ᠨᠡᠪᠲᠡᠷᠡᠨ ᠤᠷᠤᠬᠤ
ᠰᠠᠷᠠ
--- ᠨᠤᠯᠮᠠᠰᠠᠷᠠᠩ ᠤᠨ ᠳᠤᠷᠠᠰᠬᠠᠯ ᠳ᠋ᠤ

ᠣᠳᠤᠳᠠᠢ ᠰᠦᠨᠢ ᠵᠢ ᠭᠡᠭᠡᠷ᠎ᠡ ᠥᠩᠭᠡᠷᠡᠭᠡᠵᠤ

ᠣᠩᠭ᠋ᠤᠨ ᠠᠭᠤᠯᠠᠨ ᠳᠤ ᠪᠠᠨ ᠬᠤᠨᠤᠭᠰᠠᠨ ᠦᠭᠡᠶ ᠴᠤ

ᠣᠶᠠᠷᠠᠭᠤᠨ ᠳᠤᠩᠭ᠋ᠠᠯᠠᠭ ᠰᠢᠯᠦᠭ᠍ᠴᠢ ᠶᠢᠨ ᠶᠢᠡᠨ ᠰᠠᠷᠠ ᠶᠢ

ᠣᠩᠰᠢᠵᠤ ᠣᠩᠰᠢᠭᠠᠤᠨ ᠬᠠᠷᠢᠭᠰᠠᠨ ᠡ ᠪᠢ

ᠣᠷᠭᠤᠬᠤ ᠨᠠᠷᠠᠰᠤ ᠶᠢ ᠨᠢ ᠰᠡᠳᠭᠢᠯ ᠳᠤ ᠪᠠᠨ ᠱᠤᠭᠤᠵᠤ ᠠᠪᠣᠭᠠᠤᠨ

ᠣᠨᠠᠰᠢ ᠦᠭᠡᠶ ᠭᠦᠰᠢᠶ᠎ᠡ ᠨᠢ ᠶᠤᠮ ᠭᠡᠵᠤ ᠪᠠᠳᠤ ᠰᠠᠨᠠᠭᠰᠠᠨ ᠡ

ᠨᠤᠤᠷᠠᠭ ᠰᠢᠯᠦᠭ᠌ ᠢ ᠨᠢ ᠵᠢᠷᠦᠭᠡᠨ ᠳᠤ ᠪᠠᠨ ᠳᠡᠭᠡᠵᠢᠯᠡᠭᠦ ᠳᠤ

ᠨᠢᠭᠤᠭᠳᠠᠭᠰᠠᠨ ᠰᠠᠷᠠ ᠨᠢ ᠴᠤ

ᠨᠤᠳᠤᠭ ᠲᠤ ᠮᠢᠨᠢ ᠢᠷᠠᠨ᠎ᠠ

ᠨᠤᠮ ᠢ ᠮᠢᠨᠢ᠂ ᠰᠠᠷᠠ ᠶᠢ ᠮᠢᠨᠢ ᠳᠠᠨᠤᠰ

ᠨᠤᠬᠤᠴᠢᠵᠤ ᠊ᠭ᠍‍ᠬᠢᠷᠳᠦᠭᠡᠯ ᠦᠭᠡᠶ ᠠᠪᠴᠤ ᠶᠠᠪᠣᠭᠠᠷᠠᠢ ᠭᠡᠵᠤ

ᠨᠠᠢ᠌ᠷᠠᠭᠴᠢ ᠮᠢᠨᠢ ᠵᠡᠭᠦᠳᠤᠨ ᠳᠤ ᠬᠠᠢ᠌ᠯᠠᠨ᠎ᠠ᠃

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ