☆ ᠪᠠᠳᠤᠰᠠᠴᠠᠨ
ᠴᠢᠮ᠎ᠠ ᠳ᠋ᠠᠭᠠᠨ
ᠡᠯᠢᠭᠡᠨ ᠳᠤ ᠴᠢᠨᠢ ᠨᠠᠭᠠᠯᠳᠤᠵᠤ
ᠡᠩᠰᠡᠷᠡᠳᠡᠯ᠎ᠡ ᠣᠭᠢᠯᠠᠶ᠎ᠠ ᠭᠡᠭᠦ ᠳ᠋ᠤ
ᠡᠷ᠎ᠡ ᠭᠦᠮᠤᠨ ᠯᠠ ᠳ᠋ᠠ ᠴᠢ ᠭᠡᠵᠤ
ᠳᠤᠭᠤᠭᠢᠯᠠᠬᠤ ᠡᠴᠡ ᠴᠢᠨᠢ ᠠᠶᠤᠨ᠎ᠠ
ᠪᠦᠮᠪᠦᠷᠴᠡᠭ᠌ ᠢ ᠬᠠᠭᠠᠷᠠᠳᠠᠯ᠎ᠠ
ᠬᠠᠢ᠌ᠷᠠᠳᠠᠢ ᠭᠡᠵᠤ ᠬᠠᠰᠭᠢᠷᠤᠪᠠᠯ
ᠪᠠᠢ᠌ᠳᠠᠭ ᠭᠦᠮᠤᠨ ᠠᠮᠢᠳᠠᠨ ᠳ᠋ᠤ
ᠣᠰᠤᠯᠳᠠᠴᠢᠬᠠᠬᠤ ᠡᠴᠡ ᠠᠶᠤᠨ᠎ᠠ
ᠡᠷᠢᠯ ᠮᠦᠷᠦᠭᠡᠳᠦᠯ ᠤᠨ ᠨᠢᠯᠪᠣᠰᠤ ᠪᠠᠨ
ᠣᠷᠤᠰᠬᠠᠵᠤ ᠠᠷᠠᠢ ᠴᠢᠳᠠᠬᠤ ᠥᠭᠡᠢ
ᠦᠷᠭᠡᠨ ᠬᠠᠩᠭ᠋ᠠᠢ ᠭᠤᠪᠢ ᠪᠠᠨ
ᠥᠶᠡᠷᠯᠡᠴᠢᠭᠡᠭᠦ ᠡᠴᠡ ᠠᠶᠤᠨ᠎ᠠ
ᠳᠤᠪᠣ ᠶᠢᠨ ᠴᠢᠯᠠᠭᠤᠳ ᠢ ᠰᠢᠳᠠᠵᠤ
ᠣᠢ᠌ᠤᠠᠬᠠᠷ ᠶᠢᠡᠨ ᠳᠠᠢ᠌ᠯᠤᠶ᠎ᠠ ᠭᠡᠭᠦ ᠳ᠋ᠤ
ᠳᠠᠯ᠎ᠠ ᠶᠢᠨ ᠶᠢᠡᠨ ᠴᠠᠪᠠᠷ ᠴᠡᠴᠡᠭᠡᠰ ᠤᠨ
ᠳᠠᠯᠪᠢ ᠶᠢ ᠡᠮᠳᠡᠯᠡᠭᠦ ᠡᠴᠡ ᠠᠶᠤᠨ᠎ᠠ
ᠰᠠᠨᠠᠮᠰᠠᠷ ᠦᠭᠡᠶ ᠭᠡᠯᠡᠭ᠍ᠰᠡᠨ ᠥᠭᠡᠰ
ᠰᠡᠳᠭᠢᠯ ᠢ ᠴᠢᠨᠢ ᠭᠦᠡᠳᠡᠭ᠍ᠰᠡᠨ ᠮᠠᠭᠠᠤᠨ
ᠰᠠᠠᠰᠠᠷ ᠤᠨ ᠮᠦᠩᠭᠦᠨ ᠰᠠᠷ᠎ᠠ ᠰᠢᠭ
ᠰᠠᠯᠵᠤ ᠪᠢᠳᠡᠭᠡᠢ ᠬᠤᠯᠠᠤᠨ ᠳ᠋ᠠ
ᠭᠠᠭᠴᠠᠬᠠᠨ ᠴᠢᠮ᠎ᠠ ᠶᠢ ᠭᠡᠵᠤ
ᠭᠠᠯᠪᠠ ᠶᠡᠭᠦᠷᠡᠭ᠍ᠰᠡᠨ ᠴᠤ ᠰᠠᠨᠠᠨ᠎ᠠ
ᠭᠠᠯ ᠬᠠᠯᠠᠭᠤᠨ ᠰᠡᠳᠭᠢᠯ ᠵᠢᠠᠨ
ᠭᠠᠭᠴᠠᠬᠠᠨ ᠴᠢᠮ᠎ᠠ ᠳᠠᠭᠠᠨ ᠨᠤᠴᠤᠭᠠᠨ᠎ᠠ
ᠴᠢᠮ᠎ᠠ ᠲᠡᠶ ᠠᠳᠠᠯᠢᠬᠠᠨ ᠪᠣᠯᠬᠤᠷ
ᠴᠡᠴᠡᠭᠡᠰ ᠢ ᠪᠢ ᠬᠠᠢ᠌ᠷᠠᠯᠠᠨ᠎ᠠ
ᠳᠡᠭᠡᠷ᠎ᠡ ᠨᠢ ᠴᠢ ᠪᠠᠢ᠌ᠬᠤ ᠪᠠᠷ ᠨᠢ
ᠳᠡᠯᠡᠭᠡᠢ ᠪᠠᠨ ᠪᠢ ᠬᠠᠢ᠌ᠷᠠᠯᠠᠨᠡ᠃
ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2010 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ