☆ ᠴ·ᠴᠡᠷᠡᠩᠳᠤᠷᠵᠢ
ᠪᠤᠯᠵᠤᠭᠠᠨ ᠳᠤ ᠶᠠᠪᠤᠭᠰᠠᠨ ᠰᠦᠨᠢ
ᠴᠠᠰᠤᠳᠠᠢ ᠡᠪᠦᠯ ᠤᠨ ᠨᠠᠮᠵᠢᠭᠤᠨ ᠰᠦᠨᠢ
ᠴᠠᠭᠠᠨ ᠳᠠᠪᠠᠯ ᠶᠢᠡᠨ ᠯᠠᠪ ᠪᠦᠰᠡᠯᠡᠭᠡᠤᠨ
ᠪᠣᠳᠤᠯ ᠰᠠᠤᠠᠭᠢᠯ ᠤᠨ ᠣᠶᠠᠭ᠎ᠠ ᠪᠣᠯᠤᠭᠰᠠᠨ
ᠪᠣᠯᠵᠤᠭᠠᠨ ᠤ ᠭᠡᠦᠭᠡᠨ ᠳᠡᠭᠡᠨ ᠵᠤᠯᠭᠠᠬᠤ ᠪᠠᠷ ᠮᠤᠷᠳᠠᠯ᠎ᠠ
ᠭᠦᠷᠵᠢᠭᠡᠨᠡᠭᠦ ᠡᠴᠡ ᠪᠢᠰᠢ ᠳᠤᠤᠭᠠᠷᠳᠠᠭ ᠦᠭᠡᠶ
ᠭᠦᠷᠡᠩ ᠠᠭᠳᠠᠨ ᠳᠠᠭᠠᠨ ᠮᠤᠷᠳᠠᠭᠠᠤᠨ ᠭᠠᠷᠤᠯ᠎ᠠ
ᠴᠠᠭᠠᠨ ᠬᠠᠭ ᠤᠨ ᠪᠠᠭᠤᠷᠢ ᠶᠢ ᠴᠢᠭ᠍ᠯᠡᠭᠡᠤᠨ
ᠴᠠᠰᠤ ᠪᠣᠳᠠᠷᠭᠠᠨ ᠰᠡᠭᠡᠯᠵᠢᠭᠦᠯᠵᠤ ᠶᠠᠪᠣᠯ᠎ᠠ
ᠬᠤᠳᠠᠴᠢ ᠨᠤᠬᠠᠢ᠌ᠳ ᠤᠨ ᠠᠨᠢᠷᠯᠠᠬᠤ ᠡᠴᠡ ᠭᠢᠴᠢᠶᠠᠵᠤ
ᠵᠠᠮ ᠤᠨ ᠠᠢ᠌ᠯ ᠡᠴᠡ ᠵᠠᠢ᠌ᠯᠠᠰᠭᠢᠵᠤ ᠶᠠᠪᠣᠯ᠎ᠠ
ᠭᠦᠮᠤᠨ ᠠᠮᠢᠳᠠᠨ ᠬᠠᠷᠭᠤᠬᠤ ᠡᠴᠡ ᠭᠢᠴᠢᠶᠠᠵᠤ
ᠭᠦᠮᠦᠭ᠌ ᠰᠤᠳᠠᠭ ᠶᠢᠡᠷ ᠳᠠᠯᠳᠠᠯᠠᠵᠤ ᠶᠠᠪᠣᠯ᠎ᠠ
ᠭᠤᠷᠪᠠᠨ ᠶᠢᠰᠤ ᠶᠢᠨ ᠳᠠᠰ ᠭᠦᠢᠳᠡᠨ ᠳᠤ
ᠣᠳᠤᠨ ᠮᠠᠴᠢᠳ ᠴᠠᠴᠠᠷᠠᠵᠤ ᠪᠠᠢ᠌ᠪᠠᠴᠤ
ᠭᠤᠷᠢᠳᠠᠯᠭ᠎ᠠ ᠡᠪᠦᠷᠯᠡᠭ᠍ᠰᠡᠨ ᠪᠣᠯᠵᠤᠭᠠᠨ ᠰᠠᠤᠠᠭᠢᠯ ᠳᠤ
ᠦᠪᠴᠢ ᠪᠠᠶ᠎ᠠ ᠨᠢᠯᠴᠢᠭᠡᠨᠡᠵᠤ ᠶᠠᠪᠣᠯ᠎ᠠ
ᠠᠢ᠌ᠯ ᠤᠨ ᠪᠠᠷ᠎ᠠ ᠣᠢ᠌ᠷᠠᠳᠤᠬᠤ ᠳᠤᠳᠤᠮ
ᠠᠶᠤᠬᠤ ᠢᠴᠢᠭᠦ ᠬᠤᠤᠰᠯᠠᠵᠤ ᠪᠠᠢ᠌ᠪᠠᠴᠤ
ᠠᠮᠢᠰᠬᠤᠭ᠎ᠠ ᠪᠠᠨ ᠬᠤᠷᠢᠶᠠᠵᠤ ᠵᠢᠷᠦᠭᠡ ᠪᠠᠨ ᠳᠠᠷᠤᠨ
ᠠᠢ᠌ᠯ ᠤᠨ ᠡᠭᠦᠳᠡᠨ ᠳᠤ ᠰᠠᠮ ᠭᠦᠷᠦᠯ᠎ᠡ
ᠬᠠᠮᠭᠢᠭᠰᠠᠨ ᠡᠪᠦᠷ ᠢ ᠡᠪᠳᠡᠢ ᠰᠡᠭᠦᠭᠦ ᠳᠤ
ᠬᠠᠯᠠᠭᠤᠨ ᠠᠮᠢᠰᠬᠤᠭ᠎ᠠ ᠬᠠᠮᠠᠷ ᠴᠤᠷᠭᠢᠵᠤ
ᠬᠠᠢ᠌ᠷ᠎ᠠ ᠪᠢᠯᠬᠠᠭᠰᠠᠨ ᠣᠴᠢ ᠬᠠᠷᠪᠣᠬᠤ ᠳᠤ
ᠬᠠᠨ ᠳᠡᠭ᠍ᠷᠢ ᠶᠢᠨ ᠣᠳᠤ ᠢᠰᠪᠠᠯᠵᠢᠯᠠ
ᠴᠡᠴᠡᠷᠭᠢᠯᠡᠭ᠍ᠰᠡᠨ ᠠᠮᠢᠰᠬᠤᠭ᠎ᠠ ᠪᠠᠨ ᠳᠠᠷᠤᠨ ᠪᠠᠢ᠌ᠵᠤ
ᠴᠢᠭᠢ ᠴᠢᠭᠢ ᠳᠡᠭᠡᠨ ᠰᠢᠪᠠᠨᠠᠨ ᠭᠦᠭᠡᠷᠡᠭᠦ ᠳᠤ
ᠥᠩᠭᠡᠷᠡᠵᠤ ᠥᠭ᠍ᠳᠡᠭ᠌ ᠦᠭᠡᠶ ᠡᠪᠦᠯ ᠤᠨ ᠰᠦᠨᠢ
ᠦᠷ ᠴᠠᠢ᠌ᠬᠤ ᠨᠢ ᠳᠦᠷᠭᠡᠨ ᠪᠠᠢ᠌ᠯ᠎ᠠ
ᠠᠢ᠌ᠯ ᠤᠨ ᠭᠡᠦᠭᠡᠨ ᠤ ᠰᠢᠪᠠᠨᠡᠭ᠍ᠰᠡᠨ ᠥᠭᠡ ᠡᠴᠡ
ᠠᠯᠤᠰ ᠭᠡᠳᠤ ᠶᠢᠨ ᠵᠢᠷᠤᠭ ᠳᠤᠳᠤᠷᠠᠬᠤ ᠳᠤ
ᠢᠳᠡᠭᠡᠯ ᠤᠨ ᠭᠦᠨ ᠳᠤ ᠢᠨᠢᠶᠠᠳᠤ ᠪᠢᠯᠬᠠᠷᠠᠨ
ᠢᠨᠠᠭ ᠤᠨ ᠳᠠᠭᠤᠤ ᠪᠠᠨ ᠠᠶᠠᠯᠠᠵᠤ ᠪᠣᠴᠠᠯ᠎ᠠ᠃
ᠵᠤᠬᠢᠶᠠᠭᠴᠢ᠄ ᠴ·ᠴᠡᠷᠡᠩᠳᠤᠷᠵᠢ
ᠢᠷᠡᠯᠲᠡ᠄ ᠬᠦᠬᠡᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄
ᠰᠢᠯᠦᠭᠳᠠᠷᠤᠮ᠄ 7652
ᠴᠠᠭ᠄ 2006 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ