ᠨᠡᠪᠲᠡᠷᠡᠨ ᠤᠷᠤᠬᠤ
ᠳᠡᠭᠡᠰᠤ

ᠵᠥᠭᠡᠯᠡᠨ ᠭᠡᠮᠡᠨ ᠳᠡᠮᠡᠭᠡᠨ ᠵᠤᠭᠳᠤᠷ ᠶᠢᠡᠷ ᠭᠢᠭ᠍ᠰᠡᠨ

ᠵᠦᠪ ᠭᠡᠮᠡᠨ ᠨᠠᠷᠠ ᠶᠢ ᠳᠠᠭᠠᠭᠤᠯᠵᠤ ᠡᠷᠴᠢᠯᠡᠭ᠍ᠰᠡᠨ

ᠪᠦᠭᠡ ᠭᠡᠮᠡᠨ ᠡᠷᠴᠢᠮ ᠶᠢᠡᠨ ᠳᠠᠷᠤᠭᠤᠯᠵᠤ ᠳᠠᠮᠤᠭᠰᠠᠨ

ᠪᠦᠳᠤᠨ ᠪᠣᠯᠭᠠᠵᠤ᠂ ᠵᠤᠭᠳᠤᠷ ᠶᠢᠡᠨ ᠳᠡᠭᠦᠳᠡᠭᠯᠡᠵᠤ ᠵᠠᠯᠭᠠᠭᠰᠠᠨ

ᠳᠠᠪᠤᠨ ᠬᠤᠰᠢᠭᠤ ᠮᠠᠯ ᠤᠨ ᠵᠢᠠᠨ

ᠠᠰᠢᠭ ᠢ ᠨᠢ ᠠᠠᠳᠠᠳᠠᠭ ᠦᠭᠡᠶ᠂ ᠮᠤᠩᠭ᠋ᠤᠯ ᠊ᠤᠨ

ᠳᠡᠮᠡᠭᠡᠨ ᠨᠤᠤᠰᠤᠨ ᠳᠡᠭᠡᠰᠤᠨ ᠳᠤ ᠨᠢ ᠪᠠᠰᠠ

ᠣᠷᠠᠨ ᠣᠬᠠᠭᠠᠨ ᠪᠠᠢ᠌ᠳᠠᠭ ᠶᠤᠮ ᠡ︕

ᠵᠢᠩ ᠤᠨ ᠴᠤᠪᠣᠭᠠᠨ ᠳᠤ ᠶᠠᠪᠣᠳᠠᠭ᠂ ᠳᠠᠭᠠᠴᠠ ᠰᠠᠢ᠌ᠳᠠᠢ ᠳᠡᠮᠡᠭᠡᠨ ᠤ

ᠠᠴᠢᠶ᠎ᠠ ᠳᠡᠭᠡᠭᠡᠰᠢ ᠶᠢᠨ ᠭᠢᠨᠢ ᠭᠦᠯᠦᠰᠤ᠂ ᠰᠢᠷᠭᠡᠭ᠌ ᠪᠦᠭᠦᠨ ᠳᠤ ᠨᠢ ᠪᠠᠢ᠌ᠳᠠᠭ᠂

ᠵᠢᠩᠳᠡᠭᠦᠤ ᠭᠦᠢᠳᠡᠨ ᠵᠢᠪᠠᠷ ᠲᠡᠶ᠂ ᠮᠤᠩᠭ᠋ᠤᠯ ᠭᠠᠵᠠᠷ ᠤᠨ ᠠᠭᠠᠷ ᠤᠨ

ᠠᠳᠠᠷ ᠤᠨ ᠴᠠᠭᠠᠨ ᠰᠠᠯᠭᠢ᠂ ᠰᠤᠷ ᠪᠦᠭᠦᠨ ᠳᠤ ᠨᠢ ᠪᠠᠢ᠌ᠳᠠᠭ᠂

ᠣᠷᠭᠤᠬᠤ ᠨᠠᠷᠠ ᠲᠡᠶ ᠣᠷᠤᠯᠳᠤᠳᠠᠭ᠂ ᠠᠵᠢᠯᠴᠢ ᠮᠤᠩᠭ᠋ᠤᠯ ᠪᠦᠰᠡᠭᠦᠢ ᠵᠢᠨ

ᠠᠷᠢᠭᠤᠨ ᠭᠦᠴᠤ ᠭᠦᠳᠡᠯᠮᠦᠷᠢ᠂ ᠳᠡᠭᠦᠳᠡᠭ᠌ ᠪᠦᠭᠦᠨ ᠳᠤ ᠨᠢ ᠪᠠᠢ᠌ᠳᠠᠭ᠂

ᠣᠷᠠᠨ ᠴᠠᠴᠠᠨ ᠣᠬᠠᠭᠠᠨ ᠶᠢᠡᠨ ᠳᠠᠪᠤᠨ ᠭᠦᠤ ᠳᠤ ᠪᠠᠨ ᠥᠪᠯᠡᠭ᠍ᠰᠡᠨ

ᠠᠯᠤᠩᠭ᠋ᠤᠸ᠎ᠠ ᠡᠭᠡ ᠶᠢᠨ ᠰᠤᠷᠭᠠᠯ᠂ ᠡᠷᠴᠢᠮ ᠪᠦᠭᠦᠨ ᠳᠤ ᠨᠢ ᠪᠠᠢ᠌ᠳᠠᠭ᠂

ᠳᠤᠭ ᠳᠤᠭ ᠨᠤᠤᠰᠤ ᠪᠠᠷ ᠳᠡᠭᠡᠰᠤ ᠳᠠᠮᠤᠬᠤ ᠶᠢᠨ ᠳᠠᠪᠴᠢᠶᠠᠷᠢ

ᠳᠠᠷᠤᠮ ᠳᠠᠷᠤᠮ ᠶᠢᠡᠷ ᠳᠠᠮᠤᠭᠰᠠᠨ᠂ ᠳᠠᠮᠤᠭ᠎ᠠ ᠪᠦᠭᠦᠨ ᠳᠤ ᠨᠢ ᠪᠠᠢ᠌ᠳᠠᠭ᠂

ᠵᠤᠳᠤᠭ ᠳᠤᠭᠤᠰᠤᠳᠠᠭ᠎ᠠ ᠦᠭᠡᠶ ᠪᠦᠭᠡ ᠴᠤ ᠳᠠᠷᠤᠤ ᠪᠠᠢ᠌ᠳᠠᠭ ᠤᠨ ᠣᠬᠠᠭᠠᠨ

ᠳᠡᠮᠡᠭᠡᠨ ᠨᠤᠤᠰᠤᠨ ᠳᠡᠭᠡᠰᠤᠨ ᠳᠤ ᠵᠥᠭᠡᠯᠡᠨ ᠶᠢᠡᠷ ᠬᠤᠪᠢᠷᠠᠵᠤ ᠣᠷᠤᠰᠢᠳᠠᠭ ᠡ︕

ᠵᠥᠭᠡᠯᠡᠨ ᠭᠡᠮᠡᠨ ᠳᠡᠮᠡᠭᠡᠨ ᠵᠤᠭᠳᠤᠷ ᠶᠢᠡᠷ ᠭᠢᠭ᠍ᠰᠡᠨ

ᠵᠦᠪ ᠭᠡᠮᠡᠨ ᠨᠠᠷᠠ ᠶᠢ ᠳᠠᠭᠠᠭᠤᠯᠵᠤ ᠡᠷᠴᠢᠯᠡᠭ᠍ᠰᠡᠨ

ᠪᠦᠭᠡ ᠭᠡᠮᠡᠨ ᠡᠷᠴᠢᠮ ᠶᠢᠡᠨ ᠳᠠᠷᠤᠭᠤᠯᠵᠤ ᠳᠠᠮᠤᠭᠰᠠᠨ

ᠪᠦᠳᠤᠨ ᠪᠣᠯᠭᠠᠵᠤ᠂ ᠵᠤᠭᠳᠤᠷ ᠶᠢᠡᠨ ᠳᠡᠭᠦᠳᠡᠭᠯᠡᠵᠤ ᠵᠠᠯᠭᠠᠭᠰᠠᠨ

ᠳᠠᠪᠤᠨ ᠬᠤᠰᠢᠭᠤ ᠮᠠᠯ ᠤᠨ ᠵᠢᠠᠨ

ᠠᠰᠢᠭ ᠢ ᠨᠢ ᠠᠠᠳᠠᠳᠠᠭ ᠦᠭᠡᠶ᠂ ᠮᠤᠩᠭ᠋ᠤᠯ ᠊ᠤᠨ

ᠳᠡᠮᠡᠭᠡᠨ ᠨᠤᠤᠰᠤᠨ ᠳᠡᠭᠡᠰᠤᠨ ᠳᠤ ᠨᠢ ᠪᠠᠰᠠ

ᠣᠬᠠᠭᠠᠨ ᠰᠢᠩᠭᠡᠵᠤ ᠪᠠᠢ᠌ᠳᠠᠭ ᠶᠤᠮ ᠡ︕

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ