ᠨᠡᠪᠲᠡᠷᠡᠨ ᠤᠷᠤᠬᠤ
ᠴᠠᠭᠠᠨ ᠢᠷᠠᠯ᠎ᠠ
᠊᠊᠊᠊᠊᠊᠊᠊᠊᠊᠊᠊᠊᠊᠊ ᠣᠯᠠᠨ ᠮᠤᠩᠭ᠋ᠤᠯᠴᠤᠳ ᠲᠠᠭᠠᠨ ᠰᠢᠨ᠎ᠡ ᠵᠢᠯ ᠤᠨ ᠮᠠᠠᠳᠤ ᠶᠢᠨ ᠬᠠᠳᠠᠭ ᠪᠣᠯᠭᠠᠪᠠᠢ︕

                  

ᠠᠪᠳᠠᠷ᠎ᠠ ᠳᠡᠭᠡᠷ᠎ᠡ ᠪᠠᠭᠤᠭᠰᠠᠨ ᠰᠢᠷᠤᠢ ᠶᠢ ᠣᠨᠠᠭᠠᠨ ᠴᠠᠭᠠᠨ ᠢᠷᠠᠯ᠎ᠠ

ᠠᠶᠠᠭᠠᠨ ᠳᠤ ᠨᠠᠭᠠᠯᠳᠤᠭᠰᠠᠨ ᠭᠢᠯᠭᠠᠰᠤ ᠭᠡᠢ᠌ᠰᠭᠡᠨ ᠴᠠᠭᠠᠨ ᠢᠷᠠᠯ᠎ᠠ

ᠠᠢ᠌ᠯ ᠤᠨ ᠬᠤᠳᠠᠨ ᠳᠤ ᠰᠢᠨ᠎ᠡ ᠮᠦᠷ ᠭᠠᠷᠭᠠᠨ ᠴᠠᠭᠠᠨ ᠢᠷᠠᠯ᠎ᠠ

ᠠᠮᠠᠷᠠᠭ ᠤᠨ ᠰᠡᠳᠭᠢᠯ ᠳᠤ ᠮᠦᠷᠦᠭᠡᠳᠦᠯ ᠥᠶᠡᠯᠡᠭᠦᠯᠤᠨ ᠴᠠᠭᠠᠨ ᠢᠷᠠᠯ᠎ᠠ


ᠡᠵᠢ ᠶᠢᠨ ᠪᠦᠷᠢᠭ᠍ᠰᠡᠨ ᠳᠠᠷᠠᠭ ᠤᠨ ᠦᠷᠤᠮ᠎ᠠ ᠶᠢ ᠢᠷᠠᠨ ᠴᠠᠭᠠᠨ ᠢᠷᠠᠯ᠎ᠠ

ᠡᠭᠡᠴᠢ ᠶᠢᠨ ᠴᠢᠨᠠᠭᠰᠠᠨ ᠴᠠᠢ ᠶᠢᠨ ᠳᠤᠰᠤ ᠶᠢ ᠦᠯᠢᠶᠠᠨ ᠴᠠᠭᠠᠨ ᠢᠷᠠᠯ᠎ᠠ

ᠡᠷᠦᠭᠡ(1) ᠵᠢᠨ  ᠰᠡᠢ᠌ᠮᠡᠭᠡᠢ ᠪᠠᠷ ᠣᠳᠤᠳ ᠠᠢ᠌ᠯᠴᠢᠯᠠᠨ ᠴᠠᠭᠠᠨ ᠢᠷᠠᠯ᠎ᠠ

ᠡᠳᠦᠷ ᠤᠨ ᠨᠠᠷᠠᠨ ᠡᠴᠡ ᠭᠡᠷᠡᠯ ᠠᠮᠢᠰᠬᠤᠨ ᠴᠠᠭᠠᠨ ᠢᠷᠠᠯ᠎ᠠ


ᠢᠷᠭᠡᠪᠴᠢ(2) ᠵᠢᠨ ᠳᠤᠤᠭᠤᠷ ᠰᠠᠯᠭᠢ ᠨᠠᠭᠠᠳᠤᠭᠤᠯᠤᠨ ᠴᠠᠭᠠᠨ ᠢᠷᠠᠯ᠎ᠠ

ᠢᠰᠡᠭᠡᠢ ᠭᠡᠷ ᠤᠨ ᠳᠤᠭᠤᠨᠤ ᠪᠠᠷ ᠰᠠᠷᠠ ᠱᠠᠭᠠᠢ᠌ᠨ ᠴᠠᠭᠠᠨ ᠢᠷᠠᠯ᠎ᠠ

ᠢᠩᠭᠡᠨ ᠤ ᠭᠦᠭᠦᠨ ᠡᠴᠡ ᠰᠥ᠋ ᠢᠪᠢᠯᠭᠡᠨ ᠴᠠᠭᠠᠨ ᠢᠷᠠᠯ᠎ᠠ

ᠢᠰᠢᠭᠡᠨ ᠤ ᠣᠷᠤᠭᠤᠯ ᠳᠤ ᠰᠢᠭᠢᠷ ᠠᠮᠳᠠᠯᠠᠭᠳᠠᠨ ᠴᠠᠭᠠᠨ ᠢᠷᠠᠯ᠎ᠠ


ᠣᠨ ᠤ ᠵᠤᠯᠠᠢ ᠳᠤ ᠬᠠᠳᠠᠭ ᠳᠤᠬᠤᠨ ᠴᠠᠭᠠᠨ ᠢᠷᠠᠯ᠎ᠠ

ᠣᠳᠤᠷ ᠤᠨ ᠳᠤᠭᠤᠰᠤᠨ ᠳᠤ ᠲᠦᠯ ᠳᠤᠰᠤᠨ ᠴᠠᠭᠠᠨ ᠢᠷᠠᠯ᠎ᠠ

ᠣᠭᠤᠨᠤ ᠶᠢᠨ ᠪᠠᠯᠴᠢᠭᠡᠷ ᠡᠴᠡ ᠨᠤᠭᠤᠭ᠎ᠠ ᠦᠨᠦᠷᠯᠠᠨ ᠴᠠᠭᠠᠨ ᠢᠷᠠᠯ᠎ᠠ

ᠣᠭᠳᠠᠷᠭᠤᠢ ᠶᠢᠨ ᠡᠭᠦᠯᠡᠨ ᠳᠤ ᠭᠦᠰᠡᠯ ᠨᠡᠭᠦᠯᠭᠡᠨ ᠴᠠᠭᠠᠨ ᠢᠷᠠᠯ᠎ᠠ


ᠣᠳᠤᠭᠠᠳᠤ ᠭᠡᠷ ᠤᠨ ᠭᠦ᠋ ᠠᠷᠴᠢᠨ ᠴᠠᠭᠠᠨ ᠢᠷᠠᠯ᠎ᠠ

ᠣᠨᠢᠨ ᠤ ᠥᠵᠦᠭᠦᠷ ᠲᠤ ᠭᠡᠭᠡ ᠠᠷᠬᠠᠯᠠᠨ ᠴᠠᠭᠠᠨ ᠢᠷᠠᠯ᠎ᠠ

ᠣᠳᠤᠮᠳᠤ ᠮᠤᠩᠭ᠋ᠤᠯ ᠤᠨ ᠮᠠᠠᠳᠤ ᠭᠦᠷᠭᠡᠨ ᠴᠠᠭᠠᠨ ᠢᠷᠠᠯ᠎ᠠ

ᠣᠰᠤᠨ ᠤ ᠠᠨᠢᠷ ᠶᠢᠡᠷ ᠭᠦᠭᠡᠮᠡᠢ ᠠᠶᠠᠯᠤᠨ ᠴᠠᠭᠠᠨ ᠢᠷᠠᠯ

ᠦᠷᠦᠭᠡ ᠪᠠᠢ᠌ᠰᠢᠩ ᠤᠨ ᠠᠭᠠᠷ ᠰᠤᠯᠢᠨ ᠴᠠᠭᠠᠨ ᠢᠷᠠᠯ᠎ᠠ

ᠦᠨᠳᠦᠷ ᠮᠤᠳᠤᠨ ᠤ ᠪᠦᠷ ᠰᠠᠮᠨᠠᠨ ᠴᠠᠭᠠᠨ ᠢᠷᠠᠯ᠎ᠠ

ᠥᠳᠡᠯᠦᠭᠡ ᠪᠣᠭᠤᠷᠤᠯ ᠤᠨ ᠪᠣᠶᠠᠨ ᠵᠤᠵᠠᠭᠠᠯᠠᠨ ᠴᠠᠭᠠᠨ ᠢᠷᠠᠯ᠎ᠠ

ᠥᠩᠭᠡᠷᠡᠭᠦ ᠵᠢᠯ ᠤᠨ ᠰᠡᠭᠦᠯ ᠳᠠᠷᠤᠨ ᠴᠠᠭᠠᠨ ᠢᠷᠠᠯ᠎ᠠ


ᠦᠨᠡᠨ ᠤ ᠳᠤᠭᠤᠭᠠᠨ ᠳᠤ ᠠᠢ᠌ᠷᠠᠭ ᠪᠣᠴᠠᠯᠭᠠᠨ ᠴᠠᠭᠠᠨ ᠢᠷᠠᠯ᠎ᠠ

ᠣᠢ᠌ᠯᠠᠰ ᠤᠨ ᠭᠠᠯ ᠳᠤ ᠨᠠᠢ᠌ᠷᠠᠭ ᠰᠢᠷᠭᠠᠭᠠᠨ ᠴᠠᠭᠠᠨ ᠢᠷᠠᠯ᠎ᠠ

ᠦᠨᠢᠶᠠᠨ ᠵᠠᠯᠠᠨ ᠡᠴᠡ ᠠᠷᠭᠠᠯ ᠬᠤᠷᠮᠣᠢ᠌ᠯᠠᠨ ᠴᠠᠭᠠᠨ ᠢᠷᠠᠯ᠎ᠠ

ᠦᠳᠡ ᠶᠢᠨ ᠭᠠᠵᠠᠷ ᠡᠴᠡ ᠴᠡᠭᠡ ᠬᠠᠩᠬᠤᠯᠤᠭᠤᠯᠤᠨ ᠴᠠᠭᠠᠨ ᠢᠷᠠᠯ᠎ᠠ ᠡ

ᠴᠠᠭᠠᠨ ᠢᠷᠠᠯ᠎ᠠ᠂   ᠰᠠᠢ᠌ᠨ ᠰᠢᠨᠡᠯᠡᠭᠡᠷᠡᠢ︕


                      2011 ᠣᠨ ᠤ 1 ᠰᠠᠷ᠎ᠠ ᠶᠢᠨ 26


(1) ᠳᠤᠭᠤᠨᠤ

(2) ᠰᠠᠯᠭᠢ ᠭᠦᠢᠳᠡᠨ ᠡᠴᠡ ᠬᠠᠯᠬᠠᠯᠠᠨ ᠬᠠᠨ᠎ᠠ ᠶᠢᠨ ᠳᠤᠤᠭᠤᠷ ᠣᠷᠢᠶᠠᠭᠰᠠᠨ ᠵᠤᠵᠠᠭᠠᠨ ᠢᠰᠡᠭᠡᠢ ᠳᠤᠯᠠᠭᠠᠪᠴᠢ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ (ᠬᠦᠬᠡ‍ᠨᠠᠭᠤᠷ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ