☆ ᠰᠤ᠊ · ᠠᠨᠢᠰᠤ
ᠴᠢᠮ᠎ᠡ ᠶᠢ ᠮᠡᠷᠳᠡᠬᠤ ᠶᠢᠨ ᠳᠤᠷᠡᠳᠬᠠᠯ
ᠣᠨ ᠵᠢᠯ ᠭᠡᠵᠤ ᠢᠨᠡᠬ ᠠᠮᠠᠷᠠᠭ ᠤᠨ ᠮᠢᠨᠢ ᠶᠠᠭᠠᠨ ᠰᠡᠮᠰᠡᠭᠡᠷ ᠪᠠᠩᠵᠠᠯ ᠤᠨ ᠭᠢᠨᠢ ᠦᠨᠦᠷᠳᠤ ᠣᠰᠤᠨ ᠤ ᠦᠶᠡᠯᠠᠯ ᠰᠢᠭ᠌ ᠰᠠᠤᠠᠭᠢᠯ ᠳᠤ ᠬᠤᠷᠭᠤᠳᠠᠨᠡ᠃ ᠣᠷᠴᠢᠯᠠᠩ ᠳᠤ ᠭᠠᠭᠴᠠ ᠴᠢᠮ᠎ᠠ ᠶᠢ ᠪᠠᠨ ᠥᠶᠡᠷᠭᠡᠵᠤ ᠰᠠᠨᠠᠨ᠎ᠠ ᠭᠡᠵᠤ ᠮᠡᠯᠮᠡᠢ᠌ᠭ᠍ᠰᠡᠨ ᠰᠠᠢ᠌ᠬᠠᠨ ᠬᠠᠷᠠᠴᠠ ᠶᠢ ᠴᠢᠨᠢ ᠦᠨᠡᠨ ᠤ ᠳᠤᠷᠠᠯᠠᠯ ᠶᠢᠡᠷ ᠰᠢᠷᠳᠠᠵᠤ ᠪᠠᠢ᠌ᠭᠰᠠᠨ ᠢ ᠴᠢ ᠮᠢᠨᠢ ᠣᠳᠤ ᠮᠠᠷᠳᠠᠵᠤ ᠣᠷᠭᠢᠵᠠᠢ᠂ ᠮᠠᠨᠠᠷᠠᠭᠰᠠᠨ ᠣᠳᠤᠭ᠎ᠠ ᠰᠢᠭᠤᠷᠬᠠᠨ ᠳᠤ ᠳᠠᠰᠢᠭᠤᠷᠳᠠᠭᠳᠠᠬᠤ ᠡᠴᠡ ᠭᠡᠴᠡᠭᠦᠭᠡᠨ ᠮᠠᠷᠳᠠᠵᠤ ᠣᠷᠭᠢᠵᠠᠢ᠃ ᠠᠵᠢᠯ ᠳᠠᠭᠠᠨ ᠴᠤ ᠭᠡᠰᠡᠨ ᠠᠮᠢᠳᠤᠷᠠᠯ ᠳᠠᠭᠠᠨ ᠴᠤ ᠭᠡᠰᠡᠨ ᠠᠯᠠᠭ ᠵᠢᠷᠦᠭᠡᠨ ᠤ ᠭᠡᠨᠡᠨ ᠣᠢ᠌ᠤᠠᠬᠠᠷᠠᠯ ᠶᠢᠡᠷ ᠬᠠᠶᠠ ᠬᠠᠶᠠ ᠴᠢ ᠮᠢᠨᠢ ᠳᠤᠷᠠᠰᠤᠭᠳᠠᠭᠠᠤᠨ ᠪᠠᠢ᠌ᠭᠰᠠᠨ ᠣᠴᠢᠷ ᠣᠳᠤ ᠴᠢᠮ᠎ᠠ ᠶᠢ ᠮᠠᠷᠳᠠᠶ᠎ᠠ ᠭᠡᠵᠤ ᠪᠣᠳᠤᠯ ᠤᠨ ᠭᠦᠨ ᠳᠠᠯᠠᠢ ᠪᠠᠷ ᠬᠠᠢ᠌ᠷ᠎ᠠ ᠶᠢᠨ ᠴᠢᠨᠢ ᠦᠴᠢᠯ ᠢ ᠭᠡᠨ ᠭᠦᠮᠤᠨ ᠳᠤ ᠭᠡᠯᠡᠯ ᠦᠭᠡᠶ ᠡ᠊ᠡᠳᠡ ᠪᠢ ᠳᠡᠮᠡᠭᠠᠯᠡᠡᠵᠤ ᠥᠯᠡᠳᠡᠬᠡᠶᠡ ︕
᠊᠊᠊᠊᠊᠊᠊᠊᠊᠊᠊᠊᠊᠊᠊ ᠴᠢ ᠶᠠᠮᠠᠷ ᠶᠡᠭᠡ ᠰᠦᠰᠦ ᠲᠡᠶ ᠭᠦᠮᠤᠨ ᠭᠡᠳᠡᠭ᠌ ᠨᠢ ︖ ᠬᠤᠶᠠᠷᠬᠠᠨ ᠣᠳᠠᠭ᠎ᠠ ᠠᠭᠤᠯᠵᠠᠭᠠᠤᠨ ᠨᠠᠳᠠᠳᠤ ᠲᠡᠶ ᠪᠣᠯᠵᠤᠨ᠎ᠠ ᠭᠡᠳᠡᠭ᠌ ᠴᠢᠨᠢ ︕
᠊᠊᠊᠊᠊᠊᠊᠊᠊᠊᠊᠊᠊᠊᠊ ᠡᠨᠡ ᠶᠡᠭᠡ ᠰᠤᠨᠢᠷᠬᠠᠯᠳᠠᠢ ᠪᠠᠢ᠌ᠨ᠎ᠠ ᠦᠦ︖ ᠪᠢ ᠦᠪᠡᠷ ᠤᠨ ᠨᠢᠳᠤ ᠪᠠᠨ ᠯᠠ ᠢᠳᠡᠭᠡᠳᠡᠭ᠌ ᠶᠤᠮ᠃
᠊᠊᠊᠊᠊᠊᠊᠊᠊᠊᠊᠊᠊᠊᠊ ᠳᠡᠭᠡᠪᠠᠯ ᠳᠠ ᠨᠠᠳᠠᠳᠤ ᠦᠨᠡᠨ ᠶᠢᠡᠨ ᠭᠡᠯᠡᠨ᠎ᠡ ᠰᠢᠤ ︕ ᠴᠢ ᠴᠤᠬᠤᠮ ᠮᠢᠨᠤ ᠶᠠᠭᠤ ᠶᠢ ᠳᠤᠭᠤᠴᠢᠬᠠᠪᠠ ᠳ᠋ᠠ ︖
᠊᠊᠊᠊᠊᠊᠊᠊᠊᠊᠊᠊᠊᠊᠊ ᠳᠤᠭᠤᠨ᠎ᠠ ᠭᠡᠭᠦ ᠡᠴᠡ ᠪᠢ ᠭᠦᠮᠤᠨ ᠢ ᠴᠢᠨᠢ ᠯᠠ ᠵᠢᠷᠦᠭᠡᠨ ᠡᠴᠡ ᠴᠢᠨᠢ ᠬᠠᠷᠠᠭᠰᠠᠨ ᠳ᠋ᠠ ︕ ᠨᠠᠳᠠᠳᠤ ᠶᠠᠮᠠᠷᠴᠤ ᠭᠦᠰᠡᠯ ᠱᠠᠭᠠᠷᠳᠠᠯᠭ᠎ᠠ ᠪᠠᠢ᠌ᠭ᠎ᠠ ᠦᠭᠡᠶ᠂ ᠪᠢ ᠪᠣᠯ ᠰᠢᠷᠬᠠᠳᠠᠭᠰᠠᠨ ᠰᠢᠪᠠᠤᠬᠠᠢ ᠪᠠᠢ᠌ᠭᠰᠠᠨ ᠣᠴᠢᠷ ᠨᠠᠳᠠᠳᠤ ᠵᠢᠩᠭᠢᠨᠢ ᠠᠮᠢᠳᠤᠷᠠᠯ ᠳᠤ ᠬᠠᠢ᠌ᠷᠠᠳᠠᠢ ᠭᠦᠮᠤᠨ ᠯᠠ ᠭᠡᠷᠡᠭ᠍ᠳᠡᠢ ᠪᠠᠢ᠌ᠨ᠎ᠠ᠂ ᠭᠡᠭᠦ ᠳᠡᠭᠡᠨ ᠴᠢ ᠪᠣᠯ ᠶᠠᠭ ᠨᠠᠳᠠᠳᠤ ᠯᠠ ᠵᠠᠶᠠᠭᠠᠭᠰᠠᠨ ᠠᠮᠠᠷᠠᠭ ᠰᠢᠭ᠌ ᠰᠠᠨᠠᠭᠳᠠᠭᠠᠤᠨ ᠪᠠᠢ᠌ᠬᠤ ᠪᠠᠷ ᠳᠤᠷᠠᠯᠠᠯ ᠬᠠᠷᠪᠣᠭᠰᠠᠨ ᠰᠠᠤᠠᠭᠢᠯ ᠤᠨ ᠰᠢᠨᠤᠯ ᠶᠢᠡᠨ ᠨᠢᠭᠤᠵᠤ ᠴᠢᠳᠠᠯ ᠦᠭᠡᠶ ᠡ᠊ᠡᠳᠡ ᠭᠦᠯᠢᠶᠡᠭᠡᠤᠨ ᠪᠠᠢ᠌ᠭᠰᠠᠨ ᠶᠤᠮ᠃
᠊᠊᠊᠊᠊᠊᠊᠊᠊᠊᠊᠊᠊᠊᠊ ᠴᠢ ᠴᠢᠨᠢ ᠮᠢᠨᠤ ᠠᠬ᠎ᠠ ᠶᠢᠨ ᠰᠠᠢ᠌ᠨ ᠨᠠᠢ᠌ᠵᠢ ᠰᠢᠳᠠ᠂ ᠳᠠᠭᠢᠭᠠᠤᠨ ᠭᠡᠯᠡᠪᠠᠯ ᠴᠢ ᠁ ᠪᠣᠯᠵᠠᠢ ᠂ ᠴᠢᠮ᠎ᠠ ᠶᠢ ᠰᠢᠷᠬᠠᠭᠯᠠᠬᠤ ᠥᠭᠡ ᠶᠠᠷᠢᠬᠤ ᠦᠭᠡᠶ᠂ ᠮᠠᠨ ᠤ ᠬᠤᠶᠠᠭᠤᠯᠠ ᠪᠣᠯᠳᠠᠭ ᠴᠤ ᠪᠣᠯ ᠦᠦ ︖
᠊᠊᠊᠊᠊᠊᠊᠊᠊᠊᠊᠊᠊᠊᠊ ᠪᠢ ᠪᠠᠶ᠎ᠠ ᠳᠡᠭᠡᠨ ᠢᠳᠡᠭᠡᠯ ᠲᠡᠶ ᠪᠠᠢ᠌ᠨ᠎ᠠ ︕
᠊᠊᠊᠊᠊᠊᠊᠊᠊᠊᠊᠊᠊᠊᠊ ᠴᠢ ᠪᠠᠭᠡᠵᠢᠩ ᠡᠴᠡ ᠳᠠᠭᠢᠵᠤ ᠪᠣᠴᠠᠬᠤ ᠦᠭᠡᠶ ᠪᠠᠢ᠌ᠯᠬᠦᠢ ︖
᠊᠊᠊᠊᠊᠊᠊᠊᠊᠊᠊᠊᠊᠊᠊ ᠴᠢᠮ᠎ᠠ ᠲᠡᠶ ᠬᠠᠮᠳᠤ ᠪᠠᠢ᠌ᠵᠤ ᠯᠠ ᠪᠠᠢ᠌ᠪᠠᠯ ᠪᠢ ᠭᠡᠵᠢᠶ᠎ᠡ ᠬᠠᠮᠢᠭ᠎ᠠ ᠶᠠᠪᠣᠭᠰᠠᠨ ᠴᠤ ᠵᠢᠷᠭᠠᠯ ᠲᠡᠶ᠃
ᠦᠳᠡᠰᠢ ᠶᠢᠨ ᠰᠠᠢ᠌ᠬᠠᠨ ᠴᠡᠴᠡᠷᠯᠢᠭ᠌ ᠤᠨ ᠳ᠋ᠸᠩ ᠬᠤᠩᠭ᠋ᠤᠷ ᠬᠤᠶᠠᠷ ᠤᠨ ᠵᠥᠭᠡᠯᠡᠨ ᠰᠢᠪᠠᠨᠠᠯ ᠢ ᠴᠢᠩᠨᠠᠬᠤ ᠰᠢᠤᠬᠠᠨ ᠰᠦᠮᠠᠢ᠌ᠨ ᠰᠦᠮᠠᠢ᠌ᠵᠤ ᠣᠶᠠᠩᠭ᠋ᠠᠷᠠᠨ᠎ᠠ᠃ ᠪᠢᠳᠠ ᠨᠤᠳᠤᠭ ᠤᠨ ᠴᠡᠩᠭᠡᠷ ᠠᠭᠠᠷ ᠶᠢᠡᠨ ᠰᠠᠨᠠᠵᠤ ᠭᠦᠦᠷᠨᠢᠯᠡ᠂ ᠪᠢᠳᠠ ᠬᠤᠳᠠ ᠶᠢᠨ ᠥᠢᠮᠡᠭᠡᠨ ᠤ ᠳᠠᠪᠵᠢᠶᠠᠨ ᠱᠤᠤᠭᠢᠶᠠᠨ ᠢ ᠮᠠᠭᠤᠯᠠᠵᠤ ᠵᠤᠭᠤᠭᠳᠠᠯ᠎ᠠ ᠁
ᠨᠢᠭᠡ ᠮᠡᠳᠡᠭᠦ ᠳᠤ ᠴᠢ ᠮᠢᠨᠢ ᠡᠯᠢᠭᠡᠨ ᠳᠤ ᠨᠠᠭᠠᠯᠳᠤᠵᠤ ᠨᠠᠮ᠎ᠠ ᠪᠠᠷ ᠭᠣᠢ᠌ᠪᠠᠬᠠᠨ ᠳᠤᠯᠠᠭᠠᠨ ᠪᠠᠶ᠎ᠠ ᠪᠠᠨ ᠳᠡᠪᠠᠷᠢᠭᠦᠯᠵᠤ ᠴᠢᠮᠡᠭᠡ ᠦᠭᠡᠶ ᠵᠢᠷᠭᠠᠬᠤ ᠰᠠᠨ ᠂ ᠪᠢ ᠴᠢᠨᠤ ᠭᠡᠦᠭᠡᠨ ᠦᠨᠦᠷ ᠲᠤ ᠰᠤᠭᠳᠤᠭᠤᠷᠤᠨ ᠴᠢᠮ᠎ᠠ ᠶᠢ ᠪᠠᠨ ᠴᠢᠩᠭ᠋ᠠᠬᠠᠨ ᠳᠠᠪᠠᠷᠢᠵᠤ ᠵᠤᠭᠰᠤᠬᠤ ᠳᠠᠭᠠᠨ ᠡᠨᠡ ᠳᠡᠯᠡᠭᠡᠢ ᠬᠠᠢ᠌ᠷ᠎ᠠ ᠪᠠᠷ ᠠᠭᠤᠰᠴᠤ ᠬᠤᠷᠸ᠎ᠠ ᠳᠤ ᠬᠤᠶᠠᠭᠤᠯᠬᠠᠨ ᠵᠢᠷᠭᠠᠵᠤ ᠶᠠᠭᠤ ᠪᠦᠭᠦᠨ ᠪᠢᠳᠡᠨ ᠤ ᠬᠢ ᠰᠢᠭ ᠰᠠᠤᠠᠭᠢᠯ ᠬᠠᠩᠬᠠᠢ᠌ᠨ ᠪᠠᠶᠠᠰᠤᠯ᠎ᠠ᠃ ᠪᠣᠷᠤ ᠵᠢᠷᠦᠭᠡᠨ ᠤ ᠴᠢᠨᠢ ᠭᠦᠴᠦᠳᠡᠢ ᠴᠤᠭᠢᠯᠭ᠎ᠠ ᠶᠢ ᠨᠤᠮᠤᠳᠬᠠᠬᠤ ᠭᠡᠵᠤ ᠪᠣᠯᠪᠠᠷᠠᠢ ᠵᠥᠭᠡᠯᠡᠨ ᠣᠷᠤᠭᠤᠯ ᠢ ᠴᠢᠨᠢ ᠳᠠᠭᠢᠨ ᠳᠠᠭᠢᠨ ᠦᠨᠦᠰᠴᠤ ᠪᠠᠢ᠌ᠭᠰᠠᠨ ᠢ ᠮᠢᠨᠢ ᠴᠢ《ᠮᠠᠭᠤ ᠭᠦᠮᠤᠨ》ᠭᠡᠵᠤ ᠭᠡᠯᠡᠭᠡᠤᠨ ᠴᠠᠰᠢ ᠪᠠᠨ ᠭᠦᠶᠦᠭᠦ ᠶᠤᠮ ᠪᠢᠯᠠ᠃
ᠳᠠᠷᠠ ᠡᠳᠦᠷ ᠡᠴᠡ ᠡᠭᠢᠯᠡᠨ ᠮᠠᠨ ᠬᠤᠶᠠᠷ ᠤᠨ ᠦᠨᠦᠰᠤᠯ ᠬᠠᠢ᠌ᠷ᠎ᠠ ᠪᠠᠷ ᠵᠢᠷᠭᠠᠭᠰᠠᠨ ᠠᠮᠠᠷᠠᠭ ᠬᠤᠩᠭ᠋ᠤᠷ ᠤᠨ ᠵᠠᠯᠠᠭᠤᠬᠠᠨ ᠨᠠᠰᠤ ᠴᠡᠴᠡᠷᠯᠢᠭ᠌ ᠤᠨ ᠮᠥᠩᠭᠡ ᠨᠤᠭᠤᠭᠠᠨ ᠬᠤᠩᠭ᠋ᠤᠷᠴᠤᠭᠳᠤ ᠶᠢᠨ ᠨᠠᠪᠴᠢᠰ ᠪᠣᠯᠵᠤ᠂ ᠡᠳᠦᠷ ᠬᠤᠨᠤᠭ ᠢ ᠳᠤᠭᠠᠯᠠᠨ ᠳᠤᠭᠠᠯᠠᠨ ᠰᠡᠭᠦᠳᠡᠩᠨᠡᠵᠤ ᠪᠠᠢ᠌ᠯ᠎ᠠ᠃ ᠬᠠᠢ᠌ᠷ᠎ᠠ ᠶᠢᠨ ᠦᠷ᠎ᠡ ᠪᠠᠷ ᠮᠥᠩᠭᠡ ᠠᠮᠢᠯᠠᠬᠤ ᠳᠠᠷᠠ ᠨᠢᠭᠡ ᠨᠠᠪᠴᠢᠰ ᠢ ᠭᠡᠵᠢᠶᠡᠳᠡ ᠪᠣᠤ ᠰᠢᠷᠡᠯᠡᠭᠠᠷᠡᠢ᠂ ᠪᠢᠳᠡᠭᠡᠢ ᠯᠠ ᠰᠠᠯᠭᠢᠨ ᠳᠤ ᠭᠡᠢ᠌ᠰᠦᠭᠡᠴᠢ ᠭᠡᠵᠤ ᠪᠣᠳᠤᠯ ᠵᠢᠷᠦᠭᠡᠨ ᠳᠡᠭᠡᠨ ᠵᠠᠯᠪᠠᠷᠢᠨ ᠵᠠᠯᠪᠠᠷᠢᠵᠤ ᠂ ᠣᠳᠠᠭ᠎ᠠ ᠪᠣᠯᠭᠠᠨ ᠤ ᠪᠣᠯᠵᠤᠭᠡ ᠳᠠᠭᠠᠨ ᠳᠠᠭᠠᠤᠠᠬᠠᠵᠤ ᠪᠠᠢ᠌ᠭᠰᠠᠨ᠃ ᠡᠨᠡ ᠰᠠᠢ᠌ᠬᠠᠨ ᠨᠠᠮ ᠭᠦᠮ ᠴᠡᠴᠡᠷᠯᠢᠭ᠌ ᠤᠨ ᠰᠥᠮᠡᠭᠡᠢ ᠳ᠋ᠸᠩ ᠤᠨ ᠭᠡᠷᠡᠯ ᠡᠴᠡ ᠰᠦᠨᠢᠵᠢᠨ ᠭᠦᠦᠷᠨᠢᠵᠤ ᠰᠠᠭᠤᠳᠠᠭ ᠣᠷᠳᠤᠬᠠᠨ ᠰᠠᠠᠳᠠᠯᠢ ᠨᠢ ᠭᠦᠷᠳᠡᠯ᠎ᠡ ᠪᠢᠳᠠ ᠬᠤᠶᠠᠷ ᠤᠨ ᠦᠮᠴᠢ ᠰᠢᠭ᠌ ᠭᠡᠵᠢᠶᠡᠳᠡ ᠳᠠᠢ᠌ᠮᠤ ᠯᠠ ᠳᠤᠯᠠᠭᠠᠬᠠᠨ ᠰᠠᠨᠠᠭᠳᠠᠨ᠎ᠠ᠃ ᠣᠯᠠᠨ ᠠᠷᠪᠢᠨ ᠣᠴᠢᠷ ᠤᠳ ᠢ ᠠᠭᠤᠴᠢᠯᠠᠵᠤ ᠶᠠᠪᠣᠭᠰᠠᠨ ᠳᠤ ᠴᠢᠨᠢ ᠪᠢ ᠭᠡᠵᠢᠶᠡᠳᠡ ᠡᠷ᠎ᠡ ᠭᠦᠮᠤᠨ ᠤ ᠭᠦᠨ ᠪᠣᠳᠤᠯ ᠳᠠᠭᠠᠨ ᠵᠥᠪᠭᠡᠨ ᠴᠢᠮ᠎ᠠ ᠳᠠᠭᠠᠨ ᠦᠨᠡᠠᠴᠢ ᠶᠠᠪᠣᠨ᠎ᠠ ᠭᠡᠵᠤ ᠭᠡᠵᠢᠶᠡᠳᠡ ᠠᠠᠳᠠᠭᠠᠢ᠌ᠯᠠᠵᠤ ᠪᠠᠢ᠌ᠭᠰᠠᠨ᠂ ᠡᠷ᠎ᠡ ᠭᠦᠮᠤᠨ ᠭᠡᠵᠤ ᠡᠯᠢᠭᠡ ᠵᠢᠷᠦᠭᠡᠨ ᠤ ᠠᠮᠠᠷᠠᠭ ᠲᠠᠭᠠᠨ ᠡᠩᠭᠦᠷᠡᠢ ᠦᠷ᠎ᠡ ᠨᠢ ᠰᠢᠭ᠌ ᠥᠭᠦᠭᠡᠷᠳᠡᠭᠦᠯᠵᠤ ᠶᠠᠪᠣᠳᠠᠭ ᠣᠴᠢᠷ ᠭᠦᠭᠡᠷᠦᠭᠦᠢ ᠴᠢᠮ᠎ᠠ ᠶᠢ ᠪᠠᠨ ᠪᠠᠶᠠᠰᠬᠠᠬᠤ ᠭᠡᠵᠤ ᠡᠯᠳᠡᠪ ᠶᠠᠩᠵᠤ ᠪᠠᠷ ᠢᠨᠢᠶᠠᠳᠤᠮ ᠱᠤᠭ ᠭᠠᠷᠭᠠᠵᠤ ᠰᠠᠤᠠᠭᠢᠯ ᠢ ᠴᠢᠨᠢ ᠠᠷᠭᠠᠳᠠᠵᠤ ᠪᠠᠢ᠌ᠭᠰᠠᠨ ᠶᠢᠡᠨ ᠣᠳᠤ ᠪᠣᠳᠤᠪᠠᠯ《ᠶᠠᠭᠠᠭᠢᠬᠤ ᠳᠠᠭᠠᠨ ᠳᠡᠭᠡᠵᠤ ᠳᠡᠨᠡᠭ᠌ ᠪᠠᠢ᠌ᠭᠰᠠᠨ ᠪᠢᠯᠠ ︖》ᠭᠡᠵᠤ ᠦᠪᠡᠷ ᠢ ᠪᠠᠨ ᠪᠣᠷᠤᠭᠤᠤᠠᠬᠠᠨ ᠰᠠᠭᠤᠨ᠎ᠠ᠃ ᠳᠡᠷᠡᠭᠦ ᠭᠦᠮᠤᠨ ᠬᠠᠷ᠎ᠠ ᠪᠠᠭᠰᠢᠷᠠᠯᠳᠤᠭᠰᠠᠨ ᠬᠤᠳᠠ ᠶᠢᠨ ᠭᠤᠳᠤᠮᠵᠢ ᠪᠠᠷ ᠬᠤᠶᠠᠭᠤᠯᠠᠬᠠᠨ ᠪᠠᠶᠠᠰᠤᠭᠰᠠᠨ ᠢᠨᠢᠶᠠᠳᠤ ᠳᠠᠭᠤᠨ ᠣᠳᠤ ᠬᠠᠮᠢᠭᠠᠭᠤᠷ ᠪᠠᠢ᠌ᠭ᠎ᠠ ᠪᠣᠯ ︖ ᠪᠣᠷᠤᠭᠠᠨ ᠲᠡᠶ ᠦᠳᠡᠰᠢ ᠴᠤ ᠪᠣᠯᠵᠤᠭᠡ ᠳᠠᠭᠠᠨ ᠭᠦᠶᠦᠳᠡᠭ᠌ ᠪᠣᠳᠤᠯ ᠤᠨ ᠭᠦᠨ ᠰᠢᠨᠤᠯ ᠲᠡᠶ ᠬᠠᠮᠳᠤ ᠨᠠᠮᠤᠷ ᠤᠨ ᠨᠠᠪᠴᠢᠰ ᠰᠢᠤᠬᠠᠨ ᠭᠡᠢ᠌ᠰᠴᠤ ᠣᠤᠠᠪᠠ ᠦᠦ ᠳ᠋ᠠ ︖
᠁ ᠁
ᠴᠢᠮ᠎ᠠ ᠶᠢ ᠬᠠᠢ᠌ᠷᠠᠯᠠᠬᠤ ᠳᠠᠭᠠᠨ ᠬᠠᠮᠤᠭ ᠵᠢᠷᠭᠠᠯ ᠲᠡᠶ ᠪᠠᠢ᠌ᠭᠰᠠᠨ ᠪᠣᠯ ᠴᠢᠮ᠎ᠠ ᠡᠴᠡ ᠵᠠᠢ᠌ᠳᠠᠬᠤ ᠳᠠᠭᠠᠨ ᠰᠠᠤᠠᠭᠢᠯ ᠬᠠᠮᠤᠭ ᠵᠤᠪᠠᠯᠠᠩ ᠲᠡᠶ ᠪᠠᠢ᠌ᠭᠰᠠᠨ᠃ ᠭᠦᠮᠤᠨ ᠤ ᠬᠠᠢ᠌ᠷ᠎ᠠ ᠭᠡᠵᠤ ᠭᠦᠩᠭᠡᠨ ᠭᠦᠪᠦᠩ ᠳᠤ ᠴᠤ ᠭᠦᠷᠭᠦ ᠦᠭᠡᠶ ᠭᠦᠪᠰᠡᠭᠡᠷ ᠪᠠᠢ᠌ᠭᠰᠠᠨ ᠭᠡᠳᠡᠭ᠌ ᠢ ᠪᠢ ᠣᠳᠤ ᠴᠤ ᠢᠳᠡᠭᠡᠮᠡᠷ ᠦᠭᠡᠶ ᠪᠠᠢ᠌ᠨ᠎ᠠ᠃ ᠢᠨᠢᠶᠡᠯᠭᠡᠵᠤ ᠶᠠᠪᠣᠭᠰᠠᠨ ᠮᠢᠨᠢ ᠪᠣᠷᠤᠭᠤᠳᠠᠪᠠ ᠦᠦ ︖ ᠣᠭᠢᠯᠠᠭᠤᠯᠵᠤ ᠶᠠᠪᠣᠭᠰᠠᠨ ᠳᠤ ᠮᠢᠨᠢ ᠭᠤᠮᠤᠳᠠᠪᠠᠤ ︖ ᠠᠯᠢ ᠨᠢ ᠴᠤ ᠪᠢᠰᠢ ᠭᠡᠵᠤ ᠶᠠᠷᠢᠴᠢᠬᠠᠭᠠᠤᠨ ᠠᠭᠢᠭᠠᠤᠨ ᠠᠭᠤᠯᠵᠠᠬᠤ ᠡᠴᠡ ᠪᠠᠨ ᠵᠠᠢ᠌ᠯᠠᠳᠠᠭ ᠪᠣᠯᠤᠭᠰᠠᠨ ᠢ ᠴᠢᠨᠢ ᠪᠣᠴᠠᠬᠤ ᠰᠦᠨᠢ ᠶᠢᠨ ᠪᠣᠭᠤ ᠵᠢᠨ ᠳᠠᠭᠤᠨ ᠶᠢᠡᠷ ᠣᠬᠠᠭᠠᠷᠠᠵᠤ ᠮᠠᠳᠠᠯ᠎ᠠ ︕
ᠪᠠᠶᠠᠷᠳᠠᠢ ᠪᠠᠭᠡᠵᠢᠩ ᠮᠢᠨᠢ ︕ ᠳᠠᠨ ᠤ ᠳᠦᠷᠢ ᠮᠢᠨᠤ ᠵᠢᠷᠦᠭᠡᠨ ᠳᠤ ᠭᠡᠵᠢᠶᠡᠳᠡ ᠠᠭᠤᠤ ᠶᠡᠭᠡ ︕
ᠪᠠᠶᠠᠷᠳᠠᠢ ᠨᠠᠢ᠌ᠵᠢ ᠮᠢᠨᠢ ︕ ᠠᠮᠢᠳᠤᠷᠠᠯ ᠳᠤ ᠣᠯᠠᠨ ᠣᠬᠠᠭᠠᠨ ᠢ ᠰᠤᠷᠭᠠᠭᠰᠠᠨ ᠠᠮᠠᠷᠠᠭ ᠭᠡᠦᠭᠡᠨ ᠮᠢᠨᠢ ᠪᠠᠶᠠᠷᠳᠠᠢ ︕
ᠭᠡᠳᠤᠨ ᠵᠢᠯ ᠥᠩᠭᠡᠷᠡᠭ᠍ᠰᠡᠨ ᠴᠤ ᠭᠡᠯᠡᠳᠡᠭ᠌ ᠶᠠᠷᠢᠳᠠᠭ ᠥᠭᠡ ᠶᠢ ᠴᠢᠨᠢ ᠭᠡᠭᠦᠳᠡᠭ᠌ ᠴᠡᠭᠡᠵᠢᠨ ᠳᠤ ᠬᠠᠳᠠᠭᠠᠯᠠᠭᠰᠠᠭᠠᠷ ᠶᠠᠪᠣᠵᠠᠢ᠃ ᠬᠠᠢ᠌ᠷ᠎ᠠ ᠶᠢᠨ ᠰᠠᠢ᠌ᠬᠠᠨ ᠰᠠᠷᠨᠠᠢ ᠭᠦᠷᠭᠡᠵᠤ ᠴᠢᠳᠠᠯ ᠦᠭᠡᠶ ᠶᠠᠭᠠᠷᠠᠵᠤ ᠶᠠᠪᠣᠭᠰᠠᠨ ᠮᠢᠨᠢ ᠪᠣᠷᠤᠭᠤᠳᠠᠵᠠᠢ᠂ ᠳᠦᠷᠦᠭ᠍ᠰᠡᠨ ᠡᠳᠦᠷ ᠤᠨ ᠴᠢᠨᠢ ᠪᠠᠶᠠᠷ ᠲᠤ ᠪᠠᠯᠡᠭ᠌ ᠭᠦᠷᠭᠡᠵᠤ ᠠᠮᠵᠢᠭ᠎ᠠ ᠦᠭᠡᠶ ᠮᠢᠨᠢ ᠪᠣᠷᠤᠭᠤᠳᠠᠵᠠᠢ᠃ ᠳᠡᠭᠡᠭᠡᠤᠨ ᠳᠠᠭᠢᠵᠤ ᠠᠭᠤᠯᠵᠠᠵᠤ ᠠᠮᠵᠢᠭ᠎ᠠ ᠦᠭᠡᠶ ᠰᠠᠯᠤᠭᠰᠠᠨ ᠮᠢᠨᠢ ᠁ ᠴᠢᠮ᠎ᠠ ᠶᠢ ᠣᠳᠤ ᠮᠠᠷᠳᠠᠶ᠎ᠠ ᠭᠡᠵᠤ ᠴᠠᠭᠠᠨ ᠴᠠᠭᠠᠰᠤᠨ ᠳᠤ ᠨᠠᠷᠠ ᠶᠢ ᠴᠢᠨᠢ ᠪᠢᠴᠢᠯ ᠦᠭᠡᠶ ᠮᠠᠷᠳᠠᠵᠠᠢ ︕
ᠵᠤᠬᠢᠶᠠᠭᠴᠢ᠄ ᠰᠤ᠊ · ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6436
ᠴᠠᠭ᠄ 2009 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ