ᠨᠡᠪᠲᠡᠷᠡᠨ ᠤᠷᠤᠬᠤ
ᠱᠠᠭᠠᠵᠠᠭᠠᠢ ᠰᠢᠪᠠᠭᠤᠨ

ᠱᠠᠭᠠᠵᠠᠭᠠᠢ ᠰᠢᠪᠠᠭᠤᠨ ᠴᠤᠬᠤᠮ ᠬᠠᠮᠢᠭ᠎ᠠ ᠣᠴᠢᠭᠰᠠᠨ ᠪᠣᠢ ︖ ᠪᠢ ᠳᠡᠭᠦᠨ ᠤ ᠪᠠᠷ᠎ᠠ ᠶᠢ ᠥᠵᠡᠭᠦ ᠪᠠᠢ᠌ᠳᠤᠭᠠᠢ᠂ ᠰᠤᠷᠠᠭ ᠢ ᠨᠢ ᠴᠤ ᠴᠥᠭᠡᠨ ᠰᠤᠨᠤᠰᠬᠤ ᠪᠣᠯᠤᠯ᠎ᠠ︕ ᠣᠴᠢᠷ ᠨᠢ ᠪᠢ ᠱᠠᠭᠠᠵᠠᠭᠠᠢ ᠶᠢ ᠲᠤᠢ᠌ᠯ ᠤᠨ ᠪᠠᠬᠠᠷᠳᠠᠭ ᠪᠢᠯᠠ︕

    ᠭᠡᠨ ᠡᠰᠡ ᠮᠡᠳᠡᠭᠦ ᠪᠢᠯᠠ︕ ᠮᠠᠨ ᠤ ᠨᠤᠳᠤᠭ ᠤᠨ ᠣᠢ ᠮᠤᠳᠤ ᠲᠡᠶ ᠠᠭᠤᠯᠠ ᠭᠦᠳᠡᠭᠡ᠂ ᠭᠤᠪᠢ ᠭᠦᠡᠳᠡᠢ᠂ ᠭᠤᠤᠯ ᠤᠨ ᠭᠦᠪᠠᠭᠡ᠂ ᠰᠠᠢ᠌ᠷᠭ᠎ᠠ ᠶᠢᠨ ᠳᠠᠩ ᠪᠣᠶᠤ ᠳᠤᠰᠬᠤᠨ ᠰᠠᠭᠤᠷᠢᠰᠢᠯ ᠶᠢᠡᠷ ᠠᠯᠠᠭ ᠱᠠᠭᠠᠵᠠᠭᠠᠢ ᠰᠦᠷᠦᠭ᠌ ᠰᠦᠷᠦᠭ᠌ ᠶᠢᠡᠷ ᠪᠠᠭᠯᠠᠷᠴᠤ ᠨᠢᠰᠦᠭᠡ ᠨᠢ ᠥᠵᠡᠭ᠍ᠳᠡᠳᠡᠭ᠌ ᠪᠢᠯᠠ᠃ ᠳᠡᠭᠦᠨ ᠤ ᠳᠡᠷᠡᠭᠦ ᠭᠠᠵᠠᠷ ᠰᠠᠢ ᠦᠭᠡᠶ ᠳᠠᠷᠬᠠᠵᠤ ᠬᠠᠷᠠᠭᠳᠠᠳᠠᠭ ᠭᠤᠸᠠᠯᠢᠭ ᠰᠦᠷ ᠳᠦᠷᠦᠭᠦ ᠨᠢ ᠣᠳᠤ ᠪᠣᠳᠤᠪᠠᠯ ᠳᠤᠮᠤᠭᠰᠢᠬᠤ ᠵᠦᠪ ᠦᠭᠡᠶ ᠰᠢᠳᠡᠷᠭᠡᠨ ᠤ ᠭᠡᠷᠡᠭ᠌ ᠡᠰᠡ ᠪᠢᠯᠢᠤ ⁈ ᠭᠡᠯ᠎ᠡ ᠴᠤ ᠣᠳᠤ ᠶᠠᠭ ᠳᠠᠷᠠ ᠮᠠᠨᠢ ᠭᠡᠳᠦᠭᠡᠨ ᠵᠢᠯ ᠳᠤᠳᠤᠷ᠎ᠠ ᠪᠠᠷ᠎ᠠ ᠰᠤᠷᠠᠭ ᠨᠢ ᠳᠠᠰᠤᠷᠴᠤ ᠣᠳᠤᠯ᠎ᠠ᠂ ᠠᠳᠠᠭ ᠭᠡᠭᠦ ᠳᠡᠭᠡᠨ ᠡ᠊ᠨᠳᠡ ᠳᠠᠠᠳᠠᠭᠢ ᠦᠨᠦᠴᠢᠨ ᠬᠤᠮᠠᠬᠠᠢ ᠮᠤᠳᠤᠨ ᠳᠡᠭᠡᠷᠡᠭᠢ ᠬᠠᠭᠤᠴᠢᠨ ᠡᠭᠦᠷ ᠨᠢ ᠴᠤ ᠨᠠᠷᠠᠨ ᠰᠠᠯᠭᠢᠨ ᠤ ᠢᠳᠡᠭ᠍ᠳᠡᠯ ᠳᠤ ᠥᠭᠦᠷᠡᠨ ᠬᠤᠮᠠᠬᠠᠢ᠌ᠷᠠᠵᠤ ᠣᠨᠠᠭᠠᠤᠨ ᠶᠠᠮᠠᠷ ᠴᠤ ᠣᠷᠤ ᠮᠦᠷ ᠦᠭᠡᠶ ᠪᠣᠯᠤᠭᠰᠠᠨ ᠨᠢ ᠰᠤᠨᠢᠨ ᠪᠣᠯᠵᠤ ᠥᠪᠦᠷᠡᠭ᠍ᠳᠡᠨ᠎ᠡ᠃ ᠡᠷᠭᠢᠭᠡᠳ ᠪᠣᠳᠤᠪᠠᠯ ᠮᠠᠨ ᠤ ᠨᠤᠳᠤᠭ ᠲᠤ ᠠᠮᠢ ᠠᠬᠤᠢ ᠡᠪᠳᠡᠷᠴᠤ ᠣᠳᠤᠭᠰᠠᠨ ᠢ ᠳᠠᠮ ᠶᠢᠡᠷ ᠭᠡᠷᠴᠢᠯᠡᠵᠤ ᠪᠠᠢ᠌ᠬᠤ ᠨᠢ ᠴᠤ ᠳᠤᠳᠤᠯᠠᠭᠳᠠᠨ᠎ᠠ᠃

    ᠱᠠᠭᠠᠵᠠᠭᠠᠢ ᠭᠡᠳᠡᠭ᠌ ᠰᠠᠢ᠌ᠨ ᠰᠢᠪᠠᠭᠤᠨ᠂ ᠭᠦᠮᠤᠨ ᠠᠷᠠᠤᠨ ᠲᠤ ᠤᠢ᠌ᠷ᠎ᠡ ᠳᠤᠳᠤᠨᠤ ᠥᠶᠡᠷᠭᠡᠵᠤ ᠳᠠᠰᠤᠯᠴᠠᠭᠰᠠᠨ ᠪᠠᠢ᠌ᠭᠠᠯᠢ ᠶᠢᠨ ᠰᠢᠳᠤᠷᠭᠤ ᠡᠵᠡᠨ ᠤ ᠠᠮᠢᠳᠤ ᠪᠦᠷᠢᠯᠸ᠎ᠡ ᠪᠢᠯᠠ᠃ ᠮᠢᠨᠤ ᠪᠠᠭ᠎ᠠ ᠳᠤ ᠱᠠᠭᠠᠵᠠᠭᠠᠢ ᠰᠢᠪᠠᠭᠤᠨ ᠠᠢ᠌ᠯ ᠤᠨ ᠡᠭᠦᠳᠡᠨ ᠳ᠋ᠠᠭᠢ ᠮᠤᠳᠤᠨ ᠳᠡᠭᠡᠷ᠎ᠡ ᠢᠷᠠᠵᠤ ᠰᠠᠭᠤᠭᠠᠤᠨ ᠱᠠᠭᠠᠳᠠᠨᠠᠪᠠᠯ᠂ ᠬᠡᠦᠬᠡᠳ ᠥᠭᠡᠳᠡ ᠡᠴᠡ ᠨᠢ᠄

    ᠱᠠᠭᠠᠵᠠᠭᠠᠢ᠂ ᠱᠠᠭᠠᠵᠠᠭᠠᠢ︕

    ᠰᠠᠢ᠌ᠨ ᠢ ᠭᠡᠯᠡ᠂ ᠰᠠᠢ᠌ᠨ ᠴᠢᠮᠡᠭᠡ ᠭᠡᠯᠡ︕

    ᠰᠠᠢ᠌ᠨ ᠴᠢᠮᠡᠭᠡ ᠭᠡᠯᠡᠭᠦᠯ᠎ᠡ ᠴᠢᠨᠢ

    ᠰᠠᠩᠭᠢᠷᠴᠠᠭ ᠳᠦᠭᠦᠷᠡᠩ ᠳᠤᠰᠤ ᠦᠭ‍ᠭᠦᠨ᠎ᠡ ᠪᠢ︕

    ᠮᠠᠭᠤ ᠴᠢᠮᠡᠭᠡ ᠭᠡᠯᠡᠭᠦᠯ᠎ᠡ ᠴᠢᠨᠢ

    ᠮᠤᠳᠤᠨ ᠫᠣᠤ ᠪᠠᠷ ᠬᠠᠭᠠᠵᠤ ᠠᠯᠠᠨ᠎ᠠ ᠪᠢ︕

    ᠮᠠᠳᠠᠵᠤ ᠪᠠᠢ᠌ᠨ᠎ᠠ ᠦᠦ︖ ᠱᠠᠭᠠᠵᠠᠭᠠᠢ ᠮᠢᠨᠢ

    ᠮᠡᠷᠭᠡᠨ ᠨᠠᠷ᠎ᠠ ᠪᠠᠨ ᠪᠢᠳᠡᠭᠡᠢ ᠠᠯᠳᠠ ᠵᠤᠤ︕

    ᠱᠠᠭᠠᠵᠠᠭᠠᠢ᠂ ᠱᠠᠭᠠᠵᠠᠭᠠᠢ︕

    ᠱᠠᠭᠰᠢᠭᠠᠤᠨ ᠪᠠᠢ᠂ ᠱᠠᠭᠠᠳᠠᠨᠠᠭᠠᠤᠨ ᠪᠠᠢ︕

    ᠮᠢᠬᠠᠨ ᠱᠦᠯᠦᠨ ᠡᠯᠪᠠᠭ᠍ᠵᠢᠪᠡ᠂

    ᠮᠠᠨ ᠤ ᠠᠢ᠌ᠯ ᠪᠠᠶᠠᠵᠢᠪᠠ᠃

    ᠮᠤᠷᠳᠠᠬᠤ ᠭᠡᠦᠭᠡᠨ ᠤ ᠬᠤᠷᠢᠮ

    ᠮᠠᠩᠭ᠋ᠠᠳᠤᠷ ᠡᠰᠡ ᠪᠣᠯᠤᠨ᠎ᠠ ᠦᠦ︖

    ᠮᠤᠳᠤᠨ ᠳᠡᠭᠡᠷ᠎ᠡ ᠣᠳᠤ ᠴᠢ ᠮᠢᠨᠢ

    ᠮᠠᠩᠭ᠋ᠠᠷᠠᠭ ᠳᠠᠢ᠌ᠯᠠᠬᠤ ᠶᠢ ᠪᠣᠳᠤᠭ᠎ᠠ ᠦᠦ︖

    ᠮᠠᠳᠠᠵᠤ ᠪᠠᠢ᠌ᠨ᠎ᠠ ᠦᠦ︖ ᠱᠠᠭᠠᠵᠠᠭᠠᠢ ᠮᠢᠨᠢ

    ᠮᠠᠠᠳᠤ ᠶᠢᠨ ᠲᠦᠯᠦᠭᠡ ᠱᠠᠭᠳᠠᠨᠠᠭᠠᠷᠠᠢ︕ ᠭᠡᠵᠤ ᠬᠤᠯᠪᠤᠨ ᠬᠤᠯᠪᠤᠨ ᠰᠢᠯᠦᠭᠯᠡᠵᠤ ᠬᠤᠷᠰᠢᠶᠠᠯᠠᠨ ᠬᠤᠷᠰᠢᠶᠠᠯᠠᠨ ᠳᠠᠭᠤᠯᠠᠵᠤ᠂ ᠳᠡᠭᠦᠨ ᠤ ᠦᠷᠭᠦᠯᠵᠢ ᠰᠠᠢ᠌ᠨ ᠢᠷᠸ᠎ᠠ ᠶᠢᠨ ᠪᠠᠯᠭᠡ ᠳᠠᠮᠪᠠᠷᠢᠯ ᠠᠪᠴᠢᠷᠠᠨ ᠪᠠᠶᠠᠷ ᠴᠡᠩᠭᠡᠯ ᠤᠨ ᠪᠣᠶᠠᠨ ᠭᠦᠷᠭᠡᠵᠤ ᠢᠷᠡᠭᠦ ᠶᠢᠨ ᠵᠦᠩᠨᠠᠯ ᠪᠣᠯᠭᠠᠨ ᠭᠦᠷ ᠭᠦᠭ᠍ᠵᠢᠭᠡ ᠡᠭᠦᠰᠭᠡᠭᠡᠳ ᠭᠡᠷ ᠤᠨ ᠠᠬᠠᠮᠠᠤᠨ ᠨᠤᠭᠤᠳ ᠤᠨ ᠶᠢᠡᠨ ᠰᠠᠨᠠᠭ᠎ᠠ ᠰᠡᠳᠬᠢᠯ ᠢ ᠳᠤᠭᠳᠤᠯᠠᠭᠤᠯᠳᠠᠭ ᠪᠢᠯᠠ᠃ ᠳᠡᠭᠡᠭᠦ ᠳᠤ ᠮᠦᠨ ᠨᠠᠰᠤᠳᠠᠢ ᠪᠣᠭᠤᠷᠤᠯ ᠡᠵᠢ ᠨᠡᠷ ᠴᠤ ᠬᠡᠦᠬᠡᠳ ᠡᠴᠡ ᠬᠤᠴᠤᠷᠬᠤ ᠦᠭᠡᠶ ᠪᠠᠢ᠌ᠵᠤ᠂ ᠱᠠᠭᠰᠢᠵᠤ ᠪᠠᠢ᠌ᠭᠠᠢ ᠱᠠᠭᠠᠵᠠᠭᠠᠢ ᠶᠢᠨ ᠰᠠᠭᠤᠭ᠎ᠠ ᠣᠷᠤᠨ ᠪᠠᠢ᠌ᠷᠢ᠂ ᠵᠢᠴᠢ ᠬᠠᠠᠳᠤᠵᠤ ᠪᠠᠢ᠌ᠭᠠᠢ ᠵᠥᠭ᠌ ᠴᠢᠭ᠌ ᠢ ᠬᠠᠯᠠᠢ᠌ᠵᠤ ᠪᠠᠢ᠌ᠭᠠᠤᠨ ᠰᠦ᠋ ᠪᠠᠨ ᠰᠠᠴᠤᠨ ᠵᠠᠯᠪᠢᠷᠴᠤ᠄

     ᠴᠥᠭᠡ ︕ ᠬᠠᠢ᠌ᠷᠬᠠᠨ ᠮᠢᠨᠢ︕

     ᠠᠯᠠᠭ ᠱᠠᠬᠠᠵᠠᠭᠠᠢ ᠮᠢᠨᠢ ᠱᠠᠭᠰᠢᠭᠠᠤᠨ ᠪᠠᠢ︕

     ᠠᠢ᠌ᠯ ᠤᠨ ᠵᠤᠴᠢᠨ ᠢ ᠵᠠᠮᠴᠢᠯᠠᠭᠠᠤᠨ ᠪᠠᠢ︕

     ᠠᠮᠤᠷ ᠰᠠᠢ᠌ᠬᠠᠨ ᠤ ᠴᠢᠮᠡᠭᠡ ᠶᠢ

     ᠡᠳᠦᠷ ᠪᠦᠷᠢ ᠠᠢ᠌ᠯᠠᠳᠤᠭᠠᠤᠨ ᠪᠠᠢ︕ ᠭᠡᠵᠤ ᠱᠠᠭᠠᠵᠠᠭᠠᠢ ᠰᠢᠪᠠᠭᠤᠨ ᠤ ᠰᠠᠢ᠌ᠨ ᠴᠢᠮᠡᠭᠡ ᠰᠠᠢ᠌ᠬᠠᠨ ᠢᠷᠸ᠎ᠠ ᠳᠠᠮᠪᠠᠷᠢᠯ ᠳᠠᠭᠤᠳᠠᠨ ᠠᠪᠴᠢᠷᠠᠬᠤ ᠶᠢ ᠪᠠᠯᠭᠡᠳᠡᠵᠤ᠂ ᠠᠮᠠᠨ ᠰᠢᠪᠰᠢᠯᠭᠡ ᠪᠠᠨ ᠣᠩᠰᠢᠨ ᠦᠨᠡᠨ ᠭᠤᠤᠯ ᠡᠴᠡ ᠪᠠᠨ ᠵᠠᠯᠪᠢᠷᠠᠯ ᠭᠢᠳᠡᠭ᠌ ᠪᠢᠯᠠ᠃ ᠣᠴᠢᠷ ᠨᠢ ᠭᠡᠪᠠᠯ᠂ ᠱᠠᠭᠠᠵᠠᠭᠠᠢ ᠰᠢᠪᠠᠭᠤᠨ ᠤ ᠱᠠᠭᠰᠢᠯᠭᠠᠨ ᠳᠤ ᠶᠠᠷᠢᠬᠤᠯ᠎ᠠ ᠳᠡᠦᠭᠡ ᠴᠤ ᠪᠠᠢ᠌ᠳᠠᠭ᠂ ᠭᠡᠯᠡᠭᠦᠯ᠎ᠡ ᠴᠠᠭᠠᠨ᠎ᠠ ᠪᠠᠨ ᠣᠴᠢᠷ ᠲᠡᠶ ᠪᠠᠷᠢᠮᠳᠠ ᠴᠤ ᠪᠠᠢ᠌ᠮᠠᠷ ᠢ ᠶᠠᠭᠠᠭᠢᠶ᠎ᠠ ᠭᠡᠭᠦ ᠪᠣᠢ ⁈ ᠡᠷᠳᠡ ᠳᠡᠭᠡᠳᠤ ᠦᠶ᠎ᠡ ᠶᠢᠨ ᠮᠤᠩᠭ᠋ᠤᠯᠴᠤᠳ ᠮᠠᠨᠢ ᠳᠡᠦᠭᠡᠨ ᠰᠢᠯᠳᠠᠭᠠᠨ ᠪᠠ ᠪᠠᠢ᠌ᠭᠠᠯᠢ ᠶᠢᠨ ᠡᠪᠠᠰᠤ ᠪᠠᠯᠴᠡᠭᠡᠷ ᠤᠨ ᠣᠷᠭᠤᠯᠳᠠ ᠶᠢᠨ ᠪᠠᠢ᠌ᠳᠠᠯ ᠢ ᠳᠠᠭᠠᠵᠤ ᠨᠡᠭᠦᠳᠡᠯᠯᠡᠨ ᠮᠠᠯᠵᠢᠵᠤ ᠣᠷᠤᠰᠢᠨ ᠣᠷᠤᠩᠨᠠᠵᠤ ᠶᠠᠪᠣᠬᠤ ᠳᠠᠭᠠᠨ ᠳᠠᠰᠤᠷᠠᠯᠳᠠ ᠦᠭᠡᠶ ᠳᠠᠢ᠌ᠨ ᠪᠠᠢ᠌ᠯᠳᠤᠭᠠᠨ ᠤ ᠠᠶᠤᠯ ᠲᠡᠶ ᠬᠠᠷᠭᠤᠵᠤ᠂ ᠨᠤᠳᠤᠭ ᠪᠠᠯᠴᠢᠭᠡᠷ ᠤᠨ ᠵᠠᠭᠤᠷᠠᠯᠳᠤᠭᠠᠨ ᠤ ᠪᠠᠷᠴᠢᠳ ᠲᠤ ᠣᠴᠠᠷᠠᠵᠤ ᠠᠮᠢ ᠨᠠᠰᠤ ᠡᠳ᠋ ᠠᠭᠤᠷᠤᠰᠤ ᠪᠠᠨ ᠠᠯᠳᠠᠵᠤ ᠲᠦᠮᠡᠨ ᠵᠤᠪᠠᠯᠠᠩ ᠳᠦᠢᠦᠡᠭᠡᠷ ᠭᠠᠢ ᠲᠡᠶ ᠭᠡᠵᠢᠶᠡᠳᠡ ᠳᠠᠭᠠᠷᠴᠤ ᠶᠠᠪᠣᠳᠠᠭ ᠪᠠᠢ᠌ᠵᠠᠢ᠃ ᠡᠨᠡ ᠦᠶ᠎ᠡ ᠶᠢᠨ ᠮᠤᠩᠭ᠋ᠤᠯᠴᠤᠳ ᠥᠨᠡᠭᠡᠷ ᠭᠡᠨᠡᠳᠲᠡ ᠭᠡᠨᠡᠳᠲᠡ ᠠᠪᠣ ᠡᠵᠢ ᠡᠴᠡ ᠪᠠᠨ ᠬᠠᠷᠠᠰᠠᠯᠳᠠᠢ ᠰᠠᠯᠵᠤ᠂ ᠦᠷ᠎ᠡ ᠬᠡᠦᠬᠡᠳ ᠡᠴᠡ ᠪᠠᠨ ᠣᠶᠠᠷᠠᠯᠳᠠᠢ ᠬᠠᠭᠠᠴᠠᠵᠤ᠂ ᠠᠮᠠᠷᠠᠭ ᠬᠤᠩᠭ᠋ᠤᠷ ᠡᠴᠡ ᠪᠠᠨ ᠭᠡᠨᠡᠭᠡᠷᠳᠡᠢ ᠠᠶᠠᠷᠯᠠᠬᠤ ᠦᠭᠡᠶ ᠭᠡᠷᠡᠭ᠌ ᠭᠡᠵᠤ ᠬᠠᠮᠢᠭ᠎ᠠ ᠪᠠᠢ᠌ᠬᠤ ᠪᠣᠢ ⁈ ᠡᠭᠦᠳᠡᠨ ᠳᠤ ᠢᠷᠠᠵᠤ ᠱᠠᠭᠰᠢᠬᠤ ᠱᠠᠭᠠᠵᠠᠭᠠᠢ᠂ ᠡᠷᠦᠭᠡ ᠪᠠᠷ ᠥᠩᠭᠡᠷᠡᠭᠦ ᠪᠣᠷᠤ ᠪᠣᠭᠱᠢᠷᠭᠤ ᠶᠢᠨ ᠵᠢᠷᠭᠡᠭᠡ᠂ ᠰᠦᠨᠢ ᠪᠠᠷ ᠳᠤᠩᠭ᠋ᠤᠤᠠᠬᠤ ᠣᠭᠤᠯᠢ ᠶᠢᠨ ᠪᠠᠷᠭᠢᠷᠠᠭ᠎ᠠ ᠮᠠᠳᠤ ᠰᠢᠪᠠᠭᠤᠳ ᠤᠨ ᠳᠠᠭᠤᠨ ᠡᠴᠡ ᠭᠦᠷᠳᠡᠯ᠎ᠡ ᠠᠶᠤᠨ ᠳᠠᠭᠵᠢᠵᠤ ᠢᠷᠤᠯᠬᠠᠭᠠᠤᠨ᠂ ᠡᠳᠡᠨ ᠴᠢᠨᠢ ᠶᠠᠮᠠᠷ ᠶᠠᠮᠠᠷ ᠴᠢᠮᠡᠭᠡ ᠭᠦᠷᠭᠡᠵᠤ ᠪᠠᠢ᠌ᠨ᠎ᠠ᠂ ᠳᠡᠭᠡᠭᠡᠳ ᠮᠠᠷᠭᠠᠰᠢ ᠪᠣᠯᠬᠤ ᠳᠤ ᠶᠠᠮᠠᠷ ᠴᠢᠮᠡᠭᠡ ᠰᠤᠨᠤᠰᠳᠠᠬᠤ ᠪᠣᠯᠪᠠ ᠭᠡᠵᠤ ᠵᠠᠯᠪᠢᠷᠠᠨ ᠰᠢᠪᠰᠢᠵᠤ ᠶᠠᠪᠣᠳᠠᠭ ᠨᠢ ᠡᠩ ᠤᠨ ᠶᠠᠪᠣᠳᠠᠯ ᠪᠠᠢ᠌ᠭᠰᠠᠨ ᠪᠢᠰᠢᠤ ⁈ ᠡᠨᠡ ᠳᠤᠳᠤᠷ᠎ᠠ ᠡᠴᠡ ᠮᠤᠩᠭ᠋ᠤᠯᠴᠤᠳ ᠮᠢᠨᠢ ᠱᠠᠭᠠᠵᠠᠭᠠᠢ ᠶᠢ ᠴᠢᠮᠡᠭᠡᠷᠭᠡᠭ᠌ ᠰᠠᠢ᠌ᠨ ᠰᠢᠪᠠᠭᠤᠨ᠂ ᠦᠨᠡᠠᠴᠢ ᠪᠠᠯᠭᠡᠳᠡᠢ ᠰᠠᠢ᠌ᠨ ᠰᠢᠪᠠᠭᠤᠨ ᠭᠡᠵᠤ ᠥᠵᠡᠳᠡᠭ᠌ ᠨᠢ ᠦᠨᠡᠨ ᠪᠢᠰᠢᠤ ⁈ ᠬᠤᠵᠢᠮ ᠨᠢ ᠮᠤᠩᠭ᠋ᠤᠯᠴᠤᠳ ᠮᠢᠨᠢ ᠣᠳᠠᠭᠠᠨ ᠵᠢᠯ ᠤᠨ ᠱᠠᠭᠠᠵᠠᠭᠠᠢ ᠶᠢᠨ ᠱᠠᠭᠰᠢᠯᠭ᠎ᠠ ᠶᠢᠨ ᠰᠤᠳᠤᠯᠤᠯ ᠶᠢᠡᠨ ᠬᠤᠷᠢᠶᠠᠩᠭ᠋ᠣᠢ᠌ᠯᠠᠵᠤ 《ᠱᠠᠭᠠᠵᠠᠭᠠᠢ ᠶᠢᠨ ᠭᠡᠯᠡ》 ᠭᠡᠮᠡᠭᠦ ᠮᠡᠷᠭᠡᠨ ᠲᠦᠯᠭᠡ ᠶᠢᠨ ᠰᠤᠳᠤᠷ ᠢ ᠵᠤᠬᠢᠶᠠᠭᠰᠠᠨ ᠪᠢᠰᠢᠤ ⁈ ᠳᠠᠷᠠ ᠨᠤᠮ ᠳᠤ ᠨᠢᠭᠡ ᠬᠤᠨᠤᠭ ᠤᠨ ᠬᠤᠷᠢᠨ ᠳᠦᠷᠪᠠᠨ ᠴᠠᠭ ᠤᠨ ᠦᠶᠡᠯᠠᠯ ᠲᠡᠶ ᠱᠠᠭᠠᠵᠠᠭᠠᠢ ᠶᠢᠨ ᠱᠠᠭᠰᠢᠬᠤ ᠵᠥᠭ᠌ ᠴᠢᠭ᠌᠂ ᠳᠠᠭᠤᠨ ᠤ ᠳᠠᠪᠳᠠᠮᠵᠢ᠂ ᠳᠠᠭᠤᠨ ᠤ ᠥᠩᠭᠡ ᠵᠡᠷᠭᠡ ᠶᠢ ᠣᠶᠠᠯᠳᠠᠭᠤᠯᠠᠵᠤ ᠪᠠᠢ᠌ᠭᠠᠤᠨ᠂ ᠶᠠᠮᠠᠷ ᠴᠠᠭ ᠲᠤ ᠶᠠᠮᠠᠷ ᠣᠴᠢᠷ ᠭᠠᠷᠬᠤ ᠪᠠᠷ ᠪᠠᠢ᠌ᠬᠤ᠂ ᠶᠠᠮᠠᠷ ᠪᠠᠷᠴᠢᠳ ᠪᠣᠯᠬᠤ ᠭᠡᠵᠤ ᠪᠠᠢ᠌ᠬᠤ᠂ ᠰᠠᠳᠤᠨ ᠳᠦᠷᠤᠯ ᠢᠷᠡᠭᠦ ᠭᠡᠵᠤ ᠪᠠᠢ᠌ᠬᠤ ᠮᠠᠳᠤ ᠪᠠᠷ ᠭᠡᠷᠡᠭ᠌ ᠣᠷᠢᠳᠠᠪᠴᠢᠯᠠᠨ ᠵᠦᠩᠨᠠᠵᠤ ᠳᠠᠭᠠᠪᠣᠷᠢᠯᠠᠨ ᠳᠠᠢ᠌ᠯᠪᠣᠷᠢᠯᠠᠳᠠᠭ ᠪᠢᠯᠠ︕ ᠣᠭ ᠡᠭᠢᠨ ᠪᠦᠷᠢᠨ ᠰᠤᠳᠤᠷ ᠨᠢ ᠥᠩᠭᠡᠷᠡᠭ᠍ᠰᠡᠨ ᠴᠠᠭ ᠤᠨ ᠳᠦᠷᠤ ᠭᠦᠷᠤᠨ ᠤ ᠳᠤᠭᠰᠢᠨ ᠰᠠᠯᠭᠢᠨ ᠭᠠᠯ ᠳᠠᠯᠠᠢ ᠲᠡᠶ ᠣᠴᠠᠷᠠᠵᠤ ᠮᠤᠩᠭ᠋ᠤᠯᠴᠤᠳ ᠤᠨ ᠭᠠᠷ ᠡᠴᠡ ᠡᠭᠦᠷᠢᠳᠡ ᠭᠤᠨᠢᠭᠳᠠᠢ ᠪᠠᠷ ᠰᠠᠯᠤᠨ ᠣᠳᠤᠵᠠᠢ᠃ ᠣᠳᠤ ᠡᠨᠡ ᠦᠶ᠎ᠡ ᠳᠤ ᠵᠥᠪᠭᠡᠨ ᠳᠣᠢ᠌ᠮᠤ ᠬᠤᠷᠢᠶᠠᠩᠭ᠋ᠤᠢ ᠶᠢᠨ ᠰᠢᠠᠵᠢᠳᠠᠢ ᠲᠦᠯᠭᠡ ᠥᠵᠡᠭᠦ ᠦᠴᠦᠭᠡᠨ ᠭᠡᠰᠡᠭ᠌ ᠨᠢ ᠵᠤᠯ ᠶᠢᠡᠷ ᠥᠯᠡᠳᠡᠭ᠍ᠰᠡᠨ ᠪᠠᠢ᠌ᠨ᠎ᠠ᠃ ᠳᠡᠭᠡᠯ᠎ᠡ ᠴᠤ ᠡᠨᠡ ᠰᠤᠳᠤᠷ ᠤᠨ ᠮᠡᠷᠭᠡᠯᠡᠭᠦ ᠠᠵᠢᠯᠯᠠᠭ᠎ᠠ ᠨᠢ ᠪᠦᠷᠢᠮᠦᠰᠤᠨ ᠦᠨᠡᠨ ᠭᠡᠳᠡᠭ᠌ ᠲᠤ ᠪᠣᠳᠠᠰᠴᠢ ᠦᠵᠡᠯ ᠤᠨ ᠡᠭᠦᠳᠡᠨ ᠡᠴᠡ ᠢᠳᠡᠭᠡᠭᠦ ᠳᠤ ᠭᠡᠴᠡᠭᠦᠤ ᠪᠣᠯᠪᠠᠴᠤ ᠮᠤᠩᠭ᠋ᠤᠯᠴᠤᠳ ᠤᠨ ᠪᠠᠢ᠌ᠭᠠᠯᠢ ᠶᠢᠨ ᠲᠦᠮᠡᠨ ᠪᠣᠳᠠᠰ ᠢ ᠰᠤᠳᠤᠯᠤᠨ ᠰᠢᠡᠵᠢᠭ᠍ᠰᠡᠨ ᠣᠯᠠᠨ ᠡᠭᠦᠳᠡᠯᠳᠡ ᠶᠢᠨ ᠭᠢᠨᠢ ᠨᠢᠭᠡᠨ ᠳᠠᠯᠠᠰ ᠮᠦᠨ ᠭᠡᠵᠤ ᠰᠢᠳᠤᠷᠭᠤ ᠪᠠᠷ ᠮᠠᠷᠭᠤᠵᠤ ᠡᠰᠡ ᠪᠣᠯᠬᠠᠢ᠌ᠶᠤᠤ ⁈

    ᠮᠠᠨ ᠤ ᠨᠤᠳᠤᠭ ᠲᠤ ᠣᠳᠤ ᠱᠠᠭᠠᠵᠠᠭᠠᠢ ᠰᠢᠪᠠᠭᠤᠨ ᠥᠵᠡᠭ᠍ᠳᠡᠭᠦ ᠦᠭᠡᠶ ᠪᠣᠯᠤᠭᠰᠠᠨ ᠨᠢ ᠵᠥᠪᠭᠡᠨ ᠶᠠᠭᠤ ᠭᠡᠵᠤ ᠳ᠋ᠦ᠋ᠩᠨᠡᠯᠲᠡ ᠭᠦᠯᠢᠶᠡᠪᠠᠯ ᠪᠣᠯᠬᠤ ᠪᠣᠢ︖ ᠮᠠᠨ ᠤ ᠨᠤᠳᠤᠭ ᠲᠤ ᠯᠠ ᠱᠠᠭᠠᠵᠠᠭᠠᠢ ᠰᠢᠪᠠᠭᠤᠨ ᠣᠰᠠᠳᠤᠭᠰᠠᠨ ᠢ ᠬᠠᠷᠠᠭᠤᠯᠵᠤ ᠪᠠᠢ᠌ᠬᠤ ᠪᠣᠢ︖ ᠦᠭᠡᠶ᠂ ᠳᠠᠷᠠ ᠨᠢ ᠮᠠᠨ ᠤ ᠨᠤᠳᠤᠭ ᠲᠤ ᠣᠷᠤᠰᠢᠵᠤ ᠴᠢᠳᠠᠯ ᠦᠭᠡᠶ ᠪᠠᠢ᠌ᠷᠢ ᠰᠢᠯᠵᠢᠨ ᠨᠡᠭᠦᠭ᠍ᠰᠡᠨ ᠭᠡᠵᠤ ᠭᠡᠯᠡᠭᠦ ᠦᠦ︖ ᠡᠰᠡᠭᠦᠯ᠎ᠡ᠂ ᠳᠠᠷᠠ ᠮᠠᠨᠢ ᠳᠡᠯᠡᠭᠡᠢ ᠳᠡᠭᠡᠷ᠎ᠡ ᠡᠴᠠ ᠣᠰᠠᠳᠬᠤ ᠰᠢᠪᠠᠭᠤᠨ ᠤ ᠳᠠᠩᠰᠠᠨ ᠳᠤ ᠣᠷᠤᠭᠰᠠᠨ ᠤ ᠭᠢᠨᠢ ᠪᠠᠯᠭᠡ ᠳᠡᠮᠳᠡᠭ᠌ ᠦᠦ︖ ᠠᠯᠠᠭᠠᠨ ᠤ ᠦᠷᠤ ᠶᠢᠨ ᠴᠢᠨᠡᠭᠡᠨ ᠮᠠᠨ ᠤ ᠨᠤᠳᠤᠭ ᠲᠤ ᠯᠠ ᠪᠣᠯᠤᠭᠰᠠᠨ ᠡᠩ ᠤᠨ ᠥᠵᠡᠭ᠍ᠳᠡᠯ ᠶᠢᠡᠷ ᠠᠬᠤᠢ ᠶᠡᠭᠡ ᠳᠡᠯᠡᠭᠡᠢ ᠶᠢᠨ ᠪᠦᠮᠪᠦᠷᠴᠡᠭ᠌ ᠤᠨ ᠠᠭᠤᠳᠠᠮ ᠡᠯᠢᠭᠡᠨ ᠳᠤ ᠣᠷᠤᠰᠢᠬᠤ ᠵᠦᠪᠳᠠᠢ ᠠᠮᠢᠳᠠᠨ ᠣᠷᠭᠤᠮᠠᠯ ᠬᠠᠮᠤᠭ ᠢ ᠣᠰᠠᠳᠪᠠ ᠭᠡᠵᠤ ᠭᠡᠮᠵᠢᠯᠳᠡ ᠶᠢᠨ ᠪᠠᠷᠢᠮᠵᠢᠶ᠎ᠠ ᠭᠢᠵᠤ ᠪᠣᠯᠬᠤ ᠦᠭᠡᠶ ᠪᠠᠢ᠌ᠬᠠᠢ ⁈ ᠭᠡᠪᠠᠴᠤ ᠰᠤᠨᠦᠰᠬᠤ ᠳᠤ᠂ ᠳᠡᠯᠡᠭᠡᠢ ᠶᠢᠨ ᠪᠦᠮᠪᠦᠷᠴᠡᠭ᠌ ᠤᠨ ᠬᠠᠮᠢᠭ᠎ᠠ ᠬᠠᠢ᠌ᠳᠠᠭ ᠦᠭᠡᠶ ᠭᠠᠵᠠᠷ ᠪᠦᠭᠦᠨ ᠳᠤ ᠠᠮᠢ ᠠᠬᠤᠢ ᠮᠠᠭᠤᠳᠠᠭᠰᠠᠨ ᠡᠴᠡ ᠭᠦᠯᠳᠡᠢ ᠠᠮᠢᠳᠠᠨ ᠵᠢᠭᠦᠷᠳᠡᠨ ᠬᠤᠪᠣᠷᠳᠠᠵᠤ ᠵᠠᠷᠢᠮ ᠨᠢ ᠣᠰᠠᠳᠴᠤ ᠪᠠᠢ᠌ᠬᠤ ᠴᠢᠮᠡᠭᠡᠳᠡᠢ ᠪᠠᠢ᠌ᠨ᠎ᠠ᠃ ᠭᠤᠤᠯ ᠤᠨ ᠭᠦᠪᠠᠭᠡᠨ ᠳ᠋ᠠᠭᠢ ᠣᠢ ᠮᠤᠳᠤᠨ ᠳᠠᠢ᠌ᠷᠠᠭᠳᠠᠨ ᠴᠢᠯᠠᠵᠤ᠂ ᠨᠠᠭᠤᠷ ᠤᠨ ᠳᠤᠬᠤᠢ ᠳ᠋ᠠᠭᠢ ᠬᠤᠯᠤᠰᠤ ᠵᠢᠭᠡᠰᠤ ᠬᠠᠳᠠᠭᠳᠠᠨ ᠬᠠᠯᠴᠠᠭᠠᠢ᠌ᠷᠠᠵᠤ᠂ ᠣᠰᠤᠨ ᠰᠤᠷᠪᠣᠯᠵᠢ ᠳᠠᠳᠠᠷᠠᠨ ᠬᠠᠭ ᠪᠣᠷᠵᠤᠩ ᠡᠯᠪᠠᠭ᠍ᠵᠢᠵᠤ᠂ ᠬᠤᠷ᠎ᠠ ᠪᠣᠷᠤᠭᠠᠨ ᠴᠥᠭᠡᠷᠡᠵᠤ ᠭᠠᠩ ᠬᠠᠭᠰᠠᠷᠭ᠎ᠠ ᠨᠡᠮᠡᠭ᠍ᠳᠡᠵᠤ᠂ ᠠᠭᠤᠯᠠ ᠶᠢᠨ ᠣᠷᠤᠢ ᠶᠢᠨ ᠮᠥᠩᠭᠡ ᠴᠠᠰᠤ ᠬᠠᠢ᠌ᠯᠤᠨ ᠬᠤᠷᠮᠤᠢ ᠶᠢ ᠨᠢ ᠳᠠᠭᠠᠭᠰᠠᠨ ᠪᠣᠯᠠᠭ ᠬᠠᠷᠠᠵᠠ ᠨᠢ ᠬᠠᠳᠠᠵᠤ ᠪᠠᠢ᠌ᠬᠤ ᠶᠠᠪᠣᠳᠠᠯ ᠤᠳ ᠵᠢᠯ ᠡᠴᠠ ᠵᠢᠯ ᠳᠤ ᠨᠡᠮᠡᠭ᠍ᠳᠡᠵᠤ ᠪᠠᠢ᠌ᠬᠤ ᠶᠢ ᠳᠠ ᠪᠢᠳᠠᠨ ᠴᠦᠮ ᠮᠠᠳᠠᠵᠤ ᠪᠠᠢ᠌ᠬᠤ ᠪᠢᠰᠢᠤ ⁈ ᠣᠭ ᠤᠨ ᠳᠠᠯ᠎ᠠ ᠶᠢᠨ ᠵᠡᠭᠡᠷ᠎ᠡ᠂ ᠠᠭᠤᠯᠠ ᠶᠢᠨ ᠭᠦᠷᠦᠭᠡᠰᠤ᠂ ᠭᠤᠪᠢ ᠶᠢᠨ ᠠᠷᠭᠠᠯᠢ᠂ ᠬᠤᠯᠤᠰᠤᠨ ᠤ ᠳᠤᠬᠤᠢ ᠶᠢᠨ ᠵᠡᠷᠯᠢᠭ᠌ ᠭᠠᠬᠠᠢ᠂ ᠣᠢ ᠮᠤᠳᠤᠨ ᠳ᠋ᠠᠭᠢ ᠭᠤᠷᠭᠤᠤᠯ᠂ ᠦᠣᠡᠭᠡᠨ ᠳᠦᠩᠭᠡ ᠳ᠋ᠠᠭᠢ ᠳᠠᠤᠯᠠᠢ ᠳᠠᠷᠠ ᠬᠠᠮᠤᠭ ᠠᠩ ᠠᠮᠢᠳᠠᠨ ᠠᠢ᠌ᠯ ᠠᠢ᠌ᠯ ᠠᠢ᠌ᠮᠠᠭ ᠶᠢᠡᠷ ᠶᠢᠡᠨ ᠣᠳᠤ ᠴᠤᠬᠤᠮ ᠬᠠᠮᠢᠭ᠎ᠠ ᠣᠳᠤᠭᠰᠠᠨ ᠪᠣᠢ︖ ᠭᠡᠯᠡᠯᠭᠡᠨ ᠦᠭᠡᠶ᠂ ᠠᠩ ᠤᠨ ᠣᠷᠤᠰᠢᠬᠤ ᠣᠷᠤᠨ ᠪᠠᠢ᠌ᠷᠢ ᠶᠢ ᠬᠠᠷᠢᠨ ᠳᠡᠭᠡᠳᠤ ᠵᠡᠷᠭᠡ ᠶᠢᠨ ᠣᠶᠤᠨ ᠣᠬᠠᠭᠠᠨ ᠲᠡᠶ ᠠᠮᠢᠳᠠᠨ ᠭᠡᠭ᠍ᠳᠡᠭ᠍ᠰᠡᠨ ᠶᠡᠭᠡ ᠰᠠᠢ᠌ᠬᠠᠨ ᠨᠠᠷ᠎ᠠ ᠲᠡᠶ᠂ 「ᠬᠤᠶᠠᠷ ᠭᠦᠯᠳᠡᠢ ᠬᠤᠭᠢᠮᠠᠢ」 ᠭᠡᠮᠡᠭ᠍ᠴᠢ ᠪᠠᠰᠠ ᠨᠢᠭᠡ ᠬᠤᠴᠢ ᠲᠡᠶ ᠭᠦᠮᠤᠨ ᠭᠡᠭ᠍ᠴᠢ ᠪᠢᠳᠠᠨ ᠯᠠ ᠡᠪᠳᠡᠨ ᠰᠥᠢᠦᠡᠭᠡᠵᠤ ᠢᠷᠠᠯ᠎ᠠ︕ ᠦᠪᠡᠷ ᠤᠨ ᠶᠢᠡᠨ ᠠᠮᠢᠳᠤᠷᠠᠨ ᠣᠷᠤᠰᠢᠬᠤ ᠭᠡᠷᠡᠭ᠍ᠴᠡᠭᠡ ᠪᠠᠨ ᠬᠠᠩᠭ᠋ᠠᠬᠤ ᠶᠢᠨ ᠲᠦᠯᠦᠭᠡ ᠬᠤᠵᠢᠮ ᠢ ᠪᠣᠳᠤᠯ ᠦᠭᠡᠶ ᠬᠤᠭᠤᠰᠤᠷᠠᠭᠤᠯᠠᠬᠤ ᠠᠷᠭ᠎ᠠ ᠭᠡᠷᠡᠭᠯᠡᠭ᠍ᠰᠡᠨ ᠪᠠᠢ᠌ᠨ᠎ᠠ᠃ ᠠᠩ ᠭᠦᠷᠦᠭᠡᠰᠤ ᠠᠮᠢᠳᠠᠨ ᠵᠢᠭᠦᠷᠳᠡᠨ ᠢ ᠠᠩᠨᠠᠵᠤ ᠴᠥᠭᠡᠯᠡᠭᠦ ᠳᠤ᠂ ᠥᠯᠡᠳᠡᠭ᠍ᠰᠡᠨ ᠭᠡᠰᠡᠭ᠌ ᠨᠢ ᠬᠠᠷᠢᠨ ᠠᠮᠤᠷ ᠳᠠᠢ᠌ᠪᠣᠩ ᠡᠩᠭᠡ ᠲᠦᠪᠰᠢᠨ ᠣᠷᠤᠨ ᠪᠠᠢ᠌ᠷᠢ ᠬᠠᠢ᠌ᠭᠠᠤᠨ ᠨᠡᠭᠦᠵᠤ ᠶᠠᠪᠣᠭᠰᠠᠨ ᠪᠠᠢ᠌ᠨ᠎ᠠ᠃ ᠵᠠᠷᠢᠮ ᠠᠮᠢᠳᠠᠨ ᠤ ᠳᠦᠷᠤᠯ ᠡᠯᠳᠡᠪ ᠰᠢᠯᠳᠠᠭᠠᠨ ᠡᠴᠡ ᠪᠣᠯᠵᠤ ᠣᠭ ᠨᠢ ᠳᠠᠰᠤᠷᠠᠵᠤ ᠣᠷᠤ ᠮᠦᠷ ᠨᠢ ᠪᠠᠯᠠᠷᠠᠭᠰᠠᠨ ᠪᠠᠢ᠌ᠨ᠎ᠠ᠃ ᠵᠠ᠂ ᠳᠡᠭᠡᠪᠠᠯ ᠊᠊᠊᠊᠊᠊᠊᠊᠊᠊᠊᠊᠊᠊᠊ ᠱᠠᠭᠠᠵᠠᠭᠠᠢ ᠰᠢᠪᠠᠭᠤᠨ ᠮᠠᠨ ᠤ ᠨᠤᠳᠤᠭ ᠡᠴᠡ ᠳᠡᠭᠡᠭᠡᠳ ᠯᠠ ᠳᠠᠢ᠌ᠮᠤ ᠡᠢ᠌ᠮᠤ ᠨᠥᠭᠦᠴᠡᠯ ᠰᠢᠯᠳᠠᠭᠠᠨ ᠡᠴᠡ ᠪᠣᠯᠵᠤ ᠨᠡᠭᠦᠵᠤ ᠶᠠᠪᠣᠪᠠ ᠦᠦ︖ ᠬᠠᠮᠢᠭ᠎ᠠ ᠣᠴᠢᠪᠠ ⁈ ᠡᠭᠦᠨ ᠳᠤ ᠪᠠᠰᠠ ᠪᠠᠷᠢᠮᠳᠠ ᠭᠡᠯᠡᠵᠤ ᠪᠣᠯᠤᠨ᠎ᠠ᠄ ᠮᠠᠨ ᠤ ᠨᠤᠳᠤᠭ ᠲᠤ ᠣᠯᠠᠷᠢᠯ ᠤᠨ ᠪᠣᠷᠤᠭᠠᠨ ᠤ ᠶᠡᠭᠡ ᠪᠠᠭ᠎ᠠ ᠪᠠᠷ ᠣᠰᠤᠨ ᠰᠤᠷᠪᠣᠯᠵᠢ ᠨᠢ ᠨᠡᠮᠡᠭ᠍ᠳᠡᠨ ᠳᠠᠳᠠᠷᠠᠭᠠᠤᠨ ᠪᠠᠢ᠌ᠳᠠᠭ ᠭᠤᠤᠯ ᠤᠳ ᠣᠯᠠᠨ ᠴᠤ ᠪᠠᠢ᠌ᠨ᠎ᠠ᠂ ᠦᠷᠭᠡᠨ ᠶᠡᠭᠡ ᠡᠩ ᠲᠡᠶ ᠡᠰᠡ ᠪᠣᠯᠪᠠᠴᠤ ᠠᠭᠤᠯᠠ ᠡᠴᠡ ᠪᠠᠨ ᠪᠠᠭᠤᠭᠠᠤᠨ ᠭᠤᠪᠢ ᠶᠢᠨ ᠶᠢᠡᠨ ᠡᠯᠢᠭᠡᠨ ᠳᠤ ᠰᠢᠩᠭᠡᠳᠡᠭ᠌ ᠣᠷᠳᠤ ᠣᠷᠤᠰᠬᠠᠯ ᠲᠡᠶ ᠭᠤᠤᠯ ᠴᠤ ᠪᠠᠢ᠌ᠨ᠎ᠠ᠃ ᠣᠭ ᠨᠢ ᠡᠳᠡᠭᠡᠷ ᠭᠤᠤᠯ ᠤᠨ ᠴᠡᠭᠡᠢ ᠳᠤᠬᠤᠢ ᠪᠠᠷ ᠳᠦᠭᠦᠷᠡᠭᠡᠳ ᠣᠳᠠ ᠣᠯᠢᠶᠠᠰᠤᠨ ᠤ ᠪᠢᠳᠡᠭᠦᠤ ᠣᠢ ᠰᠢᠭᠣᠢ᠌ᠷᠠᠵᠤ᠂ ᠬᠤᠯᠤᠰᠤᠨ ᠳᠤᠳᠤᠷ᠎ᠠ ᠨᠢ ᠵᠡᠷᠯᠢᠭ᠌ ᠭᠠᠬᠠᠢ ᠰᠦᠷᠦᠭᠯᠡᠨ ᠭᠦᠶ‍ᠦᠯᠳᠡᠵᠤ᠂ ᠮᠤᠳᠤᠨ ᠳ᠋ᠤᠨᠢ ᠭᠤᠷᠭᠤᠤᠯ ᠠᠬᠠᠳᠠᠢ ᠨᠠᠷ᠎ᠠ ᠲᠡᠶ ᠰᠢᠪᠠᠭᠤᠳ ᠡᠷᠭᠡ ᠳᠤᠷ᠎ᠠ ᠪᠠᠷ ᠶᠢᠡᠨ ᠨᠤᠳᠤᠭᠯᠠᠨ ᠳᠠᠭᠤᠯᠠᠯᠳᠤᠵᠤ᠂ ᠵᠦᠷ᠎ᠡ ᠭᠤᠷᠠᠨ ᠮᠠᠳᠤ ᠳᠤᠭᠰᠢᠨ ᠠᠷᠢᠶᠠᠳᠠᠨ ᠴᠤ ᠬᠤᠭᠤᠷᠤᠠᠳᠤ ᠪᠠᠨ ᠴᠢᠯᠦᠭᠡᠳᠡᠢ ᠠᠢ᠌ᠯᠴᠢᠯᠠᠬᠤ ᠨᠢ ᠥᠵᠡᠭ᠍ᠳᠡᠵᠤ ᠪᠠᠢ᠌ᠳᠠᠭ ᠪᠢᠯᠠ ᠭᠡᠨ᠎ᠡ᠃ ᠳᠠᠷᠠᠴᠢᠯᠠᠨ᠂ ᠬᠠᠳᠠ ᠳ᠋ᠤᠨᠢ ᠥᠰᠦᠷᠡᠩᠨᠡᠭᠡ ᠭᠦᠷᠦᠭᠡᠰᠤ᠂ ᠬᠠᠭ ᠲᠤᠨᠢ ᠪᠦᠮᠪᠦᠯᠵᠡᠭᠡ ᠵᠤᠷᠬᠠᠨ᠂ ᠬᠠᠯᠳᠠᠷ ᠳ᠋ᠤᠨᠢ ᠳᠠᠭᠰᠢᠭ᠎ᠠ ᠵᠡᠭᠡᠷ᠎ᠡ᠂ ᠠᠭᠠᠷ ᠳᠤᠨᠢ ᠵᠡᠯᠡᠯᠡᠭᠡ ᠳᠤᠤᠭᠤᠷᠤᠤ ᠭᠠᠯᠠᠭᠤᠨ᠂ ᠬᠠᠮᠢᠭ᠎ᠠ ᠨᠢ ᠴᠤ ᠥᠵᠡᠭ᠍ᠳᠡᠭᠡ ᠣᠯᠠᠨ ᠳᠦᠷᠤᠯ ᠤᠨ ᠶᠡᠭᠡ ᠪᠠᠭ᠎ᠠ ᠵᠢᠭᠦᠷᠳᠡᠨ ᠢ ᠭᠡᠨ ᠳᠤᠭᠠᠯᠠᠵᠤ ᠪᠠᠷᠠᠬᠤ ᠪᠣᠢ ᠭᠡᠨ᠎ᠡ ⁈ ᠭᠡᠨ ᠶᠠᠭᠠᠭᠢᠵᠤ ᠳᠠᠨᠢᠬᠤ ᠪᠣᠢ ᠭᠡᠨ᠎ᠡ ⁈ ᠢᠩᠭᠢᠭᠡᠳ ᠯᠠ ᠳᠠᠷᠠ ᠴᠠᠭ ᠲᠠᠭᠠᠨ ᠦᠯᠦᠨ ᠭᠦᠮᠦᠰ ᠤᠨ ᠬᠠᠢ᠌ᠰᠤ ᠳᠤᠰᠤᠯᠠᠵᠤ ᠠᠩᠴᠢᠨ ᠳᠤᠭᠠᠳᠤ ᠳᠤ ᠱᠠᠯᠠᠭᠳᠠᠵᠤ ᠶᠠᠪᠣᠭᠰᠠᠨ ᠠᠩ ᠠᠮᠢᠳᠠᠨ ᠤ ᠪᠠᠶᠠᠨ ᠳᠠᠯᠠᠢ ᠨᠢ ᠶᠠᠭᠤ ᠶᠠᠭᠠᠭᠢᠬᠤ ᠳᠠᠭᠠᠨ ᠴᠥᠭᠡᠷᠡᠭ᠍ᠰᠡᠨ ᠪᠣᠯᠬᠠᠢ ⁈ ᠳᠡᠳᠡᠭᠡᠷ ᠯᠠ ᠭᠦᠭᠡᠷᠦᠭᠦᠢ ᠠᠮᠢᠳᠠᠤᠨ ᠶᠢᠡᠨ ᠪᠦᠪᠠᠢ᠌ᠯᠠᠨ ᠥᠰᠭᠡᠵᠤ ᠰᠦᠷᠦᠭᠯᠡᠭᠦᠯᠤᠨ ᠥᠨᠢᠷᠵᠢᠭᠦᠯᠵᠤ ᠪᠠᠢ᠌ᠭᠰᠠᠨ ᠣᠢ ᠰᠢᠭᠤᠢ ᠨᠢ ᠶᠠᠭᠠᠭᠢᠴᠢᠪᠠ ⁈ ᠡᠨᠡ ᠨᠢ ᠨᠡᠢ᠌ᠭᠡᠮ ᠪᠠᠢ᠌ᠭᠠᠯᠢ ᠶᠢᠨ ᠡᠯᠳᠡᠪ ᠰᠢᠯᠳᠠᠭᠠᠨ ᠭᠢᠭᠡᠳ ᠭᠦᠮᠤᠨ ᠤ ᠬᠤᠭᠤᠷᠤᠠᠳᠠᠭᠢ ᠰᠢᠭᠤᠳ ᠪᠣᠶᠤ ᠳᠠᠮ ᠶᠢᠡᠷ ᠦᠯᠦ ᠵᠤᠭᠢᠴᠠᠯᠳᠤᠬᠤ ᠰᠢᠭ ᠬᠠᠷᠰᠢᠯᠳᠤᠬᠤ ᠭᠦᠨᠦᠭᠡᠯ ᠡᠴᠡ ᠪᠣᠯᠵᠤ ᠣᠨ ᠤ ᠣᠳᠠᠭᠠᠨ ᠳᠠᠭᠠᠨ ᠣᠢ ᠰᠢᠭᠤᠢ ᠳᠠᠢ᠌ᠷᠠᠭᠳᠠᠨ ᠵᠥᠭᠡᠭ᠍ᠳᠡᠵᠤ ᠯᠠ ᠴᠢᠯᠠᠪᠠ︕ ᠠᠩ ᠠᠮᠢᠳᠠᠨ ᠠᠩᠨᠠᠭᠳᠠᠨ ᠬᠤᠷᠤᠭᠤᠭᠳᠠᠵᠤ ᠴᠥᠭᠡᠷᠡᠪᠡ︕ ᠵᠠᠷᠢᠮ ᠵᠡᠷᠯᠢᠭ᠌ ᠠᠮᠢᠳᠠᠨ ᠣᠭ ᠳᠠᠰᠤᠷᠪᠠ᠂ ᠣᠷᠤᠩᠨᠠᠬᠤ ᠪᠠᠢ᠌ᠷᠢ ᠣᠷᠤᠰᠢᠬᠤ ᠭᠠᠵᠠᠷ ᠶᠢᠡᠨ ᠠᠯᠳᠠᠭᠰᠠᠨ ᠵᠠᠷᠢᠮ ᠭᠡᠰᠡᠭ᠌ ᠠᠩ ᠠᠷᠢᠶᠠᠳᠠᠨ ᠨᠢ ᠪᠠᠢ᠌ᠷᠠᠨ ᠭᠠᠵᠠᠷ ᠶᠢᠡᠨ ᠰᠤᠯᠢᠵᠤ ᠳᠡᠯᠡᠭᠡᠢ ᠶᠢᠨ ᠪᠠᠰᠠ ᠨᠢᠭᠡ ᠥᠡᠴᠦᠭ᠌ ᠪᠣᠯᠤᠩ ᠳᠤ ᠨᠡᠭᠦᠭᠡᠳ ᠶᠠᠪᠣᠭᠰᠠᠨ ᠪᠠᠢ᠌ᠨᠠᠮ᠃ ᠳᠡᠭᠡᠪᠠᠯ᠂ ᠭᠦᠭᠡᠷᠦᠭᠦᠢ ᠠᠯᠠᠭ ᠱᠠᠭᠠᠵᠠᠭᠠᠢ ᠮᠢᠨᠢ ᠴᠤᠬᠤᠮ ᠬᠠᠮᠢᠭ᠎ᠠ ᠣᠳᠤᠭᠰᠠᠨ ᠪᠣᠢ ⁈ ᠴᠢ ᠪᠢᠳᠠᠨ ᠡᠴᠡ ᠥᠨᠡᠭᠡᠷ ᠬᠤᠯᠵᠢᠵᠤ ᠶᠠᠪᠣᠭᠠᠤᠨ ᠦᠭᠡᠶ ᠪᠠᠢ᠌ᠬᠠᠢ ⁈

    ᠱᠠᠭᠠᠵᠠᠭᠠᠢ ᠰᠢᠪᠠᠭᠤᠨ ᠭᠡᠳᠡᠭ᠌ ᠴᠢᠨᠢ ᠰᠢᠪᠠᠭᠤᠨ ᠰᠢᠪᠠᠭᠤᠨ ᠳᠤᠳᠤᠷ᠎ᠠ ᠡᠴᠡ ᠢᠯᠡᠭᠦᠤ ᠠᠵᠢᠯᠴᠢ ᠰᠢᠪᠠᠭᠤᠨ ᠭᠡᠵᠤ ᠭᠡᠯᠡᠭ᠍ᠳᠡᠨ᠎ᠡ᠃ ᠦᠨᠡᠨ ᠳᠠᠢ᠌ᠮᠤ ᠊᠊᠊᠊᠊᠊᠊᠊᠊᠊᠊᠊᠊᠊᠊ ᠬᠠᠰᠢᠷ ᠱᠠᠭᠠᠵᠠᠭᠠᠢ ᠡᠭᠦᠷ ᠶᠢᠡᠷ ᠶᠢᠡᠨ ᠳᠠᠨᠢᠭᠳᠠᠨ᠎ᠠ ᠭᠡᠳᠡᠭ᠌ ᠥᠭᠡ ᠪᠠᠢ᠌ᠳᠠᠭ᠃ ᠳᠠᠷᠠ ᠡᠭᠦᠷ ᠶᠢᠡᠨ ᠪᠠᠷᠢᠬᠤ ᠳᠠᠭᠠᠨ ᠪᠠᠷᠭᠡ ᠣᠷᠠᠯᠢᠭ ᠭᠦᠷᠦᠵᠤ ᠭᠢᠳᠡᠭ᠌ ᠶᠤᠮ᠃ ᠳᠠᠷᠠ ᠶᠠᠷᠤ ᠨᠢ ᠦᠨᠳᠦᠷ ᠮᠤᠳᠤᠨ ᠤ ᠠᠴᠠ ᠰᠠᠯᠠᠭ᠎ᠠ ᠶᠢᠨ ᠪᠠᠭᠢᠯᠢᠭ᠌ ᠭᠡᠰᠡᠭ᠌ ᠢ ᠰᠤᠩᠭ᠋ᠤᠵᠤ ᠭᠡᠳᠤᠨ ᠶᠠᠳᠤᠨ ᠨᠠᠷᠢᠨ ᠨᠠᠷᠢᠨ ᠣᠬᠤᠷ ᠮᠤᠳᠤ ᠶᠢ ᠰᠤᠯᠪᠢᠨ ᠳᠠᠯᠪᠢᠵᠤ᠂ ᠳᠡᠭᠦᠨ ᠶᠢᠡᠨ ᠣᠷᠢᠶᠠᠩᠭ᠋ᠤᠢ ᠭᠢᠭᠡᠳ ᠣᠯᠤᠰᠤᠨ ᠤ ᠰᠢᠷᠭᠢᠭ᠍ᠯᠢᠭ᠌ ᠵᠤᠢᠯ ᠶᠢᠡᠷ ᠬᠤᠯᠪᠤᠨ ᠪᠠᠭᠯᠠᠵᠤ ᠣᠷᠭᠤᠭ᠎ᠠ ᠮᠤᠳᠤᠨ ᠤ ᠠᠴᠠ ᠪᠦᠷᠢ ᠲᠡᠶ ᠶᠠᠭ ᠳᠠᠭ ᠪᠣᠯᠳᠠᠯ᠎ᠠ ᠣᠶᠤᠵᠤ ᠭᠦᠯᠦᠭᠡᠳ ᠡᠭᠦᠷ ᠤᠨ ᠠᠩᠬᠠᠨ ᠤ ᠰᠠᠭᠤᠷᠢ ᠪᠣᠯᠭᠠᠨ᠎ᠠ᠃ ᠳᠠᠷᠠᠭ᠎ᠠ ᠨᠢ᠂ ᠨᠠᠷᠢᠨ ᠪᠣᠷᠠᠭ᠎ᠠ ᠭᠢᠭᠡᠳ ᠣᠶᠠᠨ ᠬᠠᠷᠢᠮᠠᠬᠠᠢ ᠮᠤᠳᠤᠯᠢᠭ ᠡᠳ᠋ ᠶᠢᠡᠷ ᠠᠷᠤᠭ ᠮᠠᠳᠤ ᠳᠤᠭᠤᠷᠠᠭᠤᠯᠤᠨ ᠰᠦᠯᠵᠢᠵᠤ᠂ ᠠᠮᠠ ᠨᠢ ᠪᠢᠴᠢᠬᠠᠨ ᠪᠦᠭᠡᠳ ᠡᠭᠦᠷ ᠤᠨ ᠳᠤᠳᠤᠷᠠᠭᠢ ᠶᠢ ᠭᠦᠡᠴᠡᠭ᠌ ᠭᠦᠡᠳᠡᠢ ᠪᠣᠯᠭᠠᠵᠤ ᠭᠦᠷᠤᠨ᠎ᠡ᠃ ᠬᠠᠰᠢᠷ ᠱᠠᠭᠠᠵᠠᠭᠠᠢ ᠶᠢᠨ ᠡᠭᠦᠷ ᠨᠢ ᠳᠡᠭᠡᠷ᠎ᠡ ᠪᠠᠨ ᠪᠠᠰᠠ ᠵᠢᠭᠠᠬᠠᠨ ᠰᠠᠷᠠᠪᠴᠢ ᠲᠡᠶ ᠪᠠᠢ᠌ᠳᠠᠭ᠂ ᠡᠨᠡ ᠨᠢ ᠪᠠᠷᠤᠭ ᠬᠤᠷ᠎ᠠ ᠪᠣᠷᠤᠭᠠᠨ ᠤ ᠣᠰᠤ᠂ ᠮᠦᠰᠤ ᠴᠠᠰᠤᠨ ᠤ ᠬᠠᠢ᠌ᠯ ᠤᠨ ᠳᠤᠰᠤᠯ ᠡᠴᠡ ᠰᠠᠷᠠᠮᠵᠢᠯᠠᠵᠤ ᠪᠠᠢ᠌ᠬᠤ ᠶᠢᠨ ᠣᠴᠢᠷ ᠪᠣᠯᠬᠠᠢ᠌ᠶᠤᠤ ⁈ ᠳᠠᠷᠠ ᠡᠭᠦᠷ ᠶᠢᠡᠨ ᠭᠦᠷᠦᠭᠦ ᠶᠢᠨ ᠳᠠᠭᠠᠤ ᠵᠥᠭᠡᠯᠡᠨ ᠡᠪᠠᠰᠤᠨ ᠤ ᠵᠣᠢ᠌ᠯ᠂ ᠣᠯᠤᠰᠤ ᠳᠦᠩᠭᠡ ᠶᠢᠨ ᠨᠠᠷᠢᠨ ᠰᠢᠷᠭᠢᠭ᠍ᠯᠢᠭ᠌ ᠭᠡᠰᠡᠭ᠌ ᠡᠴᠡ ᠣᠷᠠᠵᠤ ᠵᠥᠭᠡᠯᠡᠯᠡᠭᠡᠳ ᠭᠦᠷᠦᠯᠭᠡ ᠶᠢᠨ ᠶᠢᠡᠨ ᠵᠠᠢ ᠵᠠᠪᠰᠠᠷ ᠲᠤ ᠳᠠᠯᠪᠢᠬᠤ ᠮᠦᠷᠳᠡᠭᠡᠨ ᠬᠠᠳᠠᠬᠤ ᠳᠠᠭᠠᠨ ᠰᠠᠢ᠌ᠨ ᠨᠠᠩᠭᠢ ᠰᠢᠷᠤᠢ ᠵᠠᠭᠤᠷᠠᠵᠤ ᠠᠪᠴᠢᠷᠠᠭᠠᠤᠨ ᠬᠠᠮᠴᠠᠭᠤᠯᠤᠨ ᠭᠡᠷᠡᠭᠯᠡᠵᠤ᠂ ᠭᠦᠷᠦᠯᠭᠡ ᠶᠢᠨ ᠠᠭᠤᠯᠵᠠᠭᠤᠷ ᠭᠠᠵᠠᠷ ᠳᠤᠨᠢ ᠱᠠᠯᠳᠠᠵᠤ ᠬᠠᠳᠠᠭᠠᠨ᠎ᠠ᠃ ᠰᠡᠭᠦᠯ ᠳ᠋ᠤᠨᠢ ᠡᠭᠦᠷ ᠳᠤᠳᠤᠷ᠎ᠠ ᠪᠠᠨ ᠪᠠᠰᠠ ᠮᠤᠳᠤᠨ ᠪᠣᠶᠤ ᠣᠯᠤᠰᠤ ᠳᠦᠩᠭᠡ ᠶᠢᠨ ᠰᠢᠷᠭᠢᠭ᠍ᠯᠢᠭ᠌ ᠵᠣᠢ᠌ᠯ ᠢ ᠵᠥᠭᠡᠯᠡᠨ ᠶᠢᠡᠷ ᠣᠷᠠᠵᠤ ᠳᠡᠪᠢᠰᠦᠭᠡᠳ ᠡᠪᠦᠯ ᠤᠨ ᠭᠦᠢᠳᠡᠨ ᠳᠤ ᠪᠠᠶ᠎ᠠ ᠪᠠᠨ ᠣᠷᠢᠶᠠᠵᠤ ᠭᠡᠪᠳᠡᠭᠦ ᠳᠤ ᠪᠠᠯᠠᠨ ᠪᠣᠯᠭᠠᠨ᠎ᠠ᠃ ᠢᠩᠭᠢᠵᠤ ᠵᠠᠰᠠᠭᠰᠠᠨ ᠡᠭᠦᠷ ᠲᠡᠭᠡᠨ ᠳᠠᠷᠠ ᠶ‍ᠢᠰᠤ ᠶ‍ᠢᠰᠤᠨ ᠤ ᠳᠠᠴᠢᠭᠢᠨᠠᠭᠰᠠᠨ ᠭᠦᠢᠳᠡᠨ ᠲᠡᠶ ᠣᠷᠳᠤ ᠡᠪᠦᠯ ᠢ ᠠᠵᠢᠭ ᠦᠭᠡᠶ ᠳᠤᠯᠠᠭᠠᠬᠠᠨ ᠶᠢᠡᠷ ᠥᠩᠭᠡᠷᠡᠭᠡᠵᠤ ᠴᠢᠳᠠᠳᠠᠭ ᠪᠦᠭᠡᠳ ᠦᠷᠡᠵᠢᠭᠦ ᠴᠠᠭ ᠲᠠᠭᠠᠨ ᠥᠡᠳᠡᠭᠡ ᠪᠠᠨ ᠳᠦᠷᠤᠵᠤ ᠵᠤᠯᠵᠠᠭ᠎ᠠ ᠪᠠᠨ ᠳᠠᠷᠤᠭᠠᠤᠨ ᠦᠷ᠎ᠡ ᠬᠣᠢ᠌ᠴᠢᠰ ᠶᠢᠡᠨ ᠠᠮᠤᠷ ᠵᠢᠮᠤᠷ ᠠᠰᠠᠷᠠᠨ ᠥᠰᠭᠡᠨ᠎ᠡ᠃ ᠳᠡᠭᠡᠭᠦ ᠮᠦᠷᠳᠡᠭᠡᠨ ᠱᠠᠭᠠᠵᠠᠭᠠᠢ ᠰᠢᠪᠠᠭᠤᠨ ᠤ ᠡᠭᠦᠷ ᠨᠢ ᠬᠤᠷ᠎ᠠ ᠲᠡᠶ ᠵᠢᠯ ᠠᠮᠠ ᠨᠢ ᠣᠷᠤᠭᠤ ᠬᠠᠯᠠᠢ᠌ᠵᠤ᠂ ᠬᠠᠭᠤᠷᠠᠢ ᠵᠢᠯ ᠪᠣᠯ ᠡᠭᠦᠷ ᠤᠨ ᠠᠮᠠ ᠨᠢ ᠥᠭᠡᠳᠡ ᠪᠠᠨ ᠬᠠᠯᠠᠢ᠌ᠳᠠᠭ᠃ ᠡᠨᠡ ᠨᠢ ᠳᠠᠷᠤᠢ ᠵᠢᠯ ᠤᠨ ᠬᠤᠷ᠎ᠠ ᠪᠣᠷᠤᠭᠠᠨ ᠤ ᠪᠠᠢ᠌ᠳᠠᠯ ᠪᠠ ᠴᠠᠭ ᠠᠭᠤᠷ ᠤᠨ ᠰᠢᠠᠵᠢ ᠶᠢ ᠣᠷᠢᠳᠠᠪᠴᠢᠯᠠᠨ ᠠᠵᠢᠭᠯᠠᠵᠤ ᠠᠮᠢᠳᠤᠷᠠᠯ ᠤᠨ ᠣᠷᠤᠨ ᠰᠠᠭᠤᠴᠠ ᠪᠠᠨ ᠳᠤᠭᠢᠷᠠᠭᠤᠯᠳᠠᠭ ᠮᠡᠷᠭᠡᠨ ᠠᠮᠢᠳᠠᠨ ᠪᠣᠯᠬᠤ ᠨᠢ ᠭᠡᠷᠴᠢᠯᠡᠭ᠍ᠳᠡᠨ᠎ᠡ᠃ ᠭᠦᠮᠤᠨ ᠭᠢᠭᠡᠳ ᠠᠮᠢᠳᠠᠨ ᠤ ᠲᠦᠰᠢᠯᠴᠠᠯ ᠤᠨ ᠶᠤᠰᠤ ᠡᠴᠡ ᠥᠵᠡᠭᠦᠯ᠎ᠡ᠂ ᠭᠦᠷᠦᠯᠭᠡ ᠶᠢᠨ ᠡᠷᠳᠡᠮ ᠢ ᠭᠦᠮᠤᠨ ᠠᠩᠬ᠎ᠠ ᠱᠠᠭᠠᠵᠠᠭᠠᠢ ᠰᠢᠪᠠᠭᠤᠨ ᠡᠴᠡ ᠰᠤᠷᠤᠭᠰᠠᠨ ᠴᠤ ᠪᠣᠯᠬᠠᠢ᠌ᠶᠤᠤ ᠭᠡᠮᠡᠨ ᠰᠠᠨᠠᠭᠳᠠᠨ᠎ᠠ᠃ ᠥᠨᠡᠭᠡᠷ ᠴᠤ ᠳᠠᠢ᠌ᠮᠤ ᠪᠣᠯᠤᠯᠴᠠᠭ᠎ᠠ ᠪᠠᠢ᠌ᠨ᠎ᠠ᠂ ᠶᠠᠭᠤᠨ ᠳᠤ ᠭᠡᠭᠦᠯ᠎ᠡ ᠱᠠᠭᠠᠵᠠᠭᠠᠢ ᠰᠢᠪᠠᠭᠤᠨ ᠤ ᠣᠷᠠᠨ ᠮᠡᠷᠭᠡᠵᠢᠯ᠂ ᠰᠡᠷᠭᠦᠯᠡᠩ ᠳᠦᠷᠭᠦ᠂ ᠠᠵᠢᠯᠴᠢ ᠭᠦᠳᠡᠯᠮᠦᠷᠢᠴᠢ ᠪᠠᠢ᠌ᠳᠠᠯ ᠨᠢ ᠭᠦᠮᠦᠰ ᠢ ᠠᠯᠢ ᠡᠷᠳᠡ ᠡᠴᠡ ᠨᠥᠯᠦᠭᠡᠯᠡᠵᠤ ᠠᠮᠢᠳᠤᠷᠠᠯ ᠠᠬᠤᠢ ᠳ᠋ᠤᠨᠢ ᠤᠢ᠌ᠷ᠎ᠡ ᠣᠷᠤᠰᠢᠵᠤ ᠢᠷᠡᠭ᠍ᠰᠡᠨ ᠡᠴᠡ᠂ ᠱᠠᠭᠠᠵᠠᠭᠠᠢ ᠰᠢᠪᠠᠭᠤᠨ ᠤ ᠥᠯᠢᠭᠡᠷ ᠢ ᠭᠦᠮᠦᠰ ᠭᠡᠳᠦᠴᠢᠨᠡᠨ ᠵᠤᠬᠢᠶᠠᠨ ᠶᠠᠷᠢᠵᠤ ᠢᠷᠡᠭ᠍ᠰᠡᠨ ᠪᠣᠢ︖ ᠱᠠᠭᠠᠵᠠᠭᠠᠢ ᠰᠢᠪᠠᠭᠤᠨ ᠡᠴᠡ ᠭᠠᠷᠬᠤ ᠡᠮ ᠤᠨ ᠵᠣᠢ᠌ᠯ ᠢ ᠭᠦᠡᠳᠦᠳᠭᠡᠨ ᠰᠢᠳᠤᠵᠤ ᠢᠷᠡᠭ᠍ᠰᠡᠨ ᠪᠢᠰᠢᠤ︖ ᠱᠠᠭᠠᠵᠠᠭᠠᠢ ᠰᠢᠪᠠᠭᠤ ᠪᠠᠷ ᠰᠡᠳᠦᠪᠯᠡᠭ᠍ᠰᠡᠨ ᠠᠷᠠᠤᠨ ᠤᠨ ᠳᠠᠭᠤᠤ ᠶᠢ ᠶᠠᠭᠠᠭᠢᠵᠤ ᠳᠡᠭᠡᠵᠤ ᠳᠤᠷᠠᠳᠠᠢ ᠳᠠᠭᠤᠯᠠᠵᠤ ᠶᠠᠪᠣᠭᠰᠠᠨ ᠪᠣᠢ ⁈

    ᠱᠠᠭᠠᠵᠠᠭᠠᠢ ᠰᠢᠪᠠᠭᠤᠨ ᠴᠢᠨᠢ ᠨᠡᠭᠦᠳᠡᠯ ᠤᠨ ᠰᠢᠪᠠᠭᠤᠨ ᠪᠢᠰᠢ᠂ ᠳᠠᠷᠠ ᠴᠢᠨᠢ ᠦᠪᠡᠷ ᠤᠨ ᠨᠤᠳᠤᠭ ᠲᠠᠭᠠᠨ ᠣᠭ ᠡᠴᠠ ᠪᠠᠨ ᠠᠪᠣᠭᠠᠤᠨ ᠨᠤᠳᠤᠭᠰᠢᠵᠤ ᠢᠷᠡᠭ᠍ᠰᠡᠨ ᠪᠠᠢ᠌ᠷᠢᠨ ᠭᠠᠵᠠᠷ ᠤᠨ ᠰᠢᠪᠠᠭᠤᠨ ᠮᠦᠨ᠃ ᠣᠯᠠᠩᠭᠢ ᠳᠠᠭᠠᠨ ᠪᠣᠯ ᠣᠢ ᠰᠢᠭᠤᠢ ᠲᠡᠶ ᠭᠠᠵᠠᠷ ᠰᠠᠭᠤᠷᠢᠰᠢᠵᠤ ᠪᠠᠢ᠌ᠳᠠᠭ ᠮᠤᠳᠤᠨ ᠳᠤ ᠳᠤᠷᠠᠳᠠᠢ ᠰᠢᠪᠠᠭᠤᠨ ᠮᠦᠨ᠃ ᠭᠤᠤᠯᠳᠠᠵᠤ ᠡᠪᠠᠰᠤᠨ ᠤ ᠰᠠᠭᠠᠭ ᠦᠷ᠎ᠡ᠂ ᠦᠳᠦᠨ ᠬᠤᠷᠤᠬᠠᠢ᠂ ᠴᠠᠷᠴᠠᠬᠠᠢ ᠰᠢᠮᠠᠭᠤᠯ ᠣᠯᠵᠤ ᠢᠳᠡᠳᠡᠭ᠌ ᠳᠠᠷᠢᠶ᠎ᠠ ᠳᠠᠷᠢᠮᠠᠯ ᠤᠨ ᠳᠠᠢ᠌ᠰᠤᠨ ᠤ ᠳᠠᠷᠤᠩᠬ᠎ᠠ ᠰᠢᠪᠠᠭᠤᠨ ᠮᠦᠨ᠃ ᠳᠡᠭᠡᠴᠢᠭᠡᠳ ᠪᠠᠰᠠ᠂ ᠪᠠᠷᠠᠢ ᠭᠡᠷ ᠳᠡᠭᠡᠷ᠎ᠡ ᠳᠠᠯᠪᠢᠭᠰᠠᠨ ᠳᠠᠪᠢᠴᠠ ᠲᠡᠶ ᠬᠤᠷᠤᠰᠤ ᠡᠴᠡ ᠰᠢᠭᠦᠷᠡᠵᠤ ᠵᠤᠯᠠᠭᠠᠤᠨ ᠰᠠᠭᠠᠯᠢᠴᠢᠨ ᠪᠦᠰᠡᠭᠦᠢ ᠶᠢ ᠠᠭᠤᠷᠯᠠᠭᠤᠯᠳᠠᠭ 《ᠡᠯᠳᠡᠩ》 ᠰᠢᠪᠠᠭᠤᠨ ᠮᠦᠨ᠃ ᠰᠠᠷᠠᠪᠴᠢ ᠶᠢᠨ ᠳᠤᠤᠷ᠎ᠠ ᠠᠷᠭᠠᠮᠵᠢ ᠳᠠᠳᠠᠵᠤ ᠬᠠᠳᠠᠭᠠᠭᠰᠠᠨ ᠪᠣᠷᠴᠠ ᠮᠢᠬᠠᠨ ᠤ ᠥᠭᠡᠭᠦᠳᠡᠢ ᠭᠡᠰᠡᠭ᠌ ᠢ ᠬᠤᠯᠠᠭᠠᠢ ᠳᠡᠭᠦᠴᠢᠭᠡᠭᠡᠳ ᠬᠤᠨᠢᠴᠢᠨ ᠡᠪᠦᠭᠡᠨ ᠡᠴᠠ 《ᠰᠤᠷᠭᠠᠮᠵᠢ》 ᠭᠦᠷᠳᠡᠳᠡᠭ᠌ 《ᠮᠢᠬᠠᠴᠢᠨ ᠠᠯᠠᠭ ᠭᠠᠢ》 ᠰᠢᠪᠠᠭᠤᠨ ᠮᠦᠨ᠃ ᠠᠭᠢᠶᠠᠤᠨ ᠶᠠᠭᠤᠮᠠᠨ ᠪᠣᠢ︖ ᠱᠠᠭᠠᠵᠠᠭᠠᠢ ᠰᠢᠪᠠᠭᠤᠨ ᠳᠠᠯ᠎ᠠ ᠨᠤᠳᠤᠭ ᠤᠨ ᠲᠦᠮᠡᠨ ᠠᠷᠠᠤᠨ ᠲᠡᠶ ᠢᠵᠢᠯᠢ ᠳᠠᠰᠤᠯ ᠪᠣᠯᠤᠭᠰᠠᠨ ᠭᠦᠭᠡᠷᠦᠭᠦᠨ ᠰᠢᠪᠠᠭᠤᠨ ᠮᠦᠨ᠃ ᠡᠩᠭᠦᠷᠡᠢ ᠰᠢᠪᠠᠭᠤᠨ ᠮᠦᠨ︕

    ᠡᠵᠡᠨ ᠦᠭᠡᠶ ᠨᠢ ᠬᠤᠭᠤᠰᠤᠨ᠂ ᠡᠵᠡᠨ ᠲᠡᠶ ᠮᠡᠯᠮᠡᠭᠡᠷ ᠭᠡᠳᠡᠭ᠌ ᠥᠭᠡ ᠲᠡᠶ ᠠᠳᠠᠯᠢ ᠪᠠᠷ᠂ ᠱᠠᠭᠠᠵᠠᠭᠠᠢ ᠰᠢᠪᠠᠭᠤᠨ ᠦᠭᠡᠶ ᠪᠣᠯ ᠮᠤᠳᠤᠨ ᠡᠵᠡᠭᠦᠷᠡᠨ᠎ᠡ᠂ ᠮᠤᠳᠤᠨ ᠦᠭᠡᠶ ᠪᠣᠯ ᠨᠤᠳᠤᠭ ᠭᠦᠡᠳᠡᠢ᠌ᠷᠡᠨ᠎ᠡ᠃ ᠴᠠᠭ ᠤᠨ ᠰᠠᠢ᠌ᠬᠠᠨ ᠳᠦᠷᠤ ᠶᠢᠨ ᠳᠠᠭᠤᠳᠠᠯᠭ᠎ᠠ ᠪᠠᠷ ᠣᠳᠤ ᠮᠠᠨ ᠤ ᠨᠤᠳᠤᠭ ᠲᠤ ᠣᠢ ᠮᠤᠳᠤ ᠶᠢ ᠶᠡᠭᠡ ᠪᠠᠷ ᠳᠠᠷᠢᠬᠤ ᠦᠷᠨᠢᠯᠳᠠ ᠭᠠᠷᠴᠤ ᠪᠠᠢ᠌ᠨ᠎ᠠ᠃ ᠬᠤᠳᠠ ᠳᠤᠰᠬᠤᠨ ᠤ ᠳᠤᠭᠤᠷᠢᠨ ᠳᠤ ᠴᠤ ᠪᠣᠯᠤᠭ᠂ ᠬᠠᠭᠤᠴᠢᠨ ᠮᠤᠳᠤᠨ ᠤ ᠪᠠᠢ᠌ᠷᠢᠨ ᠳᠤ ᠴᠤ ᠪᠣᠯᠤᠭ᠂ ᠵᠠᠰᠠᠮᠠᠯ ᠵᠠᠮ ᠤᠨ ᠵᠠᠬ᠎ᠠ ᠪᠠᠷ ᠴᠤ ᠪᠣᠯᠤᠭ᠂ ᠵᠠᠭ ᠳᠡᠰᠭᠡᠨ᠎ᠡ ᠲᠡᠶ ᠭᠦᠡᠳᠡᠢ ᠪᠠᠷ ᠴᠤ ᠪᠣᠯᠤᠭ᠂ ᠬᠠᠶᠠᠭᠳᠠᠭᠰᠠᠨ ᠳᠠᠷᠢᠭ ᠤᠨ ᠭᠠᠵᠠᠷ ᠶᠢᠡᠷ ᠴᠤ ᠪᠣᠯᠤᠭ᠂ ᠬᠠᠷᠠᠵᠠ ᠪᠣᠯᠠᠭ ᠤᠨ ᠠᠳᠠᠭ ᠶᠢᠡᠷ ᠴᠤ ᠪᠣᠯᠤᠭ᠂ ᠣᠰᠤᠳᠠᠢ ᠯᠠ ᠭᠠᠵᠠᠷ ᠶᠢᠡᠷ ᠪᠣᠯ ᠵᠣᠢ᠌ᠯ ᠪᠦᠷᠢ ᠶᠢᠨ ᠮᠤᠳᠤ ᠳᠠᠷᠢᠵᠤ ᠪᠠᠢ᠌ᠨ᠎ᠠ᠃ ᠣᠰᠤ ᠦᠭᠡᠶ ᠭᠠᠵᠠᠷ ᠶᠢᠡᠷ ᠪᠣᠯ ᠣᠰᠤᠳᠠᠢ ᠭᠠᠵᠠᠷ ᠡᠴᠡ ᠣᠰᠤᠨ ᠬᠤᠭᠤᠯᠠᠢ ᠪᠠᠷ ᠣᠰᠤ ᠳᠠᠳᠠᠵᠤ ᠢᠷᠡᠭᠡᠳ ᠮᠤᠳᠤ ᠳᠠᠷᠢᠵᠤ ᠪᠠᠢ᠌ᠨ᠎ᠠ᠃ ᠬᠠᠭᠤᠷᠠᠢ ᠭᠠᠵᠠᠷ ᠪᠣᠯ ᠬᠤᠤᠠᠳᠤᠭ ᠮᠠᠯᠳᠠᠵᠤ ᠣᠰᠤ ᠬᠠᠭᠳᠠᠭᠤᠯᠤᠨ ᠭᠠᠷᠭᠠᠭᠠᠤᠨ ᠮᠤᠳᠤ ᠳᠠᠷᠢᠵᠤ ᠪᠠᠢ᠌ᠨ᠎ᠠ᠃ ᠦᠷᠭᠡᠨ ᠵᠡᠭᠦᠨᠭᠠᠷ ᠤᠨ ᠬᠤᠳᠤᠭᠤᠷ ᠶᠢᠡᠷ ᠵᠠᠯᠠᠭᠳᠠᠨ ᠥᠩᠭᠡᠷᠡᠭ᠍ᠰᠡᠨ ᠠᠯᠳᠠᠢ ᠨᠤᠳᠤᠭ ᠤᠨ ᠶᠡᠭᠡ ᠡᠷᠴᠢᠰ ᠤᠨ ᠭᠤᠤᠯ ᠤᠨ ᠳᠠᠳᠠᠮᠠᠯ ᠣᠰᠤ ᠴᠤ ᠮᠠᠨ ᠤ ᠨᠤᠳᠤᠭ ᠤᠨ ᠭᠤᠪᠢ ᠳᠤ ᠠᠮᠢᠯᠠᠯ ᠠᠪᠴᠢᠷᠠᠨ ᠨᠤᠭᠤᠭᠠᠷᠠᠯ ᠤᠨ ᠳᠡᠯᠡᠭᠡᠢ ᠶᠢ ᠪᠦᠳᠦᠭᠡᠵᠤ ᠴᠠᠬᠠᠳᠤ ᠶᠢᠨ ᠣᠷᠤᠨ ᠢ ᠴᠡᠴᠡᠭᠯᠡᠭᠦᠯᠵᠤ ᠪᠠᠢ᠌ᠨ᠎ᠠ᠃ ᠨᠠᠮᠤ ᠶᠢᠨ ᠭᠤᠤᠯ ᠤᠨ ᠣᠰᠤ ᠵᠡᠭᠦᠡᠰᠢ ᠵᠠᠯᠠᠭᠳᠠᠨ ᠡᠵᠡᠭᠦᠢ ᠬᠠᠯᠳᠠᠷ ᠭᠤᠪᠢ ᠭᠦᠡᠳᠡᠢ ᠶᠢ ᠣᠮᠳᠠᠯᠠᠬᠤ ᠪᠠᠷ ᠪᠠᠢ᠌ᠨ᠎ᠠ᠃ ᠡᠳᠡᠭᠡᠷ ᠮᠤᠳᠤ ᠡᠭᠡ ᠨᠤᠳᠤᠭ ᠤᠨ ᠮᠢᠨᠢ ᠪᠠᠢ᠌ᠭᠠᠯᠢ ᠶᠢᠨ ᠠᠮᠢ ᠠᠬᠤᠢ ᠶᠢ ᠣᠳᠠᠯ ᠦᠭᠡᠶ ᠠᠮᠢᠵᠢᠷᠠᠭᠤᠯᠤᠨ ᠰᠡᠷᠭᠦᠭᠡᠵᠤ ᠳᠠᠩᠰᠤᠭ ᠰᠠᠢ᠌ᠬᠠᠨ ᠨᠤᠭᠤᠭᠠᠨ ᠶ‍ᠢᠷᠳᠢᠠᠴᠤ ᠪᠣᠯᠭᠠᠬᠤ ᠶᠤᠮ᠃ ᠱᠠᠭᠠᠵᠠᠭᠠᠢ ᠰᠢᠪᠠᠭᠤᠨ ᠮᠢᠨᠢ ᠳᠠᠭᠢᠨ ᠪᠢᠳᠠᠨ ᠤ ᠪᠠᠨ ᠳᠡᠷᠭᠡᠳᠡ ᠪᠣᠴᠠᠵᠤ ᠢᠷᠡᠭᠡᠳ ᠥᠭᠡᠷ᠎ᠡ ᠠᠳᠠᠯᠢᠬᠠᠨ ᠵᠠᠶᠠᠭᠠᠳᠠᠢ ᠠᠩ ᠠᠮᠢᠳᠠᠨ ᠵᠢᠭᠦᠷᠳᠡᠨ ᠳᠦᠷᠤᠯᠳᠠᠨ ᠲᠡᠶ ᠪᠠᠨ ᠬᠠᠮᠳᠤ ᠡ᠊ᠨᠳᠡ ᠵᠢᠷᠭᠠᠬᠤ ᠶᠤᠮ᠃ ᠳᠠᠷᠠ ᠳᠡᠭᠡᠭᠡᠳ ᠦᠦ︖ ᠠᠢ᠌ᠯ ᠤᠨ ᠬᠡᠦᠬᠡᠳ ᠢ ᠱᠤᠤᠭᠢᠭᠤᠯᠤᠨ ᠭᠦᠯ ᠭᠦᠭ᠍ᠵᠢᠭᠡ ᠡᠭᠦᠰᠭᠡᠭᠡᠳ᠂ ᠨᠤᠳᠤᠭ ᠤᠨ ᠪᠣᠭᠤᠷᠤᠯᠴᠤᠳ ᠢ ᠳᠤᠷᠭᠢᠭᠤᠯᠤᠨ ᠰᠥ᠋ ᠰᠠᠴᠤᠭᠤᠯᠤᠨ ᠢᠷᠦᠭᠡᠯᠭᠡᠭᠡᠳ᠂ ᠰᠠᠭᠯᠠᠭᠠᠷ ᠮᠤᠳᠤᠨ ᠤ ᠣᠷᠤᠢ ᠳᠡᠭᠡᠷ᠎ᠡ ᠵᠢᠩᠭ᠋ᠠᠷ ᠤᠨ ᠭᠡᠯᠡ ᠪᠠᠷ ᠱᠠᠭᠳᠠᠨᠠᠨ ᠮᠥᠩᠭᠡᠷᠡᠭᠦ ᠶᠤᠮ︕

    ᠱᠠᠭᠠᠵᠠᠭᠠᠢ ᠰᠢᠪᠠᠭᠤᠨ ᠶᠢᠡᠨ ᠵᠠᠯᠠᠵᠤ ᠢᠷᠡᠭᠦᠯᠰᠦᠭᠡᠢ︕

    ᠬᠤᠷᠤᠢ᠂ ᠬᠤᠷᠤᠢ᠂ ᠬᠤᠷᠤᠢ︕

  


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 12998
ᠴᠠᠭ᠄ 2010 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ