠠᠭᠤ ᠶᠤᠮ ᠦᠦ ᠳ᠋ᠠ
ᠵᠤᠬᠢᠶᠠᠭᠴᠢ ᠶᠢᠨ ᠬᠠᠶᠢᠭ ᠄ ᠦᠵᠦᠮᠤᠴᠢᠨ
ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ